ᠵᠠᠷᠤᠳ ᠬᠤᠰᠢᠭᠤ ᠨᠡᠬᠦᠷᠡᠰᠦ ᠴᠠᠬᠢᠯᠭᠠᠨ ᠬᠦᠡᠭᠭᠡᠨᠴᠠᠭᠠᠨ ᠵᠢᠴᠢ ᠬᠦᠡᠭᠭᠡᠨᠴᠠᠭᠠᠨ ᠤ ᠰᠢᠨ᠎ᠠ ᠮᠠᠲ᠋ᠧᠷᠢᠶᠠᠯ ᠤᠨ | ᠦᠢᠯᠡᠳᠪᠦᠷᠢᠯᠡᠯ ᠤᠨ ᠰᠠᠭᠤᠷᠢᠨ ᠭᠠᠵᠡᠷ ᠤᠨ ᠪᠦᠳᠦᠭᠡᠨ ᠪᠠᠶᠢᠭᠤᠯᠤᠯᠳᠡ ᠪᠠᠨ ᠲᠦᠷᠭᠡᠳᠭᠡᠵᠦ ᠪᠠᠶᠢᠨ᠎ᠠ᠃ 2017 | ᠤᠨ ᠳᠤ᠂ 62 ᠳ᠋ᠦᠡᠭᠰᠢᠭᠤᠷ ᠲᠦᠭᠦᠷᠢᠭ ᠪᠡᠯᠡ ᠤᠷᠤᠭᠤᠯᠤᠬᠰᠡᠨ ᠬᠤᠤᠯᠢᠩᠭᠤᠤᠯ ᠤᠨ ᠨᠡᠭᠦᠷᠡᠰᠦᠨ ᠤ ᠬᠤᠩ | ᠵᠢᠶᠦ᠋ᠨ ᠭᠤᠷᠪᠠᠳᠤᠭᠠᠷ ᠬᠤᠭᠤᠴᠠᠭᠠᠨ ᠤ ᠴᠠᠬᠢᠯᠭᠠᠨ ᠵᠠᠳᠠᠯᠬᠤ ᠬᠦᠡᠭᠭᠡᠨᠴᠠᠭᠠᠨ ᠤ ᠦᠢᠯᠡᠳᠪᠦᠷᠢᠯᠡᠯ ᠤᠨ ᠲᠦᠷᠦᠯ | ᠵᠦᠢᠯ ᠢ ᠪᠠᠶᠢᠭᠤᠯᠵᠦ ᠲᠠᠭᠤᠰᠬᠠᠨ ᠠᠰᠢᠬᠯᠡᠯᠳᠡ ᠳᠤ ᠤᠷᠤᠭᠤᠯᠵᠦ᠂ ᠭᠤᠸᠠᠩ ᠲᠠᠢ᠂ ᠶᠢᠨ ᠾᠧ᠂ ᠴᠤᠤ ᠶᠢᠨ᠂ | ᠶᠤᠸᠠᠨ ᠳ᠋ᠦᠩ᠂ ᠲᠢᠶᠡᠨ ᠱᠦᠸᠧ 5 ᠬᠦᠡᠭᠭᠡᠨᠴᠠᠭᠠᠨ ᠤ ᠵᠠᠯᠭᠠᠮᠵᠢ ᠦᠢᠯᠡᠳᠬᠦᠨ ᠢ ᠪᠤᠯᠪᠠᠰᠤᠷᠠᠭᠤᠯᠬᠤ ᠠᠵᠦ | ᠠᠬᠤᠢᠢᠯᠡᠯ ᠵᠠᠯᠭ᠎ᠠ ᠪᠠᠷ ᠡᠵᠡᠩᠨᠡᠯᠳᠡ ᠳᠤ ᠤᠷᠤᠵᠦ᠂ ᠨᠡᠬᠦᠷᠡᠰᠦ ᠪᠠᠷ ᠴᠠᠬᠢᠯᠭᠠᠨ ᠭᠠᠷᠭᠠᠬᠤ᠂ ᠴᠠᠬᠢᠯᠭᠠᠨ ᠢᠶᠠᠷ | ᠬᠦᠡᠭᠭᠡᠨᠴᠠᠭᠠᠨ ᠪᠤᠯᠪᠠᠰᠤᠷᠠᠭᠤᠯᠬᠤ᠂ ᠬᠦᠡᠭᠭᠡᠴᠠᠭᠠᠨ ᠢᠶᠠᠷ ᠴᠠᠬᠢᠯᠭᠠᠨ ᠢ ᠲᠠᠶᠢᠴᠢᠯᠡᠨ ᠲᠠᠭᠠᠭᠤᠯᠬᠤ᠂ ᠴᠠᠬᠢᠯᠭᠠᠨ ᠢᠶᠠᠷ | ᠨᠡᠭᠦᠷᠡᠰᠦ ᠶᠢ ᠠᠬᠢᠭᠤᠯᠬᠤ ᠡᠷᠬᠢᠯᠳᠡᠳᠦ ᠠᠵᠦ ᠠᠬᠤᠢ ᠶᠢᠨ ᠵᠢᠱᠢᠶ᠎ᠠ ᠦᠵᠡᠬᠦᠯᠬᠦ ᠨᠦᠯᠦᠭᠡᠯᠡᠯ ᠢ ᠪᠦᠬᠦ ᠲᠠᠯ᠎ᠠ ᠪᠠᠷ | ᠢᠯᠡᠷᠡᠬᠦᠯᠵᠦ᠂ ᠦᠢᠯᠡᠳᠬᠦᠨ ᠤ ᠭᠠᠷᠤᠯᠳᠡ ᠨᠢ ᠶᠡᠭᠡ ᠬᠡᠮᠵᠢᠶ᠎ᠠ ᠪᠠᠷ ᠲᠡᠭᠡᠭᠰᠢᠯᠡᠵᠦ᠂ ᠲᠦᠬᠦᠬᠡᠢ ᠨᠡᠭᠦᠷᠡᠰᠦ ᠶᠢ | 2000 ᠲᠦᠮᠡᠨ ᠲᠤᠨ᠂ ᠴᠠᠬᠢᠯᠭᠠᠨ ᠬᠦᠴᠦ ᠪᠠᠷ ᠮᠠᠰᠢᠨ ᠤᠬᠰᠠᠷᠠᠬᠤ ᠶᠢ 165 ᠲᠦᠮᠡᠨ ᠺᠢᠯᠦᠸᠠᠲ᠂ | ᠴᠠᠬᠢᠯᠭᠠᠨ ᠢᠶᠠᠷ ᠬᠦᠡᠭᠭᠡᠨᠴᠠᠭᠠᠨ ᠢ ᠵᠠᠳᠠᠯᠬᠤ ᠶᠢ 38 ᠲᠦᠮᠡᠨ ᠲᠤᠨ᠂ ᠬᠦᠡᠭᠭᠡᠨᠴᠠᠭᠠᠨ ᠤ ᠵᠠᠯᠭᠠᠮᠵᠢ ᠶᠢ | ᠪᠤᠯᠪᠠᠰᠤᠷᠠᠭᠤᠯᠬᠤ ᠶᠢ 85 ᠲᠦᠮᠡᠨ ᠲᠤᠨ ᠤ ᠦᠢᠯᠡᠳᠪᠦᠷᠢᠯᠡᠯ ᠤᠨ ᠴᠢᠳᠠᠪᠬᠢ ᠶᠢ ᠪᠦᠷᠢᠯᠳᠦᠬᠦᠯᠪᠡ᠃ ᠡᠨᠡ ᠵᠢᠯ᠂ | ᠲᠤᠰ ᠬᠤᠰᠢᠭᠤ ᠵᠠᠬᠠᠨᠠᠭᠤᠷ ᠤᠨ ᠤᠯᠡᠨ ᠴᠢᠳᠡᠪᠬᠢᠳᠦ ᠬᠠᠷᠢᠯᠴᠡᠨ ᠨᠦᠬᠦᠪᠦᠷᠢᠯᠡᠵᠦ ᠡᠷᠴᠢᠮᠵᠢᠬᠦᠯᠤᠨ | ᠰᠢᠯᠢᠳᠡᠭᠵᠢᠬᠦᠯᠵᠤ ᠵᠢᠱᠢᠶ᠎ᠠ ᠦᠵᠡᠬᠦᠯᠬᠦ ᠢᠨᠵᠧᠨᠧᠷᠢᠩ ᠢ 5 ᠲᠦᠮᠡᠨ ᠺᠢᠯᠦᠸᠠᠲ ᠪᠠ 2 ᠲᠦᠮᠡᠨ ᠺᠢᠯᠦᠸᠠᠲ ᠤᠨ | ᠡᠨᠧᠷᠬᠢ ᠬᠠᠳᠠᠭᠠᠯᠠᠬᠤ ᠲᠦᠷᠦᠯ ᠵᠦᠢᠯ ᠢ ᠠᠵᠢᠯ ᠡᠬᠢᠯᠡᠬᠦᠯᠵᠦ᠂ ᠵᠠᠬᠠᠨᠠᠭᠤᠷ ᠤᠨ ᠬᠦᠩᠭᠡᠨᠴᠠᠭᠠᠨ ᠤ ᠬᠤᠶᠠᠳᠤᠭᠠᠷ | ᠬᠤᠭᠤᠴᠠᠭᠠᠨ ᠤ 43 ᠲᠦᠮᠡᠨ ᠲᠤᠨ ᠴᠠᠬᠢᠯᠭᠠᠨ ᠢᠶᠠᠷ ᠬᠦᠡᠭᠭᠡᠨᠴᠠᠭᠠᠨ ᠵᠠᠳᠠᠯᠬᠤ ᠲᠦᠷᠦᠯ ᠵᠦᠢᠯ ᠢ ᠡᠬᠢᠯᠡᠬᠦᠯᠵᠦ᠂ | ᠶᠤᠸᠠᠨ ᠳ᠋ᠦᠩ ᠬᠦᠡᠭᠭᠡᠨᠴᠠᠭᠠᠨ ᠤ ᠦᠢᠯᠡᠰ ᠤᠨ ᠬᠤᠶᠠᠳᠤᠭᠠᠷ ᠬᠤᠭᠤᠴᠠᠭᠠᠨ ᠤ 5 ᠲᠦᠮᠡᠨ ᠲᠤᠨ ᠤ | ᠬᠦᠡᠭᠭᠡᠨᠴᠠᠭᠠᠨ ᠤ ᠮᠠᠲ᠋ᠧᠷᠢᠶᠠᠯ ᠤᠨ ᠲᠦᠷᠦᠯ ᠵᠦᠢᠯ ᠢ ᠠᠵᠢᠯ ᠡᠬᠢᠯᠡᠬᠦᠯᠤᠨ ᠪᠦᠳᠦᠭᠡᠨ ᠪᠠᠶᠢᠭᠤᠯᠬᠤ ᠪᠠᠷ ᠴᠢᠷᠮᠠᠶᠢᠵᠤ | ᠪᠠᠶᠢᠨ᠎ᠠ᠃ |