ᠠᠳᠤᠭᠤᠨ ᠰᠤᠶᠤᠯ ᠢᠶᠠᠨ ᠭᠠᠮᠨᠠᠵᠦ ᠶᠠᠪᠤᠭ᠎ᠠ ᠳᠤᠬᠢ ᠮᠠᠯᠴᠢᠨ
ᠨᠡᠶᠢᠲᠡᠯᠡᠭᠰᠡᠨ ᠴᠠᠭ᠄
2019/10/14
               ᠊᠊᠊᠊᠊᠊᠊ ᠵᠠᠷᠤᠳ ᠬᠤᠰᠢᠭᠤᠨ ᠤ ᠠᠷᠤ ᠬᠦᠨᠳᠡᠯᠡᠨ ᠪᠠᠯᠭᠠᠰᠤ ᠶᠢᠨ                ᠪᠠᠷᠠᠭᠤᠨ ᠪᠠᠶᠠᠨᠴᠠᠭᠠᠨ ᠭᠠᠴᠠᠭᠠᠨ ᠤ ᠮᠠᠯᠴᠢᠨ ᠷᠢᠨᠴᠢᠨᠨᠢᠮ᠎ᠠ ᠶᠢ ᠲᠡᠮᠳᠡᠭᠯᠡᠪᠡ
         ᠷᠢᠨᠴᠢᠨᠨᠢᠮ᠎ᠠ ᠶᠢᠨ ᠬᠢ ᠭᠡᠭᠴᠢ ᠠᠷᠦ ᠬᠦᠨᠳᠡᠯᠡᠨ ᠰᠤᠮᠤ ᠶᠢᠨ ᠪᠠᠷᠠᠭᠤᠨ ᠪᠠᠶᠠᠨᠴᠠᠭᠠᠨ ᠭᠠᠴᠠᠭᠠᠨ ᠤ ᠰᠠᠭᠤᠷᠢᠰᠢᠯ ᠠᠴᠠ ᠵᠡᠬᠦᠨᠰᠢ ᠬᠡᠳᠦᠬᠡᠨ ᠭᠠᠵᠠᠷ ᠤᠨ ᠵᠠᠢ ᠳᠠᠬᠢ ᠨᠠᠮᠬᠠᠨ ᠰᠢᠬ ᠬᠤᠶᠠᠷ ᠠᠭᠤᠯᠠᠨ ᠤ ᠬᠦᠨᠳᠡᠢ ᠳᠤ ᠰᠠᠯᠵᠦ ᠰᠠᠭᠤᠷᠢᠰᠢᠭᠰᠠᠨ ᠠᠶᠢᠯ ᠪᠠᠶᠢᠪᠠ᠃ ᠭᠡᠷ ᠠᠴᠠ ᠨᠢ ᠳᠡᠮᠡᠢ ᠬᠤᠯᠠ ᠦᠬᠡᠢ ᠴᠦᠬᠡᠪᠦᠷᠢ ᠬᠡᠳᠦᠨ ᠤᠨᠠᠭ᠎ᠠ ᠭᠡᠬᠦᠦ ᠢᠳᠡᠰᠢᠯᠡᠵᠦ ᠪᠠᠶᠢᠭᠰᠠᠨ ᠪᠦᠬᠡᠳ ᠤᠶᠠᠭᠠᠨ ᠳᠡᠭᠡᠷ᠎ᠡ ᠨᠢ ᠬᠤᠶᠠᠷ ᠰᠠᠶᠢᠬᠠᠨ ᠵᠢᠰᠦᠨ ᠤ ᠬᠡᠬᠡᠷ᠎ᠡ ᠮᠤᠷᠢ ᠲᠤᠯᠤᠭᠠᠢ ᠪᠠᠷ ᠢᠶᠠᠨ ᠨᠠᠭᠠᠳᠤᠨ ᠢᠯᠠᠭᠠᠷᠬᠠᠵᠦ ᠪᠠᠶᠢᠪᠠ᠃ ᠨᠡᠩ ᠢᠯᠠᠩᠭᠤᠶ᠎ᠠ ᠭᠡᠷ ᠤᠨ ᠡᠬᠦᠳᠡᠨ ᠳᠠᠬᠢ ᠦᠨᠡᠰᠦᠨ ᠤᠪᠤᠭ᠎ᠠ ᠳᠡᠭᠡᠷ᠎ᠡ ᠨᠢ ᠭᠤᠷᠪᠠᠨ ᠲᠡᠮᠡᠭᠡ ᠬᠡᠪᠲᠡᠵᠦ ᠪᠠᠶᠢᠭᠰᠠᠨ ᠨᠢ ᠶᠠᠭᠠᠬᠢᠬᠤ ᠶᠢᠨ ᠠᠷᠭ᠎ᠠ ᠦᠬᠡᠢ ᠪᠢᠳᠡᠨ ᠤ ᠠᠩᠬᠠᠷᠤᠯ ᠢ ᠲᠠᠲᠠᠵᠠᠢ᠃ ᠨᠤᠲᠤᠭ ᠢᠶᠠᠷ ᠮᠢᠨᠢ ᠶᠡᠭᠡ ᠴᠦᠬᠡᠨ ᠬᠠᠷᠠᠭᠳᠠᠳᠠᠭ ᠪᠤᠯᠤᠭᠰᠠᠨ ᠲᠠᠪᠤᠨ ᠬᠤᠰᠢᠭᠤ ᠮᠠᠯ ᠤᠨ ᠮᠢᠨᠢ ᠨᠢᠬᠡ ᠲᠡᠮᠡᠭᠡ ᠭᠡᠭᠴᠢ ᠰᠠᠶᠢᠬᠠᠨ ᠠᠮᠢᠳᠠᠨ ᠢ ᠤᠯᠵᠦ ᠬᠠᠷᠠᠭᠰᠠᠨ ᠳᠠᠭᠠᠨ ᠪᠢᠳᠡ ᠪᠦᠷ ᠳᠠᠭᠤ ᠠᠯᠳᠠᠨ ᠪᠠᠶᠠᠷᠯᠠᠪᠠ      ᠭᠠᠳᠠᠷ ᠭᠡᠷ ᠤᠨ ᠬᠢᠨᠢ ᠡᠬᠦᠳᠡ ᠶᠢ ᠨᠢ ᠠᠯᠬᠤᠨ ᠤᠷᠤᠬᠤ ᠳᠤ ᠡᠮᠡᠭᠡᠯ᠂ ᠬᠠᠵᠠᠭᠠᠷ᠂ ᠴᠢᠳᠦᠷ᠂ ᠮᠢᠯᠠᠭ᠎ᠠ ᠮᠡᠲᠦ ᠶᠢᠨ ᠮᠤᠷᠢᠨ ᠤ ᠡᠳ᠋ᠯᠡᠯ ᠭᠡᠷᠡᠭᠰᠡᠯ ᠤᠳ ᠳᠡᠯᠭᠡᠨ ᠦᠵᠡᠬᠦᠯᠦᠯᠬᠡ ᠶᠢᠨ ᠲᠢᠩᠭᠢᠮ ᠳᠤ ᠤᠷᠤᠭᠰᠠᠨ ᠰᠢᠬ ᠵᠢᠭᠳᠡᠷᠡᠨ ᠬᠠᠷᠠᠭᠳᠠᠵᠦ᠂ ᠳᠤᠲᠤᠷ ᠭᠡᠷ ᠤᠨ ᠢᠶᠠᠨ ᠬᠠᠨ᠎ᠠ ᠪᠤᠯᠭᠠᠨ ᠳᠤᠨᠢ ᠮᠤᠷᠢ ᠲᠡᠮᠡᠬᠡᠨ ᠤ ᠵᠢᠷᠤᠭ ᠰᠡᠬᠦᠳᠡᠷ ᠢ ᠲᠦᠬᠦᠷᠲᠡᠯ᠎ᠡ ᠡᠯᠬᠦᠵᠡᠢ᠃ ᠵᠠᠷᠢᠮ ᠨᠢ ᠢᠰᠡᠭᠡᠢ ᠳᠡᠭᠡᠷ᠎ᠡ ᠵᠢᠷᠤᠭᠰᠠᠨ ᠵᠢᠷᠤᠭ᠂ ᠵᠠᠷᠢᠮ ᠨᠢ ᠷᠢᠨᠴᠢᠨᠨᠢᠮ᠎ᠠ ᠦᠪᠡᠷ ᠤᠨ ᠢᠶᠠᠨ ᠮᠤᠷᠢ ᠪᠤᠶᠤ ᠲᠡᠮᠡᠭᠡ ᠤᠨᠤᠭᠰᠠᠨ ᠰᠡᠬᠦᠳᠡᠷ ᠢᠶᠠᠨ ᠲᠤᠮᠤᠷᠠᠭᠤᠯᠵᠦ ᠵᠢᠶᠠᠰᠠᠨ ᠳᠤ ᠬᠢᠵᠦ ᠡᠯᠬᠦᠵᠡᠢ᠃ ᠬᠤᠶᠢᠳᠦ ᠬᠠᠨ᠎ᠠ ᠳᠡᠭᠡᠷᠡᠬᠢ ︽ᠰᠠᠷᠲᠠᠭᠤᠯ ᠠᠳᠤᠭᠤ ᠲᠡᠵᠢᠬᠡᠬᠦ ᠨᠡᠶᠢᠭᠡᠮᠯᠢᠭ︾ ᠭᠡᠬᠦ ᠫᠠᠶᠢᠰᠠ ᠢᠯᠡᠷᠭᠡᠶᠢᠯᠡᠯ ᠳᠤᠷᠠᠶᠢᠵᠦ ᠬᠠᠷᠠᠭᠳᠠᠬᠤ ᠨᠢ ᠪᠢᠳᠡᠨ ᠤ ᠠᠩᠬᠠᠷᠤᠯ ᠢ ᠮᠠᠰᠢ ᠶᠡᠭᠡ ᠲᠠᠲᠠᠵᠠᠢ᠃ ᠲᠡᠳᠡᠭᠡᠷ ᠵᠢᠷᠤᠭ ᠰᠡᠬᠦᠳᠡᠷ ᠤᠳ ᠡᠨᠡ ᠭᠡᠷ ᠤᠨ ᠬᠦᠮᠦᠰ ᠤᠨ ᠠᠳᠤᠭᠤᠨ ᠰᠤᠶᠤᠯ ᠳᠤ ᠠᠷᠭ᠎ᠠ ᠦᠬᠡᠢ ᠶᠡᠭᠡ ᠬᠠᠶᠢᠷᠠᠲᠠᠢ ᠪᠤᠯᠬᠤ ᠶᠢ ᠰᠢᠭᠤᠳ ᠦᠵᠡᠬᠦᠯᠵᠦ ᠪᠠᠶᠢᠯ᠎ᠠ᠃      ︽ᠮᠠᠨᠠᠶᠢᠬᠢᠨ ᠪᠤᠯ ᠳᠦᠷᠪᠡᠨ ᠦᠶ᠎ᠡ ᠪᠠᠷ ᠢᠶᠠᠨ ᠠᠳᠤᠭᠤ ᠲᠡᠵᠢᠬᠡᠵᠦ ᠢᠷᠡᠭᠰᠡᠨ ᠤᠯᠤᠰ ᠡ᠂ ᠤᠪᠤᠭ ᠮᠢᠨᠢ ᠴᠤ ᠰᠠᠷᠲᠠᠭᠤᠯ᠂ ᠮᠤᠷᠢᠨ ᠤ ᠤᠪᠤᠭ ᠲᠠᠢ᠂ ᠤᠳᠤ ᠮᠠ ᠤᠪᠤᠭ ᠢᠶᠠᠷ ᠶᠠᠪᠤᠵᠦ ᠪᠠᠶᠢᠨ᠎ᠠ︾ ᠭᠡᠵᠦ ᠷᠢᠨᠴᠢᠨᠨᠢᠮ᠎ᠠ ᠭᠤᠸᠠᠢ ᠶᠢᠨ ᠦᠬᠡᠨ ᠤ ᠤᠭᠤᠲᠠ ᠨᠡᠬᠡᠬᠡᠭᠳᠡᠵᠠᠢ᠃ ᠷᠢᠨᠴᠢᠨᠨᠢᠮ᠎ᠠ ᠭᠤᠸᠠᠢ ᠶᠢᠨ ᠲᠦᠷᠦᠭᠰᠡᠨ ᠨᠤᠲᠤᠭ ᠨᠢ ᠤᠳᠤ ᠶᠢᠨ ᠵᠠᠷᠤᠳ ᠬᠤᠰᠢᠭᠤᠨ ᠤ ᠪᠠᠶᠠᠷᠲᠤᠬᠤᠰᠢᠭᠤ ᠪᠠᠯᠭᠠᠰᠤ ᠶᠢᠨ ᠲᠦᠪᠰᠢᠨ ᠭᠠᠴᠠᠭ᠎ᠠ ᠪᠠᠶᠢᠵᠦ᠂ 1984 ᠤᠨ ᠳᠤ ᠪᠠᠷᠠᠭᠤᠨ ᠪᠠᠶᠠᠨᠴᠠᠭᠠᠨ ᠭᠠᠴᠠᠭᠠᠨ ᠳᠤ ᠨᠡᠬᠦᠵᠦ ᠢᠷᠡᠵᠡᠢ᠃ ᠲᠡᠷᠡ ᠦᠶ᠎ᠡ ᠳᠤ ᠳᠦᠷᠪᠡ ᠲᠠᠪᠤᠨ ᠭᠡᠬᠦᠦ᠂ ᠤᠨᠠᠭ᠎ᠠ ᠳᠠᠭ᠎ᠠ ᠲᠠᠢ ᠨᠡᠶᠢᠯᠡᠬᠡᠳ ᠠᠷᠪᠠᠭᠠᠳ ᠮᠤᠷᠢ ᠲᠠᠢ ᠪᠠᠶᠢᠭᠰᠠᠨ ᠭᠡᠳᠡᠭ ᠪᠢᠯᠠ᠃     ᠷᠢᠨᠴᠢᠨᠨᠢᠮ᠎ᠠ ᠶᠢᠨ ᠬᠤᠪᠢ ᠳᠤ ᠠᠪᠴᠦ ᠬᠡᠯᠡᠪᠡᠯ ᠪᠠᠭ᠎ᠠ ᠠᠴᠠ ᠪᠠᠨ ᠮᠤᠷᠢᠨ ᠳᠤ ᠬᠤᠷᠤᠬᠠᠢ ᠲᠠᠢ ᠦᠰᠴᠡᠢ᠃ ᠶᠢᠰᠦᠬᠡᠨ ᠨᠠᠰᠤᠨ ᠠᠴᠠ ᠪᠠᠨ ᠡᠬᠢᠯᠡᠵᠦ ᠠᠳᠤᠭᠤᠴᠢᠨ ᠨᠠᠷ ᠤᠨ ᠬᠤᠶᠢᠨ᠎ᠠ ᠠᠴᠠ ᠡᠮᠡᠭᠡᠯ ᠡᠬᠦᠷᠴᠦ ᠬᠦᠶᠦᠭᠰᠡᠨ ᠠᠴᠠ ᠪᠠᠨ ᠡᠬᠢᠯᠡᠵᠦ ᠠᠳᠤᠭᠤ ᠮᠠᠯ ᠲᠠᠢ ᠨᠤᠴᠤᠯᠳᠤᠬᠤ ᠠᠴᠠ ᠦᠬᠡᠷ᠎ᠡ ᠠᠵᠢᠯ ᠢ ᠪᠠᠷᠤᠭ ᠬᠢᠭᠰᠡᠨ ᠦᠬᠡᠢ ᠃ ︽ᠮᠤᠷᠢ ᠤᠨᠤᠬᠤ ᠭᠡᠪᠡᠯ ᠶᠠᠭᠠᠬᠢᠭᠠᠳ ᠲᠡᠶᠢᠮᠦ ᠳᠤᠷᠠᠲᠠᠢ ᠶᠢ ᠪᠤᠤ ᠮᠡᠳᠡ᠂ ᠲᠦᠪᠰᠢᠨ ᠠᠴᠠ ᠠᠮᠰᠠᠷ ᠤᠨ ᠠᠶᠢᠯ ᠬᠦᠷᠲᠠᠯᠠᠬᠢ ᠬᠤᠷᠢᠭᠠᠳ ᠭᠠᠵᠠᠷ ᠤᠨ ᠦᠵᠦᠬᠦᠷ ᠲᠤ ᠡᠮᠡᠭᠡᠯ ᠢᠶᠠᠨ ᠡᠬᠦᠷᠦᠭᠡᠳ ᠤᠴᠢᠴᠢᠬᠠᠨ᠎ᠠ᠃ ᠠᠳᠤᠭᠤᠴᠢᠳ ᠠᠴᠠ ᠨᠠᠮᠠᠢᠢ ᠦᠷᠦ ᠡᠪᠡᠳᠦᠭᠰᠡᠨ ᠨᠢᠬᠡ ᠨᠢ ᠨᠠᠳᠠ ᠨᠢᠬᠡ ᠮᠤᠷᠢ ᠪᠠᠷᠢᠵᠦ ᠦᠭᠭᠦᠭᠰᠡᠭᠡᠷ ᠪᠢ ᠲᠡᠳᠡᠨᠡᠷ ᠢ ᠬᠠᠮᠵᠢᠵᠦ ᠠᠳᠤᠭᠤ ᠶᠢ ᠨᠢ ᠬᠤᠷᠢᠶᠠᠵᠦ ᠦᠭᠭᠦᠨ᠎ᠡ᠃ ᠲᠡᠷᠡ ᠦᠶ᠎ᠡ ᠳᠤ ᠲᠡᠬᠦᠨ ᠠᠴᠠ ᠦᠬᠡᠷ᠎ᠡ ᠪᠠᠶᠠᠷ ᠵᠢᠷᠭᠠᠯ ᠲᠠᠢ ᠰᠠᠨᠠᠭᠳᠠᠬᠤ ᠶᠠᠪᠤᠳᠠᠯ ᠭᠡᠵᠦ ᠠᠯᠠᠭ᠎ᠠ ᠡ᠃ ᠰᠡᠬᠦᠯ ᠳᠤᠨᠢ ᠠᠷᠪᠠᠨ ᠬᠡᠳᠦ ᠬᠦᠷᠦᠭᠡᠳ ᠬᠠᠭᠠᠰ ᠬᠦᠳᠡᠯᠮᠦᠷᠢ ᠬᠦᠴᠦᠨ ᠤ ᠠᠵᠢᠯ ᠬᠤᠪᠢᠶᠠᠬᠤ ᠳᠤ ᠪᠠᠷᠢᠭᠠᠲᠠ ᠶᠢᠨ ᠳᠠᠷᠤᠭ᠎ᠠ ᠪᠠᠨ ᠡᠷᠢᠵᠦ ᠤᠴᠢᠭᠠᠳ ︿ᠨᠠᠳᠠ ᠮᠤᠷᠢ ᠲᠠᠢ ᠬᠠᠮᠢᠶᠠᠲᠠᠬᠤ ᠠᠵᠢᠯ ᠬᠤᠪᠢᠶᠠᠵᠦ ᠦᠭᠬᠦ ᠪᠤᠯᠪᠡᠦ︖﹀ ᠭᠡᠵᠦ ᠭᠤᠶᠤᠨ᠎ᠠ᠃ ᠲᠡᠭᠡᠵᠦ ᠯᠠ ᠪᠤᠭᠤ ᠲᠡᠵᠢᠭᠡᠵᠦ ᠪᠠᠶᠢᠬᠤ ᠳᠤ ᠨᠦᠷ᠎ᠡ ᠪᠠᠷᠢᠬᠤ ᠠᠵᠢᠯ᠂ ᠠᠳᠤᠭᠤ ᠮᠠᠯ ᠬᠠᠷᠢᠭᠤᠯᠬᠤ ᠠᠵᠢᠯ ᠤᠯᠵᠦ ᠲᠤᠩ ᠪᠠᠶᠠᠷᠯᠠᠨ᠎ᠠ᠃ ᠬᠠᠮᠤᠭ ᠨᠠᠭᠠᠳᠤ ᠵᠠᠬ᠎ᠠ ᠳᠠᠭᠠᠨ ᠮᠤᠷᠢᠨ ᠲᠡᠷᠭᠡ ᠶᠢ ᠴᠤ ᠳᠠᠭᠠᠭᠠᠳ ᠶᠠᠪᠤᠨ᠎ᠠ᠃ ᠦᠬᠡᠷ᠎ᠡ ᠠᠵᠢᠯ ᠢ ᠪᠤᠯ ᠶᠠᠭ ᠬᠢᠬᠦ ᠳᠤᠷ᠎ᠠ ᠦᠬᠡᠢ ᠪᠠᠶᠢᠭᠰᠠᠨ ᠳ᠋ᠠ︾ ᠭᠡᠵᠦ ᠦᠪᠡᠷ ᠤᠨ ᠠᠳᠤᠭᠤᠨ ᠳᠤ ᠬᠠᠶᠢᠷᠠᠲᠠᠢ ᠦᠰᠦᠭᠰᠡᠨ ᠲᠤᠬᠠᠢ ᠪᠠᠨ ᠶᠠᠷᠢᠵᠦ ᠦᠭᠴᠡᠢ᠃     ︽1981 ᠤᠨ ᠳᠤ ᠨᠡᠶᠢᠲᠡ ᠶᠢᠨ ᠬᠢ ᠶᠢ ᠡᠷᠦᠭᠡ ᠳᠤ ᠬᠤᠪᠢᠶᠠᠬᠤ ᠳᠤ ᠤᠳᠤ ᠶᠢᠨ ᠪᠠᠶᠠᠷᠲᠤᠬᠤᠰᠢᠭᠤ ᠪᠤᠯᠤᠨ ᠠᠷᠤ ᠬᠦᠨᠳᠡᠯᠡᠨ ᠬᠤᠶᠠᠷ ᠪᠠᠯᠭᠠᠰᠤ ᠶᠢᠨ ᠠᠳᠤᠭᠤ ᠨᠡᠶᠢᠲᠡ 300 ᠬᠦᠷᠴᠦ ᠪᠠᠶᠢᠭᠰᠠᠨ ᠭᠡᠳᠡᠭ ᠶᠤᠮ ᠡ᠃ ᠨᠠᠶᠠᠭᠠᠳ ᠤᠨ ᠤ ᠦᠶ᠎ᠡ ᠳᠤ ᠴᠢᠨ᠋ᠸ᠎ᠠ ᠠᠷᠪᠢᠨ ᠪᠠᠶᠢᠭᠰᠠᠨ ᠢᠶᠠᠷ ᠮᠠᠨ ᠤ ᠤᠯᠠᠩᠭᠢ ᠮᠠᠯᠴᠢᠳ ᠲᠦᠯ ᠤᠯᠬᠤ ᠳᠤ ᠶᠡᠭᠡ ᠬᠦᠴᠢᠷᠲᠡᠢ ᠪᠠᠶᠢᠵᠠᠢ᠃ 1985 ᠤᠨ ᠳᠤ ᠴᠠᠰᠤ ᠶᠡᠭᠡ ᠤᠷᠤᠵᠦ᠂ ᠦᠬᠡᠷ ᠵᠢᠯ ᠤᠨ ᠲᠡᠮᠦᠷ ᠵᠤᠳ ᠭᠡᠭᠳᠡᠭᠰᠡᠨ ᠢᠶᠠᠷ ᠴᠢᠨ᠋ᠸ᠎ᠠ ᠡᠯᠳᠡᠩ ᠪᠤᠯᠵᠦ ᠠᠳᠤᠭᠤ ᠶᠡᠭᠡ ᠬᠤᠷᠤᠭᠳᠠᠵᠠᠢ᠃ ᠶᠠᠭ ᠲᠡᠷᠡ ᠵᠢᠯ ᠮᠠᠨ ᠤ ᠳᠡᠭᠡᠳᠦ ᠠᠴᠠ ᠤᠯᠠᠮᠵᠢᠯᠠᠵᠦ ᠢᠷᠡᠭᠰᠡᠨ ᠤᠷᠭ᠎ᠠ ᠶᠢᠨ ᠬᠡᠬᠦᠦ ᠪᠠᠨ ᠴᠤ ᠴᠢᠨ᠋᠊ ᠤᠠ᠋ ᠳᠤ ᠪᠠᠷᠢᠭᠤᠯᠵᠦ᠂ ᠭᠠᠭᠴᠠᠬᠠᠨ ᠬᠡᠬᠦᠦ ᠦᠯᠡᠳᠡᠵᠡᠢ᠃ ᠡᠬᠦᠨ ᠤ ᠳᠡᠭᠡᠷ᠎ᠡ ᠲᠤᠰᠬᠠᠢ ᠠᠳᠤᠭᠤᠴᠢᠨ ᠭᠡᠬᠦ ᠬᠦᠮᠦᠨ ᠴᠤ ᠦᠬᠡᠢ ᠪᠤᠯᠵᠦ᠂ ᠬᠤᠤᠯᠢᠩᠭᠤᠤᠯ ᠳᠤ ᠪᠡᠯᠴᠢᠬᠡᠷᠯᠡᠵᠦ ᠶᠠᠪᠤᠭᠰᠠᠨ ᠠᠳᠤᠭᠤᠨ ᠤ ᠪᠠᠨ ᠬᠤᠶᠢᠨ᠎ᠠ ᠠᠴᠠ ᠬᠠᠶᠠ ᠬᠠᠶᠠ ᠠᠳᠤᠭᠤᠨ ᠳᠤ ᠪᠠᠭ᠋ᠠᠲᠠᠢ ᠨᠢᠬᠡ ᠬᠤᠶᠠᠷ ᠬᠦᠮᠦᠨ ᠯᠠ ᠶᠠᠪᠤᠵᠦ ᠪᠠᠶᠢᠭᠰᠠᠠ ᠠᠴᠠ ᠠᠳᠤᠭᠤ ᠶᠡᠭᠡᠪᠡᠷ ᠬᠤᠷᠤᠭᠳᠠᠵᠦ᠂ 1997 ᠤᠨ ᠪᠤᠯᠬᠤ ᠳᠤ ᠠᠳᠤᠭᠤ ᠨᠡᠯᠢᠶᠡᠳ ᠪᠠᠷᠠᠭᠳᠠᠵᠦ ᠪᠠᠶᠠᠷᠲᠤᠬᠤᠰᠢᠭᠤ᠂ ᠠᠷᠤ ᠬᠦᠨᠳᠡᠯᠡᠨ ᠪᠦᠬᠦᠳᠡᠭᠡᠷ ᠢᠶᠠᠨ ᠪᠠᠷᠤᠭ ᠠᠳᠤᠭᠤ ᠤᠰᠠᠳᠬᠤ ᠰᠢᠬᠠᠮ ᠪᠤᠯᠵᠦ᠂ ᠮᠠᠯ ᠤᠨ ᠲᠤᠭ᠎ᠠ ᠠᠪᠬᠤ ᠳᠤ ᠠᠳᠤᠭᠤᠨ ᠤ ᠲᠤᠭ᠎ᠠ ᠶᠢ ᠲᠡᠮᠲᠡᠭᠯᠡᠬᠦ ᠪᠠᠨ ᠪᠠᠶᠢᠴᠢᠬᠠᠵᠠᠢ᠃ ᠪᠢ ᠲᠡᠭᠡᠵᠦ ᠯᠠ ᠤᠰᠠᠳᠬᠤ ᠠᠶᠤᠯᠲᠠᠢ ᠪᠤᠯᠤᠭᠰᠠᠨ ᠠᠳᠤᠭᠤ ᠪᠠᠨ ᠲᠡᠷᠡ ᠵᠢᠯ ᠠᠴᠠ ᠡᠬᠢᠯᠡᠵᠦ ᠦᠰᠭᠡᠬᠦ ᠪᠠᠷ ᠵᠤᠷᠢᠭ ᠰᠢᠭᠤᠳᠤᠭᠰᠠᠨ ᠶᠤᠮ ᠳ᠋ᠠ᠃ ᠦᠪᠡᠷ ᠢᠶᠠᠨ ᠬᠤᠶᠠᠷ ᠭᠡᠬᠦᠦ ᠪᠠᠶᠢᠭᠰᠠᠨ ᠤ ᠪᠠᠨ ᠳᠡᠭᠡᠷ᠎ᠡ ᠪᠠᠰᠠ ᠦᠬᠡᠷ ᠬᠤᠨᠢ ᠪᠠᠨ ᠬᠤᠳᠠᠯᠳᠤᠵᠦ ᠪᠠᠶᠢᠭᠠᠳ ᠠᠳᠤᠭᠤ ᠬᠤᠳᠠᠯᠳᠤᠵᠦ ᠠᠪᠴᠦ ᠡᠬᠢᠯᠡᠵᠡᠢ᠃ 2005 ᠤᠨ ᠤ ᠦᠶ᠎ᠡ ᠪᠠᠷ ᠪᠦᠬᠦ ᠭᠠᠵᠠᠷ ᠨᠤᠲᠤᠭ ᠢ ᠪᠦᠷ ᠡᠷᠦᠬᠡ ᠳᠤ ᠬᠤᠪᠢᠶᠠᠵᠦ᠂ ᠬᠤᠪᠢ ᠬᠤᠪᠢ ᠪᠠᠷ ᠢᠶᠠᠨ ᠬᠦᠷᠢᠶᠡᠯᠡᠵᠦ ᠬᠠᠮᠠᠭᠠᠯᠠᠭᠰᠠᠨ ᠠᠴᠠ ᠡᠬᠢᠯᠡᠵᠦ᠂ ᠮᠠᠨ ᠤ ᠨᠤᠲᠤᠭ ᠤᠨ ᠠᠳᠤᠭᠤ ᠴᠤ ᠦᠨᠢᠷ ᠦᠰᠴᠦ᠂ ᠤᠳᠤᠬᠠᠨ ᠳᠤ ᠨᠢᠬᠡᠨᠲᠡ ᠬᠤᠶᠠᠷ ᠪᠠᠯᠭᠠᠰᠤ ᠪᠠᠷ ᠢᠶᠠᠨ ᠨᠡᠶᠢᠯᠡᠭᠡᠳ 2000 ᠭᠠᠷᠤᠢ ᠠᠳᠤᠭᠤ ᠲᠠᠢ ᠪᠤᠯᠴᠢᠬᠠᠭᠰᠠᠨ ᠰᠢᠦ︾ ᠭᠡᠵᠦ ᠶᠡᠭᠡ ᠯᠠ ᠪᠠᠶᠠᠷᠲᠠᠢ ᠬᠡᠯᠡᠬᠦ ᠷᠢᠨᠴᠢᠨᠨᠢᠮ᠎ᠠ ᠤᠳᠤ ᠨᠢᠬᠡᠨᠲᠡ ᠦᠪᠡᠷ ᠢᠶᠠᠨ 256 ᠠᠳᠤᠭᠤ ᠲᠠᠢ ᠪᠤᠯᠵᠠᠢ᠃      ︽ᠮᠠᠯ ᠲᠡᠵᠢᠬᠡᠬᠦ ᠭᠡᠳᠡᠭ ᠪᠡᠯᠴᠢᠬᠡᠷ ᠡᠪᠡᠰᠦ ᠦᠬᠡᠢ ᠪᠤᠯ ᠭᠤᠷᠢ ᠦᠬᠡᠢ ᠭᠡᠷᠡᠭ᠃ ᠲᠠᠪᠤᠨ ᠵᠢᠯ ᠤᠨ ᠡᠮᠦᠨ᠎ᠡ ᠪᠤᠯᠲᠠᠯ᠎ᠠ ᠠᠳᠤᠭᠤ ᠪᠠᠨ ᠪᠢ ᠬᠠᠨ ᠠᠭᠤᠯᠠᠨ ᠳᠤ ᠳᠤᠷ᠎ᠠ ᠪᠠᠷ ᠢᠶᠠᠨ ᠪᠡᠯᠴᠢᠬᠡᠵᠦ ᠪᠠᠶᠢᠭᠰᠠᠨ᠂ ᠰᠡᠬᠦᠯᠡᠷ ᠨᠢ ᠶᠤᠰᠤ ᠴᠢᠩᠭᠠᠷᠠᠵᠦ᠂ ᠬᠠᠮᠠᠭᠠᠯᠠᠯᠲᠠ ᠶᠢᠨ ᠤᠷᠤᠨ ᠳᠤ ᠤᠷᠤᠭᠤᠯᠵᠦ ᠪᠤᠯᠬᠤ ᠦᠬᠡᠢ ᠪᠤᠯᠤᠭᠰᠠᠨ ᠠᠴᠠ ᠪᠤᠰᠤᠳ ᠠᠴᠠ ᠪᠡᠯᠴᠢᠬᠡᠷ ᠬᠤᠳᠠᠯᠳᠤᠨ ᠠᠪᠴᠦ ᠠᠷᠭᠠᠴᠠᠭᠠᠳ ᠶᠠᠭ ᠪᠦᠲᠦᠨ ᠲᠠᠪᠤᠨ ᠵᠢᠯ ᠪᠤᠯᠵᠦ ᠪᠠᠶᠢᠨ᠎ᠠ᠃ ᠶᠠᠭ ᠮᠦᠨ ᠲᠡᠷᠡ ᠵᠢᠯ ᠠᠴᠠ ᠡᠬᠢᠯᠡᠵᠦ ᠪᠡᠯᠴᠢᠬᠡᠷ ᠮᠠᠭᠤᠳᠠᠵᠦ ᠠᠷᠭ᠎ᠠ ᠦᠬᠡᠢ ᠪᠠᠶᠢᠳᠠᠯ ᠳᠤᠤᠷ᠎ᠠ ᠦᠪᠡᠷ ᠤᠨ 400 ᠬᠤᠨᠢ ᠪᠠᠨ ᠦᠯᠡᠳᠡᠭᠡᠵᠦ᠂ 100 ᠢᠮᠠᠭ᠎ᠠ ᠪᠠᠨ ᠬᠤᠳᠠᠯᠳᠤᠵᠠᠢ᠃ ᠲᠡᠭᠡᠬᠦ ᠳᠤ ᠤᠭᠵᠢᠵᠦ ᠪᠠᠶᠢᠭᠰᠠᠨ ᠬᠤᠶᠠᠷ ᠢᠮᠠᠭ᠎ᠠ ᠪᠠᠨ ᠮᠠᠨ ᠤ ᠡᠬᠡᠨᠡᠷ ᠡᠷᠬᠢᠬᠦᠯᠦᠭᠡᠳ ᠬᠦᠲᠦᠯᠦᠬᠡᠳ ᠠᠪᠤᠭᠠᠳ ᠢᠷᠡᠴᠢᠬᠡᠵᠡᠢ᠃ ᠨᠢᠬᠡᠮᠦᠰᠦᠨ ᠲᠠᠰᠴᠢᠬᠠᠭᠰᠠᠨ ᠠᠴᠠ ᠬᠤᠳᠠᠯᠳᠤᠵᠦ ᠲᠦᠪᠳᠡᠬᠦ ᠦᠬᠡᠢ ᠶᠤᠮ ᠭᠡᠨ᠎ᠡ᠃ ᠲᠡᠭᠡᠭᠡᠳ ᠪᠢ ᠮᠦᠨ ᠲᠡᠷᠡ ᠵᠢᠯ ᠨᠢ ᠲᠠᠪᠤᠨ ᠬᠤᠰᠢᠭᠤ ᠮᠠᠯ ᠢ ᠪᠦᠷᠢᠨ ᠪᠤᠯᠭᠠᠬᠤ ᠭᠡᠵᠦ ᠬᠦᠯᠦᠨ ᠪᠤᠶᠢᠷ ᠤᠨ ᠰᠢᠨ᠎ᠠ ᠪᠠᠷᠭᠤ ᠵᠡᠬᠦᠨ ᠬᠤᠰᠢᠭᠤᠨ ᠠᠴᠠ ᠨᠢᠬᠡ ᠪᠤᠲᠤᠭᠤ ᠲᠠᠢ ᠲᠡᠮᠡᠭᠡ ᠂ ᠪᠠᠰᠠ ᠨᠢᠬᠡ ᠪᠤᠤᠷ᠎ᠠ ᠲᠠᠢ ᠨᠡᠶᠢᠲᠡ ᠭᠤᠷᠪᠠᠨ ᠲᠡᠮᠡᠭᠡ ᠬᠤᠳᠠᠯᠳᠤᠨ ᠠᠪᠴᠢᠷᠠᠵᠠᠢ︾ ᠭᠡᠵᠦ ᠲᠠᠪᠤᠨ ᠬᠤᠰᠢᠭᠤ ᠮᠠᠯ ᠢ ᠪᠦᠷᠢᠨᠰᠢᠬᠦᠯᠦᠭᠰᠡᠨ ᠦᠯᠢᠬᠡᠷ ᠢᠶᠠᠨ ᠪᠠᠶᠠᠷᠲᠠᠢ ᠶᠠᠷᠢᠬᠤ ᠷᠢᠨᠴᠢᠨᠨᠢᠮ᠎ᠠ ᠶᠢᠨ ᠬᠢ ᠤᠳᠤ 200 ᠭᠠᠷᠤᠢ ᠠᠳᠤᠭᠤ ᠂ 160 ᠭᠠᠷᠤᠢ ᠦᠬᠡᠷ᠂ 400 ᠭᠠᠷᠤᠢ ᠬᠤᠨᠢ᠂ 7 ᠢᠮᠠᠭ᠎ᠠ᠂ 3 ᠲᠡᠮᠡᠭᠡ ᠲᠠᠢ ᠲᠠᠩᠰᠤᠭ ᠲᠠᠪᠠᠲᠠᠢ ᠠᠮᠢᠳᠤᠷᠠᠵᠦ ᠪᠠᠶᠢᠨ᠎ᠠ᠃       ᠮᠤᠷᠢ ᠲᠡᠮᠡᠭᠡᠨ ᠤ ᠤᠷᠤᠯᠳᠤᠭᠠᠨ ᠭᠡᠵᠦ ᠬᠡᠯᠡᠬᠦᠯᠡᠷ ᠤᠷᠮ᠎ᠠ ᠨᠢ ᠰᠡᠷᠬᠦᠵᠦ ᠨᠢᠳᠦ ᠨᠢ ᠬᠢᠯᠠᠯᠵᠠᠳᠠᠭ ᠬᠦᠮᠦᠨ ᠤ ᠨᠢᠬᠡ ᠨᠢ ᠷᠢᠨᠴᠢᠨᠨᠢᠮ᠎ᠠ ᠭᠤᠸᠠᠢ ᠪᠠᠶᠢᠵᠠᠢ᠃ ᠤᠴᠢᠷ ᠨᠢ ᠲᠡᠷᠡ ᠵᠦᠪᠬᠡᠨ ᠠᠳᠤᠭᠤᠨ ᠤ ᠪᠠᠨ ᠲᠤᠭ᠎ᠠ ᠨᠤᠷᠮ᠎ᠠ ᠶᠢ ᠬᠦᠭᠡᠭᠡᠴᠡᠯᠳᠦᠳᠡᠭ ᠪᠤᠰᠤ᠂ ᠬᠠᠷᠢᠨ ᠦᠪᠡᠷ ᠤᠨ ᠬᠢᠨᠢ ᠲᠡᠵᠢᠭᠡᠭᠰᠡᠨ ᠠᠭᠲᠠ ᠮᠤᠷᠢ ᠠᠳᠠᠨ ᠳᠡᠮᠡᠭᠡ ᠬᠤᠶᠠᠷ ᠨᠢ ᠦᠪᠡᠷ ᠤᠨ ᠬᠢᠨᠢ ᠨᠡᠷ᠎ᠡ ᠶᠢ ᠪᠤᠰᠤ᠂ ᠨᠤᠲᠤᠭ ᠤᠨ ᠬᠢᠨᠢ ᠠᠯᠳᠠᠷ ᠢ ᠡᠷᠬᠦᠵᠦ ᠶᠠᠪᠤᠬᠤ ᠶᠢ ᠶᠠᠭᠤᠨ ᠠᠴᠠ ᠴᠤ ᠢᠯᠡᠬᠦᠦ ᠬᠦᠰᠡᠮᠵᠢᠯᠡᠳᠡᠭ᠃ ︽1984 ᠤᠨ ᠤ ᠦᠶ᠎ᠡ ᠪᠠᠷ ᠪᠢ ᠨᠢᠬᠡ ᠬᠤᠷᠳᠤᠨ ᠤᠯᠠᠭᠠᠨ ᠮᠤᠷᠢ ᠲᠠᠢ ᠪᠠᠶᠢᠭᠰᠠᠨ᠂ ᠲᠡᠷᠡ ᠮᠤᠷᠢ ᠮᠢᠨᠢ ᠤᠰᠤ ᠤᠤᠭᠤᠭᠰᠠᠨ ᠤ ᠳᠠᠷᠠᠭ᠎ᠠ ᠬᠦᠶᠦᠭᠡᠳ ᠪᠠᠰᠠ ᠲᠡᠷᠢᠬᠦᠨ ᠠᠪᠴᠦ ᠪᠠᠶᠢᠭᠰᠠᠨ᠃ ᠤᠳᠤ ᠶᠢᠨ ᠮᠤᠷᠢᠳ ᠪᠤᠯ ᠭᠡᠷᠬᠢᠪᠡᠴᠦ ᠳᠡᠶᠢᠯᠬᠦ ᠶᠤᠮ ᠪᠢᠰᠢ ᠡ᠃ ᠲᠡᠷᠡ ᠦᠶ᠎ᠡ ᠳᠤ ᠮᠢᠨᠦ ᠲᠡᠷᠡ ᠤᠯᠠᠭᠠᠨ ᠮᠤᠷᠢ ᠮᠠᠨ ᠤ ᠭᠠᠵᠠᠷ ᠤᠷᠤᠨ ᠤ ᠪᠠᠨ ᠮᠤᠷᠢᠨ ᠤ ᠬᠤᠷᠳᠤᠴᠠ ᠶᠢᠨ ᠲᠡᠮᠲᠡᠭᠯᠡᠯ ᠢ ᠡᠭᠦᠳᠴᠦ᠂ ᠤᠷᠤᠯᠳᠤᠭᠠᠨ ᠪᠤᠯᠭᠠᠨ ᠳᠤ ᠲᠠᠰᠤᠷᠠᠬᠠᠢ ᠬᠤᠯᠠ ᠲᠡᠷᠢᠬᠦᠯᠡᠵᠦ ᠪᠠᠶᠢᠭᠰᠠᠨ᠃ ᠤᠯᠠᠭᠠᠨ ᠮᠤᠷᠢᠨ ᠤ ᠪᠠᠨ ᠰᠠᠶᠢᠨ ᠢᠶᠠᠷ ᠪᠢ ᠴᠢᠨᠢ ᠪᠠᠰᠠ ᠨᠠᠶᠢᠷ ᠤᠨ ᠲᠠᠶᠢᠰᠠᠨ ᠳᠤ ᠤᠯᠠᠨ ᠤᠳᠠᠭ᠎ᠠ ᠵᠠᠯᠠᠭᠳᠠᠵᠦ ᠰᠠᠭᠤᠭᠰᠠᠨ ᠰᠢᠦ︾ ᠭᠡᠵᠦ ᠠᠮᠠ ᠪᠠᠨ ᠬᠠᠮᠬᠢᠵᠦ ᠴᠢᠳᠠᠬᠤ ᠦᠬᠡᠢ ᠪᠠᠶᠠᠷᠯᠠᠵᠦ ᠪᠠᠶᠢᠭᠰᠠᠨ ᠢᠶᠠᠨ ︽1992 ᠤᠨ ᠤ 4 ᠰᠠᠷ᠎ᠠ ᠳᠤ ᠭᠤᠸᠠᠩᠵᠸᠦ ᠬᠤᠲᠠ ᠳᠤ ᠶᠠᠪᠤᠭᠳᠠᠭᠰᠠᠨ ᠳᠤᠮᠳᠠᠳᠤ ᠶᠢᠨ ᠮᠤᠷᠢᠨ ᠸᠠᠩ ᠤᠨ ᠰᠠᠭᠤᠷᠢᠨ ᠢ ᠲᠡᠮᠡᠴᠡᠬᠦ ᠤᠷᠤᠯᠳᠤᠭᠠᠨ ᠳᠤ ᠮᠢᠨᠦ ᠲᠡᠷᠡ ᠤᠯᠠᠭᠠᠨ ᠮᠤᠷᠢ ᠶᠢ ᠰᠤᠩᠭᠤᠨ ᠤᠷᠤᠯᠴᠠᠭᠤᠯᠬᠤ ᠪᠠᠷ ᠬᠤᠰᠢᠭᠤ ᠪᠤᠯᠤᠨ ᠬᠤᠲᠠ ᠶᠢᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠦᠮᠦᠰ ᠪᠦᠷ ᠡᠷᠢᠵᠦ ᠢᠷᠡᠭᠰᠡᠨ᠃ ᠭᠡᠲᠡᠯ᠎ᠡ ᠪᠢ ᠲᠡᠳᠡᠨ ᠤ ᠬᠡᠯᠡᠭᠰᠡᠨ ︿ᠲᠡᠷᠭᠡ ᠪᠠᠷ ᠲᠡᠭᠡᠭᠡᠵᠦ ᠠᠪᠠᠴᠢᠭᠠᠳ ᠲᠡᠮᠦᠷ ᠵᠢᠶᠠᠰᠠᠨ ᠳᠤ ᠬᠢᠵᠦ᠂ ᠲᠤᠭᠲᠠᠭᠰᠠᠨ ᠲᠠᠯᠠᠪᠠᠢ ᠳᠤ ᠤᠷᠤᠯᠳᠤᠭᠤᠯᠬᠤ﹀ ᠵᠡᠷᠭᠡ ᠦᠬᠡᠨ ᠤ ᠬᠢᠨᠢ ᠤᠴᠢᠷ ᠤᠬᠠᠭᠠᠨ ᠢ ᠨᠢ ᠤᠯᠤᠭᠰᠠᠨ ᠦᠬᠡᠢ ᠪᠤᠯᠬᠤᠷ ᠮᠤᠷᠢ ᠶᠢ ᠮᠢᠨᠢ ᠦᠬᠡᠶᠢᠬᠢᠬᠦ ᠠᠴᠠ ᠠᠶᠤᠭᠠᠳ ᠭᠠᠷ ᠢᠶᠠᠨ ᠰᠠᠵᠢᠭᠠᠳ ᠬᠦᠯᠢᠶᠡᠭᠰᠡᠨ ᠦᠬᠡᠢ᠃ ᠪᠤᠳᠤᠪᠠᠯ ᠬᠦᠳᠡᠭᠡ ᠳᠤ ᠰᠠᠭᠤᠭᠰᠠᠨ ᠪᠤᠬᠢᠷ ᠲᠤᠯᠤᠭᠠᠢ ᠴᠢᠨᠢ ᠲᠡᠶᠢᠮᠦ ᠮᠡᠷᠭᠡᠵᠢᠯ ᠤᠨ ᠤᠷᠤᠯᠳᠤᠭᠠᠨ ᠤ ᠤᠴᠢᠷ ᠢ ᠨᠢ ᠤᠢᠢᠯᠠᠭᠠᠭᠰᠠᠨ ᠦᠬᠡᠢ ᠶᠠᠪᠤᠵᠠᠢ᠃ ᠤᠳᠤ ᠪᠤᠳᠤᠪᠠᠴᠦ ᠶᠡᠭᠡ ᠬᠠᠷᠠᠮᠰᠠᠨ᠎ᠠ ᠰᠢᠦ᠂ ᠮᠢᠨᠦ ᠤᠯᠠᠭᠠᠨ ᠮᠤᠷᠢ ᠬᠡᠷᠪᠡ ᠤᠴᠢᠵᠦ ᠤᠷᠤᠯᠳᠤᠭᠰᠠᠨ ᠪᠤᠯ ᠲᠡᠷᠢᠬᠦᠨ ᠠᠪᠤᠭᠰᠠᠨ ᠴᠤ ᠪᠤᠯᠵᠤᠰᠢ ᠦᠬᠡᠢ ᠳ᠋ᠠ︾ ᠭᠡᠵᠦ ᠶᠡᠭᠡ ᠯᠠ ᠠᠮᠳᠠᠷᠬᠠᠨ ᠢᠨᠢᠶᠡᠬᠦ ᠳᠤ ᠬᠢᠵᠠᠭᠠᠯᠠᠰᠢ ᠦᠬᠡᠢ ᠬᠠᠷᠠᠮᠰᠠᠯ ᠬᠤᠯᠠ ᠴᠠᠭᠠᠨ᠎ᠠ ᠨᠢ ᠨᠢᠭᠤᠭᠳᠠᠵᠦ ᠪᠠᠶᠢᠪᠠ ᠃ ᠤᠯᠠᠭᠠᠨ ᠮᠤᠷᠢᠨ ᠤ ᠪᠠᠨ ᠲᠤᠬᠠᠢ ᠲᠡᠷᠡ ᠳᠤᠷᠠᠰᠤᠭᠠᠳ ᠪᠠᠷᠠᠬᠤ ᠦᠬᠡᠢ ᠵᠤᠭᠤᠭ ᠲᠠᠢ ᠪᠠᠶᠢᠯ᠎ᠠ᠃ ︽ᠲᠡᠬᠦᠨ ᠤ ᠳᠠᠷᠠᠭ᠎ᠠ ᠵᠢᠯ ᠨᠢ ᠪᠠᠶᠢᠬᠤ ᠳ᠋ᠠ᠂ ᠳᠡᠭᠡᠷ᠎ᠡ ᠱᠠᠲᠤᠨ ᠠᠴᠠ ᠮᠦᠨ ᠬᠦᠮᠦᠨ ᠢᠷᠡᠵᠦ ᠡᠮᠦᠨᠡᠳᠦ ᠭᠤᠷᠯᠤᠰ ᠲᠤ ᠶᠠᠪᠤᠭᠳᠠᠬᠤ ᠪᠠᠷ ᠪᠠᠶᠢᠭ᠎ᠠ ᠪᠦᠬᠦ ᠤᠯᠤᠰ ᠤᠨ ᠤᠷᠤᠯᠳᠤᠭᠠᠨ ᠳᠤ ᠮᠢᠨᠦ ᠤᠯᠠᠭᠠᠨ ᠮᠤᠷᠢ ᠶᠢ ᠰᠤᠩᠭᠤᠨ ᠤᠷᠤᠯᠴᠠᠭᠤᠯᠬᠤ ᠭᠡᠬᠦ ᠳᠤ ᠪᠢ ᠶᠡᠭᠡ ᠳᠤᠷᠠᠲᠠᠢ ᠵᠦᠪᠰᠢᠶᠡᠷᠡᠵᠦ᠂ ᠠᠷᠪᠠᠨ ᠨᠢᠬᠡᠲᠡᠢ ᠬᠦᠦ ᠪᠠᠷ ᠢᠶᠠᠨ ᠤᠨᠤᠭᠤᠯᠬᠤ ᠪᠠᠷ ᠪᠤᠯᠤᠭᠰᠠᠨ ᠶᠤᠮ᠃ ᠭᠡᠲᠡᠯ᠎ᠡ᠂ ᠡᠴᠦᠰ ᠲᠡᠭᠡᠨ ᠶᠠᠭ ᠤᠷᠤᠯᠳᠤᠭᠠᠨ ᠤᠢᠢᠷᠠᠳᠤᠵᠦ᠂ ᠮᠤᠷᠢ ᠶᠢ ᠮᠢᠨᠢ ᠲᠡᠭᠡᠭᠡᠬᠦ ᠪᠠᠷ ᠲᠡᠷᠭᠡ ᠢᠷᠡᠴᠢᠭᠡᠭᠰᠡᠨ ᠪᠠᠶᠢᠬᠤ ᠳᠤ ᠮᠠᠨ ᠤ ᠪᠦᠰᠡᠬᠦᠢ ︿ᠬᠡᠷᠪᠡ ᠤᠷᠤᠯᠳᠤᠭᠠᠨ ᠳᠤ ᠶᠠᠪᠤᠭᠠᠳ ᠦᠷᠢ ᠶᠢᠨ ᠭᠠᠭᠴᠠ ᠬᠦᠦ ᠪᠠᠨ ᠪᠠᠰᠠ ᠠᠯᠳᠠᠴᠢᠬᠠᠪᠠᠯ ᠪᠢᠳᠡ ᠬᠤᠶᠠᠭᠤᠯᠠ ᠶᠠᠭᠠᠬᠢᠵᠦ ᠠᠮᠢᠳᠤᠷᠠᠨ᠎ᠠ︖﹀ ᠭᠡᠳ ᠤᠬᠢᠯᠠᠵᠦ ᠤᠨᠵᠢᠬᠤ ᠪᠠᠷ ᠨᠢ ᠪᠢ ᠴᠤ ᠤᠷᠤᠯᠳᠤᠭᠠᠨ ᠳᠤ ᠤᠴᠢᠬᠤ ᠪᠠᠨ ᠪᠠᠶᠢᠴᠢᠬᠠᠭᠰᠠᠨ ᠪᠢᠯᠠ᠃ ᠤᠳᠤ ᠪᠤᠳᠤᠪᠠᠯ ᠦᠨᠡᠬᠡᠷ ᠬᠠᠷᠠᠮᠰᠠᠨ᠎ᠠ ᠰᠢᠦ︾ ᠭᠡᠵᠦ ᠤᠷᠤᠯᠳᠤᠭᠠᠨ ᠤ ᠰᠠᠶᠢᠬᠠᠨ ᠳᠤᠬᠢᠶᠠᠯ ᠢ ᠠᠯᠳᠠᠭᠰᠠᠨ ᠳᠠᠭᠠᠨ ᠷᠢᠨᠴᠢᠨᠨᠢᠮ᠎ᠠ ᠭᠤᠸᠠᠢ ᠤᠳᠤ ᠬᠦᠷᠲᠡᠯ᠎ᠡ ᠬᠡᠮᠰᠢᠭᠰᠡᠭᠡᠷ ᠶᠠᠪᠤᠨ᠎ᠠ᠃ ᠶᠠᠭ ᠡᠨᠡᠬᠦ ᠬᠠᠷᠠᠮᠰᠠᠯ ᠢᠶᠠᠨ ᠨᠦᠬᠦᠬᠦ ᠭᠡᠰᠡᠨ ᠰᠢᠭ ᠤᠢᠢᠷ᠎ᠠ ᠶᠢᠨ ᠬᠤᠶᠠᠷ ᠵᠢᠯ ᠳᠤ ᠷᠢᠨᠴᠢᠨᠨᠢᠮ᠎ᠠ ᠭᠤᠸᠠᠢ ᠮᠤᠷᠢ ᠲᠡᠮᠡᠭᠡ ᠤᠷᠤᠯᠳᠤᠭᠤᠯᠬᠤ ᠭᠡᠵᠦ ᠲᠠᠷ ᠢᠶᠠᠨ ᠰᠢᠪᠬᠠᠵᠦ ᠪᠤᠢ᠃     ︽2010 ᠤᠨ ᠳᠤ ᠪᠢ ᠨᠢᠬᠡ ᠢᠯᠢ ᠮᠤᠷᠢᠨ ᠤ ᠤᠳᠤᠮ ᠪᠤᠯᠬᠤ ᠭᠡᠭᠡᠷ ᠳᠠᠭ᠎ᠠ ᠶᠢ 2 ᠲᠦᠮᠡᠨ ᠲᠦᠬᠦᠷᠢᠭ ᠢᠶᠠᠷ ᠬᠤᠳᠠᠯᠳᠤᠨ ᠠᠪᠴᠠᠢ᠂ ᠤᠳᠤ ᠤᠶᠠᠭᠠᠨ ᠳᠡᠭᠡᠷ᠎ᠡ ᠪᠠᠶᠢᠨ᠎ᠠ᠃ ᠲᠡᠬᠦᠨ ᠤ ᠠᠪᠤ ᠨᠢ 127 ᠠᠵᠢᠷᠭ᠎ᠠ ᠭᠡᠵᠦ ᠤᠯᠤᠰ ᠲᠤ ᠨᠡᠷᠡᠲᠡᠢ ᠪᠠᠶᠢᠵᠦ᠂ ᠪᠦᠷ ᠳᠠᠩᠰᠠ ᠡᠪᠬᠡᠮᠡᠯ ᠲᠠᠢ ᠮᠤᠷᠢ ᠭᠡᠨ᠎ᠡ᠃ ᠮᠢᠨᠦ ᠡᠨᠡ ᠮᠤᠷᠢ ᠤᠳᠤ ᠨᠤᠲᠤᠭ ᠤᠰᠤᠨ ᠤ ᠨᠡᠶᠢᠷ ᠠᠨᠭᠠᠳᠤᠮ ᠳᠡᠭᠡᠷ᠎ᠡ ᠲᠡᠷᠢᠬᠦᠯᠡᠵᠦ ᠪᠠᠶᠢᠨ᠎ᠠ᠃ ᠡᠨᠡ ᠬᠠᠪᠤᠷ ᠪᠠᠰᠠ ᠨᠢᠬᠡᠨ ᠰᠢᠨ᠎ᠠ ᠽᠢᠯᠠᠨᠳ᠋ ᠳᠠᠭ᠎ᠠ ᠶᠢ 3 ᠲᠦᠮᠡᠨ ᠲᠦᠬᠦᠷᠢᠭ ᠢᠶᠠᠷ ᠬᠤᠳᠠᠯᠳᠤᠨ ᠠᠪᠤᠭᠠᠳ ᠠᠷᠠᠴᠢᠯᠠᠵᠦ ᠪᠠᠶᠢᠨ᠎ᠠ᠃ ᠮᠢᠨᠦ ᠪᠠᠰᠠ ᠨᠢᠬᠡᠨ ᠤᠷᠤᠯᠳᠤᠭᠠᠨ ᠤ ᠲᠡᠮᠡᠭᠡ ᠲᠠᠢ᠂ ᠪᠠᠶᠠᠨᠨᠠᠭᠤᠷ ᠠᠴᠠ 25000 ᠲᠦᠬᠦᠷᠢᠭ ᠢᠶᠠᠷ ᠬᠤᠳᠠᠯᠳᠤᠨ ᠠᠪᠴᠠᠢ᠃ 2013 ᠤᠨ ᠤ ᠪᠦᠬᠦ ᠤᠯᠤᠰ ᠤᠨ ᠴᠦᠬᠡᠨ ᠲᠤᠭᠠᠲᠤ ᠦᠨᠳᠦᠰᠦᠲᠡᠨ ᠤ ᠪᠡᠶ᠎ᠡ ᠲᠠᠮᠢᠷ ᠤᠨ ᠴᠤᠭᠯᠠᠭᠠᠨ ᠤ ᠳᠡᠮᠡᠭᠡ ᠶᠢᠨ ᠤᠷᠤᠯᠳᠤᠭᠠᠨ ᠳᠤ ᠲᠦᠡᠭᠯᠢᠶᠤᠤ ᠬᠤᠲᠠ ᠪᠠᠨ ᠲᠦᠯᠦᠬᠡᠯᠡᠵᠦ ᠤᠷᠤᠯᠴᠠᠵᠠᠢ᠃ ᠮᠢᠨᠦ ᠲᠡᠮᠡᠭᠡ ᠪᠤᠯ ᠲᠦᠡᠭᠯᠢᠶᠤᠤ ᠶᠢ ᠲᠦᠯᠦᠬᠡᠯᠡᠵᠦ ᠤᠷᠤᠯᠳᠤᠭᠤᠯᠤᠭᠰᠠᠨ ᠠᠷᠪᠠᠨ ᠲᠡᠮᠡᠭᠡ ᠶᠢᠨ ᠴᠤᠷ ᠤᠨ ᠭᠠᠭᠴᠠ ᠲᠦᠡᠭᠯᠢᠶᠤᠤ ᠠᠴᠠ ᠤᠴᠢᠭᠰᠠᠨ ᠲᠡᠮᠡᠭᠡ ᠪᠠᠶᠢᠵᠦ᠂ ᠪᠤᠰᠤᠳ ᠨᠢ ᠪᠦᠷ ᠪᠠᠶᠠᠨᠨᠠᠭᠤᠷ ᠪᠤᠯᠤᠨ ᠦᠵᠦᠮᠦᠴᠢᠨ ᠠᠴᠠ ᠵᠢᠬᠡᠯᠡᠵᠦ ᠲᠦᠡᠭᠯᠢᠶᠤᠤ ᠶᠢᠨ ᠨᠡᠷ᠎ᠡ ᠪᠠᠷ ᠤᠷᠤᠯᠳᠤᠭᠤᠯᠵᠠᠢ᠃ ᠪᠢ ᠮᠠᠨ ᠤ ᠤᠷᠤᠨ ᠤ ᠨᠡᠷᠡᠲᠦ ᠤᠨᠤᠭᠠᠴᠢ ᠪᠤᠯᠬᠤ ᠵᠡᠬᠦᠨ ᠦᠵᠦᠮᠦᠴᠢᠨ ᠬᠤᠰᠢᠭᠤᠨ ᠤ ᠬᠦᠷᠢᠶᠡᠲᠦ ᠰᠤᠮᠤ ᠶᠢᠨ ᠴᠢᠯᠠᠭᠤ ᠶᠢ ᠭᠤᠶᠤᠵᠦ ᠲᠡᠮᠡᠭᠡ ᠪᠠᠨ ᠤᠨᠤᠭᠤᠯᠵᠠᠢ᠃ ᠭᠡᠪᠡᠴᠦ ᠤᠷᠤᠯᠳᠤᠭᠠᠨ ᠳᠤ ᠰᠠᠶᠢᠨ ᠬᠢᠷᠢ ᠪᠦᠲᠦᠮᠵᠢ ᠤᠯᠵᠦ ᠴᠢᠳᠠᠭᠰᠠᠨ ᠦᠬᠡᠢ᠂ ᠤᠶᠠᠭ᠎ᠠ ᠰᠦᠢᠯᠭ᠎ᠠ ᠮᠠᠭᠤᠲᠠᠭᠰᠠᠨ ᠤ ᠯᠠ ᠪᠠᠶᠢᠬᠤ ᠡ᠃ ᠬᠡᠷᠪᠡ ᠲᠡᠷᠢᠬᠦᠯᠡᠭᠰᠡᠨ ᠪᠤᠯ ᠲᠦᠡᠭᠯᠢᠶᠤᠤ ᠬᠤᠲᠠ ᠶᠢᠨ ᠵᠠᠷᠤᠳ ᠬᠤᠰᠢᠭᠤᠨ ᠤ ᠠᠷᠤ ᠬᠦᠨᠳᠡᠯᠡᠨ ᠪᠠᠯᠭᠠᠰᠤ ᠶᠢᠨ ᠷᠢᠨᠴᠢᠨᠨᠢᠮ᠎ᠠ ᠶᠢᠨ ᠲᠡᠮᠡᠭᠡ ᠭᠡᠵᠦ ᠨᠤᠲᠤᠭ ᠤᠰᠤᠨ ᠤ ᠪᠠᠨ ᠠᠯᠳᠠᠷ ᠢ ᠳᠠᠭᠤᠳᠠᠭᠤᠯᠬᠤ ᠪᠢᠰᠢᠦ︖ ᠡᠬᠦᠨ ᠠᠴᠠ ᠦᠬᠡᠷ᠎ᠡ ᠬᠠᠪᠤ ᠴᠡᠩᠭᠡᠯ ᠭᠡᠵᠦ ᠬᠠᠮᠢᠭ᠎ᠠ ᠪᠠᠶᠢᠬᠤᠪ ᠳ᠋ᠠ ᠁︾ ᠭᠡᠵᠦ ᠡᠪᠦᠬᠡᠨ ᠦᠪᠡᠷ ᠤᠨ ᠪᠤᠳᠤᠯ ᠳᠠᠭᠠᠨ ᠦᠪᠡᠷ ᠢᠶᠠᠨ ᠰᠤᠭᠲᠤᠬᠤ ᠰᠢᠬ ᠪᠤᠯᠤᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号