| | | 1961 ᠤᠨ ᠳᠤ ᠪᠠᠶᠠᠷᠳᠦᠬᠤᠰᠢᠭᠤ ᠰᠤᠷᠭᠠᠭᠤᠯᠢ ᠵᠠᠷᠤᠳ ᠬᠤᠰᠢᠭᠤᠨ ᠤ ᠪᠠᠶᠠᠷᠳᠦᠬᠤᠰᠢᠭᠤ ᠪᠠᠯᠭᠠᠰᠤᠨ ᠳᠤ | ᠪᠠᠶᠢᠭᠤᠯᠤᠬᠳᠠᠵᠦ᠂ ᠲᠤᠬᠠᠢ ᠶᠢᠨ ᠦᠶᠡᠰ ᠺᠠᠶᠢᠯᠦ ᠰᠢᠶᠠᠨ ᠠᠴᠠ ᠬᠤᠶᠢᠰᠢᠬᠢ ᠮᠤᠩᠭᠤᠯ ᠰᠣᠷᠤᠬᠴᠢᠳ ᠴᠦᠮ ᠡ᠊ᠨᠳᠠ | ᠢᠷᠡᠵᠦ ᠰᠤᠷᠤᠯᠴᠠᠵᠦ ᠪᠠᠶᠢᠵᠠᠢ᠃ 2006 ᠤᠨ ᠳᠤ᠂ ᠲᠡᠭᠡᠳᠦ ᠱᠠᠳᠤᠨ ᠠᠴᠠ ᠵᠠᠷᠤᠳ ᠬᠤᠰᠢᠭᠤᠨ ᠤ ᠲᠤᠮᠳᠠᠳᠦ | ᠪᠠᠭ᠎ᠠ ᠰᠤᠷᠭᠠᠭᠤᠯᠢ ᠳᠤ ᠪᠦᠬᠦ ᠲᠠᠯ᠎ᠠ ᠶᠢᠨ ᠲᠤᠬᠢᠷᠠᠭᠤᠯᠤᠯᠲᠠ ᠬᠢᠵᠦ᠂ ᠤᠤᠯ ᠤᠨ ᠪᠠᠶᠠᠷᠳᠦᠬᠤᠰᠢᠭᠤ ᠲᠤᠮᠳᠠᠳᠦ | ᠰᠤᠷᠭᠠᠭᠤᠯᠢ ᠵᠢᠴᠢ ᠪᠠᠶᠠᠷᠳᠦᠬᠤᠰᠢᠭᠤ ᠭᠤᠤᠯ ᠪᠠᠭ᠎ᠠ ᠰᠤᠷᠭᠠᠭᠤᠯᠢ᠂ ᠪᠠᠶᠠᠷᠳᠦᠬᠤᠰᠢᠭᠤ ᠪᠠᠯᠭᠠᠰᠤᠨ ᠤ ᠡᠯ᠎ᠠ | ᠭᠠᠴᠠᠭ᠎ᠠ ᠶᠢᠨ ᠪᠠᠭ᠎ᠠ ᠰᠤᠷᠭᠠᠭᠤᠯᠢ ᠪᠤᠯᠤᠨ ᠵᠢᠭᠠᠨ ᠰᠤᠷᠭᠠᠯᠳᠠ ᠶᠢᠨ ᠴᠡᠭ ᠢ ᠨᠡᠶᠢᠯᠡᠬᠦᠯᠦᠭᠰᠡᠨ ᠠᠴᠠ | ᠪᠠᠶᠠᠷᠳᠦᠬᠤᠰᠢᠭᠤ ᠰᠤᠷᠭᠠᠭᠤᠯᠢ ᠶᠢᠰᠦᠨ ᠵᠢᠯ ᠤᠨ ᠲᠦᠷᠢᠮᠳᠦ ᠰᠤᠷᠭᠠᠭᠤᠯᠢ ᠪᠤᠯᠵᠠᠢ᠃ 2012 ᠤᠨ ᠳᠤ | ᠭᠡᠤᠭᠡᠳ ᠤᠨ ᠴᠡᠴᠡᠷᠯᠢᠭ ᠨᠡᠮᠡᠵᠦ ᠪᠠᠶᠢᠭᠤᠯᠤᠬᠰᠠᠨ ᠠᠴᠠ 12 ᠵᠢᠯ ᠤᠨ ᠲᠦᠷᠢᠮᠳᠦ ᠰᠤᠷᠭᠠᠭᠤᠯᠢ ᠪᠤᠯᠤᠬᠰᠠᠨ | ᠪᠠᠶᠢᠨ᠎ᠠ᠃ ᠤᠳᠤᠬᠠᠨ ᠳᠤ᠂ ᠪᠠᠶᠠᠷᠳᠦᠬᠤᠰᠢᠭᠤ ᠰᠤᠷᠭᠠᠭᠤᠯᠢ 75965 ᠲᠡᠭᠰᠢ ᠲᠦᠷᠪᠡᠯᠵᠢᠨ ᠮᠧᠲᠷ ᠭᠠᠵᠠᠷ᠂ | 11906 ᠲᠡᠭᠰᠢ ᠲᠦᠷᠪᠡᠯᠵᠢᠨ ᠮᠧᠲᠷ ᠪᠦᠬᠦᠢ ᠭᠡᠷ ᠪᠠᠷᠢᠯᠭ᠎ᠠ᠂ 1026 ᠨᠡᠷᠡᠰ ᠰᠤᠷᠤᠬᠴᠢ᠂ 151 ᠨᠡᠷᠡᠰ | ᠪᠠᠭᠰᠢ ᠠᠵᠢᠯᠳᠠᠨ ᠲᠠᠢ᠃ | 5 ᠰᠠᠷ᠎ᠠ ᠶᠢᠨ 16 ᠤ ᠡᠳᠦᠷ᠂ ᠰᠤᠷᠪᠤᠯᠵᠢᠯᠠᠬᠴᠢ ᠪᠠᠶᠠᠷᠳᠦᠬᠤᠰᠢᠭᠤ ᠰᠤᠷᠭᠠᠭᠤᠯᠢ ᠳᠤ ᠰᠤᠷᠪᠤᠯᠵᠢᠯᠠᠬᠤ ᠪᠠᠷ | ᠬᠦᠷᠬᠦ ᠳᠤ ᠡᠬᠦᠳᠡᠨ ᠳᠤᠨᠢ ᠪᠢᠴᠢᠭᠡᠰᠦ ᠲᠠᠢ ︽ᠬᠠᠶᠢᠷ᠎ᠠ᠂ ᠬᠠᠷᠢᠭᠤᠴᠠᠯᠭ᠎ᠠ᠂ ᠬᠦᠰᠡᠯᠡᠩ︾ ᠭᠡᠬᠦ ᠭᠤᠷᠪᠠᠨ ᠲᠤᠮᠤ | ᠮᠤᠩᠭᠤᠯ ᠦᠰᠦᠭ ᠰᠤᠷᠪᠤᠯᠵᠢᠯᠠᠬᠴᠢ ᠶᠢᠨ ᠠᠩᠬᠠᠷᠤᠯ ᠢ ᠲᠠᠳᠠᠬᠰᠠᠨ ᠪᠠᠶᠢᠨ᠎ᠠ᠃ ᠡᠨᠡ ᠭᠤᠷᠪᠠᠨ ᠦᠰᠦᠭ ᠤᠨ | ᠤᠳᠬ᠎ᠠ ᠰᠠᠨᠠᠭ᠎ᠠ ᠵᠢᠴᠢ ᠲᠡᠬᠦᠨ ᠤ ᠠᠷᠤ ᠳᠠᠬᠢ ᠤᠴᠢᠷ ᠶᠠᠪᠤᠳᠠᠯ ᠢ ᠤᠢᠢᠯᠠᠭᠠᠬᠤ ᠶᠢᠨ ᠲᠦᠯᠦᠭᠡ ᠪᠠᠶᠠᠷᠳᠦᠬᠤᠰᠢᠭᠤ | ᠰᠤᠷᠭᠠᠭᠤᠯᠢ ᠶᠢᠨ ᠵᠠᠬᠢᠷᠤᠯ ᠱᠤᠸᠠᠩ ᠰᠢ ᠶᠢ ᠰᠤᠷᠪᠤᠯᠵᠢᠯᠠᠬᠰᠠᠨ ᠠᠵᠢ᠃ | ᠊᠊᠊᠊᠊᠊ ᠡᠨᠡ ᠭᠤᠷᠪᠠᠨ ᠦᠰᠦᠭ ᠪᠤᠯ ᠮᠠᠨ ᠤ ᠰᠤᠷᠭᠠᠭᠤᠯᠢ ᠶᠢᠨ ᠵᠢᠭᠠᠨ ᠰᠤᠷᠭᠠᠬᠤ ᠤᠨᠤᠯᠵᠢᠭᠤᠨ ᠮᠦᠨ᠃ | ᠤᠳᠤ ᠶᠢᠨ ᠵᠠᠷᠢᠮ ᠭᠡᠷ ᠤᠨ ᠠᠬᠠᠮᠠᠳ ᠭᠡᠤᠭᠡᠳ ᠢᠶᠠᠨ ᠪᠤᠰᠤᠳ ᠠᠴᠠ ᠬᠤᠴᠤᠷᠤᠭᠤᠯᠬᠤ ᠦᠭᠡᠢ ᠶᠢᠨ ᠲᠦᠯᠦᠭᠡ | ᠴᠡᠴᠡᠷᠯᠢᠭ ᠲᠤ ᠤᠷᠤᠬᠤ ᠨᠠᠰᠤ ᠪᠤᠯᠤᠮᠠᠬᠴᠠ ᠡᠯ᠎ᠠ ᠵᠦᠢᠯ ᠤᠨ ᠪᠤᠯᠪᠠᠰᠤᠷᠠᠯ ᠤᠨ ᠠᠩᠭᠢ᠂ ᠬᠢᠴᠢᠶᠡᠯ ᠨᠦᠬᠦᠬᠦ | ᠠᠩᠭᠢ ᠳᠤ ᠦᠭᠴᠤ ᠰᠠᠭᠤᠯᠭᠠᠭᠠᠳ ᠰᠤᠷᠬᠤ ᠨᠠᠰᠤ ᠠᠴᠠ ᠨᠢ ᠭᠡᠳᠦᠷᠡᠭᠰᠡᠨ ᠡᠷᠳᠡᠮ ᠮᠡᠳᠡᠯᠭᠡ ᠵᠢᠭᠠᠵᠦ᠂ ᠭᠡᠪ ᠤᠨ | ᠦᠰᠦᠨ ᠪᠤᠶᠢᠵᠢᠯᠳᠠ ᠳᠤᠨᠢ ᠶᠡᠭᠡᠭᠡᠨ ᠨᠠᠵᠠᠭᠠᠢ ᠨᠦᠯᠦᠭᠡ ᠦᠵᠡᠬᠦᠯᠵᠦ ᠪᠠᠶᠢᠨ᠎ᠠ᠃ ᠪᠠᠭ᠎ᠠ ᠰᠤᠷᠭᠠᠭᠤᠯᠢ᠂ ᠠᠩᠬ᠎ᠠ | ᠲᠤᠮᠳᠠᠳᠦ ᠶᠢᠨ ᠰᠤᠷᠤᠬᠴᠢᠳ ᠲᠤ ᠪᠠᠰᠠ ᠨᠠᠰᠤ ᠵᠢᠯ ᠳᠤᠨᠢ ᠲᠤᠬᠢᠷᠠᠬᠰᠠᠨ ᠮᠡᠳᠡᠯᠭᠡ ᠵᠢᠭᠠᠵᠦ᠂ ᠡᠪᠳᠠᠢ ᠵᠢᠭᠠᠨ | ᠰᠤᠷᠭᠠᠬᠤ ᠠᠷᠭ᠎ᠠ ᠠᠪᠴᠠᠯ ᠠᠪᠬᠤ ᠭᠡᠷᠡᠭᠳᠠᠢ ᠭᠡᠵᠦ ᠱᠤᠸᠠᠩ ᠰᠢ ᠠᠴᠠ ᠲᠠᠶᠢᠯᠪᠤᠷᠢᠯᠠᠯᠳᠠ ᠬᠢᠵᠠᠢ᠃ | ᠪᠠᠶᠠᠷᠳᠦᠬᠤᠰᠢᠭᠤ ᠰᠤᠷᠭᠠᠭᠤᠯᠢ ᠴᠡᠴᠡᠷᠯᠢᠭ ᠤᠨ ᠬᠡᠤᠬᠡᠳ ᠲᠡᠭᠡᠨ ᠬᠠᠶᠢᠷ᠎ᠠ ᠶᠢᠨ ᠬᠦᠮᠦᠵᠢᠯ ᠬᠢᠬᠦ ᠪᠠᠷ ᠭᠤᠤᠯ | ᠪᠤᠯᠭᠠᠳᠠᠭ᠃ ︽ᠶᠠᠭᠤ ᠶᠢ ᠬᠠᠶᠢᠷ᠎ᠠ ᠭᠡᠳᠡᠭ᠂ ᠪᠤᠰᠤᠳ ᠢ ᠭᠡᠷᠬᠢᠨ ᠬᠠᠶᠢᠷᠠᠯᠠᠬᠤ︾ ᠲᠤᠬᠠᠢ ᠨᠤᠮ ᠪᠠᠷᠢᠵᠦ | ᠬᠡᠤᠭᠡᠳ ᠲᠤ ᠤᠡᠭᠰᠢᠵᠦ ᠦᠭᠬᠦ ᠪᠢᠰᠢ᠂ ᠬᠠᠷᠢᠨ ᠭᠡᠤᠭᠡᠳ ᠢ ᠨᠠᠭᠠᠳᠤᠮ ᠲᠤᠬᠯᠠᠭᠠᠮ ᠤᠨ ᠲᠤᠮᠳᠠ ᠨᠢ ᠰᠤᠷᠭᠠᠬᠤ ᠶᠢ | ᠠᠩᠬᠠᠷᠤᠨ᠎ᠠ᠃ ᠤᠳᠤᠬᠠᠨ ᠳᠤ᠂ ᠠᠮᠢᠳᠤᠷᠠᠯ ᠤᠨ ᠲᠠᠷᠤᠭᠠᠰᠤ᠂ ᠬᠤᠪᠢ ᠪᠡᠶ᠎ᠠ ᠶᠢᠨ ᠬᠦᠰᠡᠯ ᠬᠦᠭᠡᠭᠡᠴᠡᠯᠳᠦᠯ ᠵᠡᠷᠭᠡ | ᠰᠢᠯᠳᠠᠭᠠᠨ ᠠᠴᠠ ᠪᠤᠯᠵᠦ ᠬᠦᠮᠦᠰ ᠤᠨ ᠭᠡᠤᠭᠡᠳ ᠠᠪᠬᠤ ᠲᠤᠷᠠᠰᠢᠯ ᠵᠠᠪᠤᠬᠤ ᠲᠤᠳᠤᠮ ᠪᠠᠭᠤᠷᠠᠵᠦ ᠪᠠᠶᠢᠨ᠎ᠠ᠃ | ᠭᠡᠤᠭᠡᠳ ᠪᠠᠭᠠᠰᠤᠬᠰᠠᠨ ᠠᠴᠠ ᠪᠤᠯᠵᠦ ᠬᠡᠤᠭᠡᠳ ᠢ ᠬᠠᠶᠢᠷᠠᠯᠠᠵᠦ ᠰᠠᠨᠠᠬᠤ ᠬᠦᠮᠦᠨ ᠤᠯᠠᠰᠢᠷᠠᠵᠦ᠂ ᠤᠨᠴᠠ ᠵᠠᠷᠢᠮ | ᠬᠡᠤᠭᠡᠳ ᠨᠢ ᠵᠦᠪᠭᠡᠨ ᠪᠤᠰᠤᠳ ᠤᠨ ᠬᠠᠶᠢᠷ᠎ᠠ ᠶᠢ ᠤᠯᠬᠤ ᠶᠢ ᠯᠡ ᠬᠦᠰᠡᠵᠦ ᠬᠦᠮᠦᠨ ᠤ ᠬᠠᠶᠢᠷ᠎ᠠ ᠶᠢ ᠬᠠᠷᠢᠭᠤᠯᠬᠤ ᠶᠢ | ᠮᠡᠳᠡᠬᠦ ᠦᠭᠡᠢ᠂ ᠠᠴᠢ ᠬᠠᠷᠢᠭᠤᠯᠬᠤ ᠭᠡᠵᠦ ᠶᠠᠭᠤ ᠶᠢ ᠮᠡᠳᠡᠬᠦ ᠦᠭᠡᠢ ᠪᠤᠯᠵᠦ ᠪᠠᠶᠢᠨ᠎ᠠ᠃ ᠡᠶᠢᠮᠦ ᠪᠠᠶᠢᠳᠠᠯ ᠳᠤ | ᠲᠤᠬᠢᠷᠠᠭᠤᠯᠤᠨ ᠪᠠᠶᠠᠷᠳᠦᠬᠤᠰᠢᠭᠤ ᠰᠤᠷᠭᠠᠭᠤᠯᠢ ︽ᠬᠠᠵᠢᠤᠬᠠᠢ ᠶᠢᠨ ᠰᠤᠶᠤᠯ︾ ᠢ ᠰᠤᠷᠭᠠᠭᠤᠯᠢ ᠶᠢᠨ ᠬᠦᠷᠢᠶ᠎ᠠ ᠳᠤ | ᠤᠷᠤᠭᠤᠯᠵᠦ ᠭᠡᠤᠭᠡᠳ ᠲᠤ ᠬᠠᠶᠢᠷ᠎ᠠ ᠶᠢᠨ ᠬᠦᠮᠦᠵᠢᠯ ᠬᠢᠵᠦ ᠪᠤᠢ᠃ ᠬᠠᠵᠢᠤᠬᠠᠢ ᠪᠤᠯ ᠪᠠᠶᠠᠷᠳᠦᠬᠤᠰᠢᠭᠤ ᠪᠠᠷ ᠤᠯᠠᠨ | ᠪᠠᠶᠢᠳᠠᠭ ᠤᠷᠤᠨ ᠨᠤᠳᠤᠭ ᠤᠨ ᠰᠢᠪᠠᠭᠤ ᠪᠤᠯᠤᠨ᠎ᠠ᠃ ᠤᠯᠠᠩᠭᠢ ᠭᠡᠤᠭᠡᠳ ᠤᠨ ᠭᠡᠷ ᠤᠨ ᠠᠬᠠᠮᠠᠳ ᠴᠦ | ᠬᠠᠵᠢᠤᠬᠠᠢ ᠪᠠᠷ ᠨᠠᠭᠠᠳᠴᠤ ᠦᠰᠴᠠᠢ᠃ ᠪᠠᠭᠰᠢ ᠨᠠᠷ ᠰᠤᠷᠤᠬᠴᠢᠳ ᠲᠠᠭᠠᠨ ᠬᠠᠵᠢᠤᠬᠠᠢ ᠶᠢ ᠬᠠᠶᠢᠷᠠᠯᠠᠬᠤ᠂ | ᠬᠠᠵᠢᠤᠬᠠᠢ ᠶᠢ ᠬᠠᠷᠠᠭᠠᠯᠵᠠᠬᠤ ᠰᠤᠷᠭᠠᠨ ᠬᠦᠮᠦᠵᠢᠯ ᠬᠢᠵᠦ᠂ ᠡᠬᠦᠨ ᠢᠶᠠᠷ ᠲᠠᠮᠵᠢᠭᠤᠯᠤᠨ ᠭᠡᠤᠭᠡᠳ ᠲᠤ ᠪᠤᠰᠤᠳ ᠢ | ᠬᠠᠶᠢᠷᠠᠯᠠᠵᠦ ᠬᠠᠷᠠᠭᠠᠯᠵᠠᠬᠤ ᠤᠬᠠᠭᠠᠨ ᠤᠷᠤᠭᠤᠯᠵᠦ ᠪᠠᠶᠢᠨ᠎ᠠ᠃ | ᠪᠠᠭ᠎ᠠ ᠰᠤᠷᠭᠠᠭᠤᠯᠢ ᠶᠢᠨ ᠱᠠᠳᠤᠨ ᠳᠤ ︽ᠬᠠᠷᠢᠭᠤᠴᠠᠯᠭ᠎ᠠ︾ ᠶᠢᠨ ᠬᠦᠮᠦᠵᠢᠯ ᠬᠢᠨ᠎ᠠ᠃ ᠡᠬᠦᠨ ᠳᠤ | ᠲᠤᠬᠢᠷᠠᠭᠤᠯᠤᠨ ︽ᠲᠠᠪᠤ᠂ ᠭᠤᠷᠪᠠ᠂ ᠬᠤᠶᠠᠷ᠂ ᠨᠢᠭᠡ︾ ᠶᠢᠨ ᠵᠠᠬᠪᠤᠷ ᠢ ᠲᠤᠬᠳᠠᠭᠠᠵᠠᠢ᠃ ︽ᠲᠠᠪᠤ︾ ᠭᠡᠳᠡᠭ ᠨᠢ᠂ | ᠡᠭᠡ ᠤᠯᠤᠰ᠂ ᠡᠭᠡ ᠤᠷᠤᠨ᠂ ᠡᠭᠡ ᠭᠡᠯᠡ᠂ ᠡᠭᠡ ᠰᠤᠷᠭᠠᠭᠤᠯᠢ᠂ ᠨᠠᠶᠢᠵᠠ ᠨᠦᠬᠦᠳ ᠠᠬᠠᠮᠠᠳ ᠢᠶᠠᠨ | ᠬᠠᠶᠢᠷᠠᠯᠠᠬᠤ ᠶᠢ ᠵᠢᠭᠠᠨ᠎ᠠ᠃ ︽ᠭᠤᠷᠪᠠ︾ ᠭᠡᠳᠡᠭ ᠨᠢ᠂ ᠱᠤᠤᠬᠢᠬᠤ ᠶᠢ ᠲᠡᠪᠴᠢᠬᠦ᠂ ᠭᠬᠢᠷ ᠲᠤᠭᠤᠰᠤ ᠶᠢ ᠲᠡᠪᠴᠢᠬᠦ᠂ | ᠬᠤᠭ ᠨᠤᠪᠰᠢ ᠶᠢ ᠲᠡᠪᠴᠢᠬᠦ ᠶᠢ ᠵᠢᠭᠠᠨ᠎ᠠ᠃ ︽ᠬᠤᠶᠠᠷ︾ ᠭᠡᠳᠡᠭ ᠨᠢ᠂ ᠪᠠᠭᠰᠢ ᠭᠡᠷ ᠤᠨ ᠠᠬᠠᠮᠠᠳ ᠢ ᠵᠢᠭᠠᠨ᠎ᠠ᠃ | ᠪᠠᠭᠰᠢ ᠪᠤᠯᠤᠨ ᠭᠡᠷ ᠤᠨ ᠠᠬᠠᠮᠠᠳ ᠡᠷᠭᠡᠪᠰᠢ ᠬᠠᠮᠳᠤᠪᠡᠷ ᠰᠤᠷᠤᠬᠴᠢ ᠶᠢᠨ ᠦᠢᠯᠡ ᠠᠵᠢᠯᠯᠠᠭ᠎ᠠ ᠳᠤ ᠬᠢᠨᠠᠯᠳᠠ | ᠲᠠᠯᠪᠢᠬᠤ ᠭᠡᠷᠡᠭᠳᠠᠢ᠃ ᠰᠤᠷᠤᠬᠴᠢᠳ ᠰᠤᠷᠭᠠᠭᠤᠯᠢ ᠳᠤ ᠪᠠᠶᠢᠬᠤ ᠬᠤᠭᠤᠴᠠᠭᠠᠨ ᠳᠠᠭᠠᠨ ᠲᠡᠭᠡᠷ᠎ᠠ ᠶᠠᠷᠢᠬᠰᠠᠨ ᠲᠦᠷᠢᠮ | ᠲᠤᠬᠳᠠᠭᠠᠯ ᠶᠤᠰᠤᠭᠠᠷ ᠪᠠᠶ᠎ᠠ ᠪᠠᠨ ᠱᠠᠭᠠᠷᠳᠠᠬᠤ ᠭᠡᠷᠡᠭᠳᠠᠢ ᠪᠦᠭᠡᠳ ᠭᠡᠷ ᠲᠡᠭᠡᠨ ᠪᠠᠶᠢᠬᠤ ᠬᠤᠭᠤᠴᠠᠭᠠᠨ ᠳᠠᠭᠠᠨ ᠴᠦ | ᠵᠢᠷᠦᠮᠯᠡᠬᠦ ᠭᠡᠷᠡᠭᠳᠠᠢ᠃ ᠪᠠᠭᠰᠢ ᠶᠢᠨ ᠴᠢᠷᠮᠠᠶᠢᠯᠭ᠎ᠠ ᠪᠤᠯᠤᠨ ᠭᠡᠷ ᠤᠨ ᠠᠬᠠᠮᠠᠳ ᠤᠨ ᠬᠠᠮᠵᠢᠯᠴᠠᠭ᠎ᠠ ᠶᠢ | ᠨᠢᠭᠡᠳᠦᠯᠵᠢᠬᠦᠯᠵᠦ᠂ ᠡᠬᠦᠨ ᠤ ᠰᠠᠭᠤᠷᠢ ᠲᠡᠭᠡᠷ᠎ᠠ ᠪᠠᠭᠰᠢ ᠭᠡᠷ ᠤᠨ ᠠᠬᠠᠮᠠᠳ ᠦᠪᠡᠷ ᠤᠨ ᠪᠡᠶ᠎ᠠ ᠪᠠᠷ ᠢᠶᠠᠨ ᠭᠡᠪ | ᠲᠠᠭᠤᠷᠢᠶᠠᠯ ᠪᠤᠯᠵᠦ᠂ ᠲᠦᠷᠢᠮ ᠲᠤᠬᠳᠠᠭᠠᠯ ᠶᠤᠰᠤᠭᠠᠷ ᠶᠠᠪᠤᠪᠠᠯ ᠰᠠᠶ᠋ᠢ ᠰᠤᠷᠤᠬᠴᠢᠳ ᠤᠨ ᠲᠦᠷᠢᠮ ᠲᠤᠬᠳᠠᠭᠠᠯ ᠢ | ᠪᠠᠳᠦ ᠰᠠᠬᠢᠬᠤ ᠦᠵᠡᠯ ᠤᠬᠠᠮᠰᠠᠷ ᠢ ᠪᠤᠢ ᠪᠤᠯᠭᠠᠵᠦ ᠴᠢᠳᠠᠨ᠎ᠠ᠃ | ︽ᠨᠢᠭᠡ︾ ᠭᠡᠳᠡᠭ ᠨᠢ ᠰᠤᠷᠤᠬᠴᠢᠳ ᠢ ᠦᠭᠡᠳᠡᠷᠭᠡᠭ ᠢᠳᠡᠪᠬᠢᠳᠠᠢ ᠵᠠᠩ ᠲᠠᠳᠬᠠᠯ ᠲᠠᠢ ᠪᠤᠯᠭᠠᠬᠤ ᠶᠢ ᠵᠢᠭᠠᠨ᠎ᠠ | ᠃ ᠰᠤᠷᠤᠬᠴᠢᠳ ᠤᠨ ᠶᠠᠭᠤᠮ᠎ᠠ ᠬᠢᠬᠦ ᠨᠢ ᠬᠤᠷᠳᠤᠨ ᠲᠠᠢ ᠤᠳᠠᠭᠠᠨ ᠲᠠᠢ᠂ ᠡᠨᠡ ᠨᠢ ᠲᠦᠷᠦᠯᠬᠢ ᠶᠢᠨ ᠤᠷ᠎ᠠ | ᠠᠪᠢᠶᠠᠰ᠂ ᠤᠷᠴᠢᠨ ᠲᠤᠭᠤᠷᠢᠨ ᠤ ᠨᠦᠯᠦᠭᠡᠯᠡᠯ ᠵᠡᠷᠭᠡ ᠤᠯᠠᠨ ᠲᠠᠯ᠎ᠠ ᠶᠢᠨ ᠰᠢᠯᠳᠠᠭᠠᠨ ᠠᠴᠠ ᠪᠤᠯᠵᠠᠢ᠃ ︽ | ᠠᠮᠵᠢᠯᠳᠠ ᠪᠦᠳᠦᠮᠵᠢ ᠨᠢ ᠵᠠᠭᠤᠨ ᠤ ᠶᠡᠷᠡᠨ ᠲᠠᠪᠤ ᠶᠢᠨ ᠴᠢᠷᠮᠠᠶᠢᠯᠭ᠎ᠠ ᠪᠤᠯᠤᠨ ᠵᠠᠭᠤᠨ ᠤ ᠲᠠᠪᠤ ᠶᠢᠨ ᠲᠦᠷᠦᠯᠬᠢ ᠶᠢᠨ | ᠠᠪᠢᠶᠠᠰ ᠢᠶᠠᠷ ᠪᠦᠷᠢᠯᠳᠦᠵᠠᠢ︾ ᠭᠡᠵᠦ ᠡᠷᠳᠡᠮᠳᠠᠨ ᠮᠡᠷᠭᠡᠳ ᠰᠡᠴᠡᠯᠡᠳᠡᠭ᠂ ᠭᠡᠤᠭᠡᠳ ᠪᠠᠭᠠᠴᠤᠳ ᠤᠯᠠᠨ ᠠᠴᠠ | ᠲᠠᠪᠠᠭᠰᠠᠨ ᠬᠤᠷᠴᠠ ᠰᠡᠷᠬᠦᠯᠡᠩ ᠤᠬᠠᠭᠠᠨ ᠰᠠᠨᠠᠭ᠎ᠠ ᠦᠭᠡᠢ ᠪᠠᠶᠢᠵᠦ ᠪᠤᠯᠤᠨ᠎ᠠ ᠭᠡᠪᠡᠴᠦ ᠢᠳᠡᠪᠬᠢ ᠤᠪᠤᠷ ᠢᠶᠠᠷ | ᠪᠤᠰᠤᠳ ᠠᠴᠠ ᠲᠤᠯᠢᠳᠠᠵᠦ ᠪᠤᠯᠬᠤ ᠦᠭᠡᠢ᠃ ᠠᠮᠢᠳᠤᠷᠠᠯ ᠰᠤᠷᠤᠯᠴᠠᠯᠭ᠎ᠠ ᠶᠢᠨ ᠲᠤᠮᠳᠠ ᠭᠡᠤᠭᠡᠳ ᠤᠨ ᠶᠠᠭᠤᠮ᠎ᠠ | ᠬᠢᠬᠦ ᠳᠤ ᠶᠠᠭᠠᠷᠠᠵᠦ ᠪᠠᠶᠢᠬᠤ ᠡᠰᠡᠬᠦ ᠪᠠᠷ ᠤᠴᠢᠷ ᠶᠠᠪᠤᠳᠠᠯ ᠳᠤ ᠬᠠᠨᠳᠤᠬᠤ ᠤᠪᠤᠷ ᠤᠨ ᠢᠳᠡᠪᠬᠢᠳᠠᠢ ᠪᠠᠶᠢᠬᠤ | ᠡᠰᠡᠬᠦ ᠶᠢ ᠮᠠᠭᠠᠳᠯᠠᠵᠦ ᠪᠤᠯᠤᠨ᠎ᠠ᠃ ᠢᠳᠡᠪᠬᠢ ᠤᠪᠤᠷ ᠲᠠᠢ ᠭᠡᠤᠭᠡᠳ ᠭᠡᠵᠢᠶᠡᠳᠠ ᠠᠵᠢᠯ ᠢᠶᠠᠨ ᠡᠷᠳᠡ ᠬᠢᠵᠦ | ᠪᠠᠷᠠᠬᠤ ᠶᠢ ᠪᠤᠳᠤᠳᠠᠭ᠃ ᠬᠢᠴᠢᠶᠡᠯ ᠤᠷᠤᠬᠤ ᠠᠴᠠ ᠲᠠᠪᠤ ᠠᠷᠪᠠᠨ ᠮᠢᠨᠦ᠋ᠲ ᠤᠨ ᠡᠮᠦᠨ᠎ᠠ ᠠᠩᠬᠢ ᠶᠢᠨ ᠭᠡᠷ ᠲᠡᠭᠡᠨ | ᠢᠷᠡᠬᠦ᠂ ᠠᠩᠬᠢ ᠶᠢᠨ ᠵᠢᠵᠢᠬᠦᠷ ᠢᠶᠠᠨ ᠬᠢᠴᠢᠶᠡᠯ ᠤᠷᠤᠬᠤ ᠠᠴᠠ ᠭᠡᠳᠦᠨ ᠮᠢᠨᠦ᠋ᠲ ᠤᠨ ᠡᠮᠦᠨ᠎ᠠ ᠬᠢᠵᠦ ᠪᠠᠷᠠᠬᠤ | ᠵᠡᠷᠭᠡ ᠨᠢ ᠴᠦᠮ ᠢᠳᠡᠪᠬᠢ ᠤᠪᠤᠷ ᠲᠠᠢ ᠬᠤᠯᠪᠤᠬᠳᠠᠨ᠎ᠠ᠃ ᠢᠡᠭᠬᠢᠵᠦ ᠬᠢᠬᠦ ᠨᠢ ᠠᠵᠢᠯ ᠢᠶᠠᠨ ᠴᠠᠭ ᠲᠤᠬᠠᠢ ᠳᠤᠨᠢ | ᠬᠢᠵᠦ ᠪᠠᠷᠠᠬᠤ ᠶᠢ ᠪᠠᠳᠤᠯᠠᠳᠠᠭ ᠢᠶᠠᠷ ᠪᠠᠷᠠᠬᠤ ᠦᠭᠡᠢ ᠠᠯᠳᠠᠭ᠎ᠠ ᠪᠤᠷᠤᠭᠤ ᠭᠠᠷᠬᠤ ᠦᠶᠡᠰ ᠴᠠᠭ ᠲᠤᠬᠠᠢ ᠳᠤᠨᠢ | ᠵᠠᠰᠠᠵᠦ ᠵᠠᠯᠠᠷᠠᠭᠤᠯᠬᠤ ᠳᠤ ᠠᠰᠢᠬᠳᠠᠢ᠃ | ᠠᠩᠬ᠎ᠠ ᠲᠤᠮᠳᠠᠳᠦ ᠶᠢᠨ ᠱᠠᠳᠤᠨ ᠳᠤ ︽ᠬᠦᠰᠡᠯᠡᠩ︾ ᠤᠨ ᠬᠦᠮᠦᠵᠢᠯ ᠬᠢᠨ᠎ᠠ᠃ ᠰᠤᠷᠤᠬᠴᠢᠳ ᠲᠤ ᠡᠳᠦᠷ ᠤᠨ | ᠬᠠᠷᠠᠯᠳᠠ᠂ ᠭᠠᠷᠠᠭ ᠤᠨ ᠬᠠᠷᠠᠯᠳᠠ᠂ ᠰᠠᠷ᠎ᠠ ᠶᠢᠨ ᠬᠠᠷᠠᠯᠳᠠ᠂ ᠵᠢᠯ ᠤᠨ ᠬᠠᠷᠠᠯᠲᠠ ᠭᠡᠵᠦ ᠪᠠᠶᠢᠬᠤ ᠭᠡᠷᠡᠭᠳᠠᠢ᠃ | ᠰᠤᠷᠭᠠᠭᠤᠯᠢ ᠳᠠᠭᠠᠨ ᠬᠠᠷᠠᠭᠠᠯᠵᠠᠬᠰᠠᠨ ᠰᠤᠷᠤᠯᠭ᠎ᠠ ᠶᠢᠨ ᠬᠠᠷᠠᠯᠲᠠ᠂ ᠭᠡᠷ ᠲᠡᠭᠡᠨ ᠬᠠᠷᠢᠪᠠᠯ ᠠᠪᠤ ᠡᠵᠢ ᠪᠠᠨ ᠭᠡᠷᠬᠢᠨ | ᠬᠠᠪᠰᠤᠷᠴᠤ ᠠᠵᠢᠯ ᠬᠢᠬᠦ ᠲᠤᠬᠠᠢ ᠲᠦᠯᠦᠪᠯᠡᠭᠡ ᠪᠠᠶᠢᠪᠠᠯ ᠵᠤᠬᠢᠰᠲᠠᠢ᠃ ᠶᠡᠭᠡ ᠬᠠᠷᠠᠯᠲᠠ ᠪᠠᠨ ᠪᠡᠶᠡᠯᠡᠬᠦᠯᠬᠦ ᠳᠤ ᠪᠠᠭ᠎ᠠ | ᠬᠠᠷᠠᠯᠲᠠ ᠠᠴᠠ ᠭᠠᠷᠳᠠᠵᠦ ᠬᠢᠬᠦ ᠬᠡᠷᠡᠭᠲᠡᠢ᠂ ᠤᠷᠳᠤ ᠬᠤᠭᠤᠴᠠᠭᠠᠨ ᠤ ᠬᠠᠷᠠᠯᠲᠠ ᠪᠠᠨ ᠪᠡᠶᠡᠯᠡᠬᠦᠯᠬᠦ ᠳᠤ ᠨᠢᠳᠦᠨ | ᠡᠮᠦᠨᠡᠬᠢ ᠵᠢᠵᠢᠭ ᠤᠴᠢᠷ ᠠᠴᠠ ᠪᠠᠨ ᠡᠬᠢᠯᠡᠵᠦ ᠬᠢᠬᠦ ᠬᠡᠷᠡᠭᠲᠡᠢ᠃ | ᠪᠠᠭᠰᠢ ᠶᠢᠨ ᠬᠢᠬᠦ ᠠᠵᠢᠯ ᠪᠤᠯ ᠰᠤᠷᠤᠬᠴᠢ ᠶᠢᠨ ᠰᠤᠷᠤᠯᠭ᠎ᠠ ᠠᠮᠢᠳᠤᠷᠠᠯ ᠳᠤ ᠬᠠᠷᠠᠯᠲᠠ ᠲᠦᠯᠦᠪᠯᠡᠭᠡ ᠲᠠᠢ | ᠪᠠᠶᠢᠬᠤ ᠡᠰᠡᠬᠦ ᠶᠢ ᠪᠠᠶᠢᠴᠠᠭᠠᠬᠤ᠂ ᠬᠠᠷᠠᠯᠲᠠ ᠲᠦᠯᠦᠪᠯᠡᠭᠡ ᠨᠢ ᠵᠤᠬᠢᠰᠲᠠᠢ ᠡᠰᠡᠬᠦ ᠳᠤᠨᠢ ᠬᠢᠨᠠᠯᠲᠠ ᠲᠠᠯᠪᠢᠬᠤ ᠶᠠᠪᠤᠳᠠᠯ | ᠪᠤᠯᠤᠨ᠎ᠠ᠃ ᠰᠤᠷᠤᠬᠴᠢ ᠶᠢ ᠰᠤᠷᠤᠯᠭ᠎ᠠ ᠳᠠᠭᠠᠨ ᠲᠦᠯᠦᠪᠯᠡᠭᠡ ᠲᠠᠢ ᠪᠤᠯᠭᠠᠬᠤ ᠳᠤ ᠠᠯᠢ ᠴᠢᠳᠠᠬᠤ ᠪᠠᠷ ᠬᠠᠮᠤᠭ | ᠠᠮᠠᠷᠬᠠᠨ ᠪᠡᠶᠡᠯᠡᠭᠳᠡᠬᠦ ᠲᠦᠯᠦᠪᠯᠡᠭᠡ ᠠᠴᠠ ᠡᠬᠢᠯᠡᠵᠦ ᠬᠢᠬᠦ ᠬᠡᠷᠩᠲᠠᠢ᠂ ᠰᠤᠷᠤᠬᠴᠢᠳ ᠤᠨ ᠨᠠᠭᠠᠳᠬᠤ ᠴᠠᠭ ᠢ | ᠲᠦᠯᠦᠪᠯᠡᠵᠦ ᠦᠭᠬᠦ ᠠᠴᠠ ᠡᠬᠢᠯᠡᠵᠦ ᠪᠤᠯᠤᠨ᠎ᠠ᠃ ᠪᠠᠭᠰᠢ ᠨᠠᠷ ᠪᠤᠳᠠᠳᠠᠢ ᠵᠢᠭᠠᠨ ᠰᠤᠷᠭᠠᠯᠲᠠ ᠲᠤᠮᠳᠠ ᠪᠠᠨ | ᠲᠦᠯᠦᠪᠯᠡᠵᠦ ᠬᠢᠬᠦ ᠪᠠᠷ ᠲᠠᠮᠵᠢᠭᠤᠯᠵᠦ ᠰᠤᠷᠤᠬᠴᠢᠳ ᠲᠤ ᠲᠦᠯᠦᠪᠯᠡᠭᠡ ᠲᠠᠢ ᠶᠠᠪᠤᠬᠤ ᠶᠢ ᠰᠤᠷᠭᠠᠪᠠᠯ ᠬᠠᠮᠤᠭ ᠰᠠᠶᠢᠨ | ᠃ ᠶᠠᠭᠤ ᠬᠢᠬᠦ ᠳᠡᠭᠡᠨ ᠴᠦ ᠲᠦᠯᠦᠪᠯᠡᠭᠡ ᠭᠠᠷᠭᠠᠵᠦ ᠰᠤᠷᠤᠬᠰᠠᠨ ᠰᠤᠷᠤᠬᠴᠢᠳ ᠠᠶᠠᠨᠳᠠᠭᠠᠨ ᠦᠪᠡᠷ ᠤᠨ ᠭᠡᠰᠡᠨ | ᠠᠯᠤᠰ ᠬᠡᠳᠦ ᠶᠢᠨ ᠬᠦᠰᠡᠯᠡᠩ ᠲᠠᠢ ᠪᠤᠯᠵᠦ ᠬᠦᠮᠦᠵᠢᠨᠠ᠃ | ᠊᠊᠊᠊᠊᠊ ᠰᠤᠷᠤᠯᠭ᠎ᠠ ᠳᠠᠭᠠᠨ ᠰᠠᠶᠢᠨ ᠰᠤᠷᠤᠬᠴᠢ ᠤᠯᠠᠨ ᠵᠦᠢᠯ ᠤᠨ ᠵᠢᠭᠠᠨ ᠰᠤᠷᠭᠠᠬᠤ ᠠᠷᠭ᠎ᠠ ᠭᠡᠯᠪᠡᠷᠢ ᠶᠢ | ᠬᠦᠯᠢᠶᠠᠨ ᠠᠪᠴᠤ ᠲᠡᠶᠢᠯᠳᠡᠭ᠂ ᠰᠤᠷᠤᠯᠭ᠎ᠠ ᠠᠨᠠᠢ ᠰᠤᠷᠤᠬᠴᠢ ᠬᠠᠷᠢᠴᠠᠩᠭᠤᠢ ᠪᠠᠷ ᠪᠠᠭᠰᠢ ᠶᠢᠨ ᠵᠢᠭᠠᠬᠤ ᠶᠢ | ᠰᠢᠩᠭᠡᠭᠡᠨ ᠠᠪᠴᠤ ᠲᠡᠶᠢᠯᠬᠦ ᠪᠠᠷ ᠠᠨᠠᠢ ᠪᠠᠶᠢᠳᠠᠭ᠃ ᠪᠢᠳᠠ ᠰᠤᠷᠤᠬᠴᠢ ᠬᠦᠮᠦᠵᠢᠬᠦᠯᠬᠦ ᠳᠤ ᠵᠦᠪᠬᠡᠨ ᠰᠤᠷᠤᠯᠭ᠎ᠠ | ᠰᠠᠶᠢᠨ ᠰᠤᠷᠤᠬᠴᠢ ᠪᠠᠨ ᠬᠠᠷᠠᠭᠠᠯᠵᠠᠭᠠᠳ ᠪᠠᠶᠢᠵᠦ ᠪᠤᠯᠬᠤ ᠦᠭᠡᠢ᠃ ︿ᠨᠢᠭᠡ ᠮᠤᠳᠤᠨ ᠰᠠᠭᠤᠯᠠᠭ᠎ᠠ ᠳᠤ ᠭᠡᠳᠦᠢ | ᠤᠰᠤ ᠪᠠᠭᠳᠠᠬᠤ ᠨᠢ ᠬᠠᠮᠤᠭ ᠦᠨᠳᠦᠷ ᠮᠤᠳᠤᠨ ᠬᠠᠪᠳᠠᠰᠤ ᠪᠠᠷ ᠲᠤᠬᠳᠠᠭᠠᠬᠳᠠᠬᠤ ᠪᠢᠰᠢ᠂ ᠬᠠᠷᠢᠨ ᠬᠠᠮᠤᠭ ᠤᠬᠤᠷ | ᠮᠤᠳᠤᠨ ᠬᠠᠪᠳᠠᠰᠤ ᠪᠠᠷ ᠲᠤᠬᠳᠠᠭᠠᠬᠳᠠᠨᠠ﹀ ᠭᠡᠰᠡᠨ ᠮᠠᠰᠢ ᠬᠦᠨ ᠤᠳᠬ᠎ᠠ ᠰᠠᠨᠠᠭ᠎ᠠ ᠲᠠᠢ ᠦᠭᠡ ᠪᠠᠶᠢᠳᠠᠭ᠃ ᠪᠢᠳᠠ | ᠰᠤᠷᠤᠯᠭ᠎ᠠ ᠠᠨᠠᠢ ᠰᠤᠷᠤᠬᠴᠢᠳ ᠤᠨ ᠢᠶᠠᠨ ᠭᠡᠪ ᠴᠢᠨᠠᠷ ᠢ ᠲᠡᠭᠡᠭᠰᠢᠯᠡᠬᠦᠯᠵᠦ ᠴᠢᠳᠠᠪᠠᠯ ᠰᠠᠶ᠋ᠢ ᠮᠠᠨ ᠤ | ᠰᠤᠷᠭᠠᠭᠤᠯᠢ ᠶᠢᠨ ᠦᠷᠢᠰᠦᠯᠳᠦᠬᠦ ᠬᠦᠴᠦᠨ ᠪᠦᠬᠦ ᠲᠠᠯ᠎ᠠ ᠪᠠᠷ ᠲᠡᠭᠡᠭᠰᠢᠯᠡᠵᠦ ᠴᠢᠳᠠᠨ᠎ᠠ᠃ ᠰᠤᠷᠤᠯᠭ᠎ᠠ ᠠᠨᠠᠢ | ᠰᠤᠷᠤᠬᠴᠢ ᠶᠢ ᠬᠠᠷᠠᠭᠠᠯᠵᠠᠬᠤ ᠳᠤ ᠰᠤᠷᠤᠯᠭ᠎ᠠ ᠳᠠᠭᠠᠨ ᠬᠦᠴᠢᠷᠳᠡᠵᠦ ᠪᠠᠶᠢᠭ᠎ᠠ ᠶᠢᠨ ᠦᠨᠳᠦᠰᠦᠨ ᠰᠢᠯᠲᠠᠭᠠᠨ ᠢ ᠨᠢ | ᠡᠷᠢᠵᠦ ᠤᠯᠬᠤ ᠬᠡᠷᠡᠭᠲᠠᠢ᠃ ᠡᠳᠦᠷ ᠤᠨ ᠰᠤᠷᠤᠬᠰᠠᠨ ᠢᠶᠠᠨ ᠡᠳᠦᠷ ᠲᠡᠭᠡᠨ ᠲᠠᠪᠲᠠᠵᠦ ᠰᠢᠩᠭᠡᠭᠡᠵᠦ ᠪᠠᠶᠢᠬᠤ ᠡᠰᠡᠬᠦ᠂ | ᠪᠠᠭᠰᠢ ᠶᠢᠨ ᠵᠢᠭᠠᠬᠰᠠᠨ ᠢ ᠤᠢᠢᠯᠠᠭᠠᠵᠦ ᠪᠠᠶᠢᠬᠤ ᠡᠰᠡᠬᠦ ᠵᠡᠷᠭᠡ ᠠᠴᠠ ᠭᠠᠷ ᠤᠷᠤᠵᠦ ᠪᠠᠶᠢᠴᠠᠭᠠᠯᠳᠠ ᠬᠢᠨ᠎ᠠ ᠭᠡᠵᠦ | ᠱᠤᠸᠠᠩ ᠰᠢ ᠵᠠᠬᠢᠷᠤᠯ ᠠᠴᠠ ᠲᠠᠶᠢᠯᠪᠤᠷᠢᠯᠠᠬᠰᠠᠨ ᠪᠠᠶᠢᠨ᠎ᠠ᠃ | ᠪᠠᠶᠠᠷᠳᠦᠬᠤᠰᠢᠭᠤ ᠰᠤᠷᠭᠠᠭᠤᠯᠢ ᠶᠢᠨ ᠪᠠᠭ᠎ᠠ ᠰᠤᠷᠭᠠᠭᠤᠯᠢ ᠶᠢᠨ ᠠᠩᠭᠢ ᠳᠤ ᠲᠠᠩᠬᠢᠰ ᠭᠡᠰᠡᠨ ᠰᠤᠷᠤᠭᠴᠢ | ᠪᠠᠶᠢᠵᠠᠢ᠃ ᠰᠠᠶ᠋ᠢ ᠢᠷᠡᠬᠦ ᠳᠡᠭᠡᠨ ᠨᠡᠷ᠎ᠡ ᠪᠠᠨ ᠴᠦ ᠪᠢᠴᠢᠵᠦ ᠴᠢᠳᠠᠬᠤ ᠦᠭᠡᠢ᠂ ᠠᠷᠪᠠ ᠬᠦᠷᠳᠡᠯᠡᠬᠢ ᠲᠤᠭ᠎ᠠ ᠶᠢ ᠴᠦ | ᠪᠢᠴᠢᠵᠦ ᠴᠢᠳᠠᠬᠤ ᠦᠭᠡᠢ ᠪᠠᠶᠢᠪᠠ᠃ ᠪᠠᠭᠰᠢ ᠨᠠᠷ ᠨᠢ ᠲᠠᠩᠬᠢᠰ ᠤᠨ ᠰᠠᠭᠤᠷᠢ ᠮᠡᠳᠡᠯᠭᠡ ᠪᠠᠨ ᠬᠦᠢᠴᠡᠳ | ᠡᠵᠡᠮᠰᠢᠭᠰᠡᠨ ᠦᠭᠡᠢ ᠶᠢ ᠪᠠᠶᠢᠴᠠᠭᠠᠵᠦ ᠮᠡᠳᠡᠭᠡᠳ ᠪᠤᠰᠤᠳ ᠰᠤᠷᠤᠬᠴᠢ ᠠᠴᠠ ᠬᠤᠴᠤᠷᠴᠤ ᠪᠠᠶᠢᠭ᠎ᠠ ᠬᠢᠴᠢᠶᠡᠯ ᠤᠨ | ᠠᠭᠤᠯᠭ᠎ᠠ ᠶᠢ ᠨᠦᠬᠦᠵᠦ ᠦᠭᠬᠦᠭᠰᠡᠨ ᠪᠠᠶᠢᠨ᠎ᠠ᠃ ᠲᠡᠷᠡ ᠪᠠᠷ ᠤᠢᠢᠯᠠᠭᠠᠵᠦ ᠮᠡᠳᠡᠬᠦ ᠦᠭᠡᠢ ᠵᠦᠢᠯ ᠢᠶᠠᠨ ᠪᠦᠬᠦᠳᠡ | ᠮᠡᠳᠡᠭᠰᠡᠨ ᠠᠴᠠ ᠰᠤᠷᠤᠯᠴᠠᠬᠤ ᠤᠷᠮ᠎ᠠ ᠵᠤᠷᠢᠭ ᠨᠢ ᠶᠡᠭᠡᠪᠡᠷ ᠨᠡᠮᠡᠭᠳᠡᠵᠦ ᠵᠠᠷᠢᠮ ᠲᠠᠯ᠎ᠠ ᠪᠠᠷ ᠪᠤᠰᠤᠳ | ᠨᠦᠬᠦᠳ ᠠᠴᠠ ᠪᠠᠨ ᠴᠦ ᠲᠠᠪᠠᠵᠦ ᠭᠠᠷᠪᠠ᠃ ᠲᠡᠩᠬᠢᠰ ᠤᠳᠤ ᠵᠠᠭᠤ ᠲᠤᠳᠤᠷᠠᠬᠢ ᠲᠤᠭ᠎ᠠ ᠶᠢ ᠴᠦᠮ ᠪᠤᠳᠤᠵᠦ | ᠪᠢᠴᠢᠵᠦ ᠲᠡᠶᠢᠯᠬᠦ ᠪᠤᠯᠵᠠᠢ᠃ | ᠵᠠᠷᠢᠮ ᠰᠤᠷᠤᠬᠴᠢᠳ ᠬᠢᠴᠢᠶᠡᠯ ᠲᠡᠭᠡᠷ᠎ᠠ ᠪᠠᠨ ᠪᠠᠭᠰᠢ ᠶᠢᠨ ᠶᠠᠷᠢᠬᠤ ᠶᠢ ᠤᠢᠢᠯᠠᠭᠠᠬᠤ ᠦᠭᠡᠢ ᠪᠤᠯ ᠪᠦᠳᠦᠨ | ᠬᠢᠴᠢᠶᠡᠯ ᠢᠶᠠᠷ ᠮᠡᠯᠡᠷᠡᠨ ᠰᠠᠭᠤᠵᠦ᠂ ᠬᠢᠴᠢᠶᠡᠯ ᠪᠠᠭᠤᠬᠤ ᠶᠢ ᠲᠡᠰᠭᠡᠯ ᠦᠭᠡᠢ ᠬᠦᠯᠢᠶᠡᠳᠡᠭ᠂ ᠲᠠᠷᠠᠭ᠎ᠠ | ᠬᠢᠴᠢᠶᠡᠯ ᠠᠴᠠ ᠨᠢ ᠰᠢᠨ᠎ᠠ ᠠᠭᠤᠯᠭ᠎ᠠ ᠵᠢᠭᠠᠪᠠᠯ ᠨᠡᠩ ᠢᠯᠡᠬᠦᠦ ᠤᠢᠢᠯᠠᠭᠠᠵᠦ ᠲᠡᠶᠢᠯᠬᠦ ᠦᠭᠡᠢ ᠪᠤᠯᠳᠠᠭ᠃ | ᠪᠠᠶᠠᠷᠳᠦᠬᠤᠰᠢᠭᠤ ᠰᠤᠷᠭᠠᠭᠤᠯᠢ ᠠᠴᠠ ᠡᠶᠢᠮᠦᠷᠬᠦᠦ ᠪᠠᠶᠢᠳᠠᠯ ᠭᠠᠷᠬᠤ ᠶᠢ ᠰᠡᠷᠭᠡᠶᠢᠯᠡᠬᠦ ᠶᠢᠨ ᠲᠦᠯᠦᠭᠡ ᠨᠢᠭᠡ | ᠲᠦᠷᠦᠯ ᠤᠨ ᠬᠢᠴᠢᠶᠡᠯ ᠤᠷᠤᠪᠡᠯ ᠵᠠᠯᠭᠠᠭᠠᠳ ᠡᠨᠡ ᠲᠦᠷᠦᠯ ᠤᠨ ᠬᠢᠴᠢᠶᠡᠯ ᠤᠨ ᠲᠠᠪᠳᠠᠯᠭ᠎ᠠ ᠶᠢ ᠤᠷᠤᠵᠦ᠂ | ᠲᠤᠰᠬᠠᠢᠢᠯᠠᠨ ᠬᠢᠴᠢᠶᠡᠯ ᠲᠡᠭᠡᠷ᠎ᠠ ᠤᠢᠢᠯᠠᠭᠠᠵᠦ ᠮᠡᠳᠡᠭᠰᠡᠨ ᠦᠭᠡᠢ ᠰᠤᠷᠤᠬᠴᠢᠳ ᠤᠨ ᠬᠦᠴᠢᠷᠳᠡᠵᠦ ᠪᠠᠶᠢᠭ᠎ᠠ | ᠮᠡᠳᠡᠯᠭᠡ ᠶᠢᠨ ᠴᠡᠭ ᠲᠤ ᠲᠠᠶᠢᠯᠪᠤᠷᠢᠯᠠᠯᠳᠠ ᠬᠢᠳᠡᠭ᠃ ᠦᠭᠡ ᠶᠠᠷᠢᠶ᠎ᠠ ᠪᠠᠷ ᠵᠤᠷᠢᠬᠵᠢᠭᠤᠯᠬᠤ ᠪᠤᠶᠤ ᠠᠭᠤᠷᠯᠠᠵᠦ | ᠠᠶᠤᠯᠭᠠᠨ ᠪᠠᠶᠢᠵᠦ ᠰᠤᠷᠤᠬᠴᠢ ᠶᠢ ᠰᠠᠶᠢᠨ ᠰᠤᠷᠭᠠᠬᠤ ᠭᠡᠵᠦ ᠴᠢᠷᠮᠠᠶᠢᠬᠤ ᠨᠢ ᠰᠤᠷᠤᠬᠴᠢ ᠲᠠᠢ ᠶᠠᠷᠢᠯᠴᠠᠵᠦ | ᠰᠤᠷᠤᠬᠴᠢ ᠶᠢᠨ ᠪᠠᠶᠢᠳᠠᠯ ᠢ ᠬᠦᠨ ᠤᠢᠢᠯᠠᠭᠠᠵᠦ᠂ ᠰᠤᠷᠤᠬᠴᠢ ᠶᠢᠨ ᠬᠦᠴᠢᠷᠳᠡᠯ ᠢ ᠦᠨᠳᠦᠰᠦᠨ ᠠᠴᠠ ᠨᠢ | ᠰᠢᠢᠳᠪᠦᠷᠢᠯᠠᠬᠦ ᠶᠢ ᠬᠦᠷᠬᠦ ᠦᠭᠡᠢ᠃ ᠰᠤᠷᠤᠬᠴᠢ ᠦᠪᠡᠷ ᠤᠨ ᠰᠤᠷᠴᠤ ᠪᠠᠶᠢᠭ᠎ᠠ ᠬᠢᠴᠢᠶᠡᠯ ᠲᠦᠷᠦᠯ ᠳᠡᠭᠡᠨ ᠤᠷᠳᠤ | ᠬᠤᠭᠤᠴᠠᠭ᠎ᠠ ᠪᠠᠷ ᠬᠦᠴᠢᠷᠳᠡᠪᠡᠯ ᠦᠪᠡᠷ ᠤᠨ ᠪᠡᠶ᠎ᠠ ᠳᠡᠭᠡᠨ ᠢᠲᠡᠬᠡᠯ ᠠᠯᠳᠠᠵᠦ᠂ ᠰᠤᠷᠤᠯᠭ᠎ᠠ ᠠᠮᠢᠳᠤᠷᠠᠯ ᠳᠠᠭᠠᠨ | ᠭᠤᠳᠤᠷᠠᠩᠭᠤᠢ ᠤᠪᠤᠷ ᠲᠠᠢ ᠪᠤᠯᠵᠦ ᠮᠡᠳᠡᠨ᠎ᠠ᠃ | ᠤᠢᠢᠷ᠎ᠠ ᠶᠢᠨ ᠵᠢᠯ ᠠᠴᠠ ᠨᠡᠶᠢᠭᠡᠮ ᠨᠡᠶᠢᠳᠠ ᠪᠠᠷ ᠢᠶᠠᠨ ᠨᠤᠮ ᠤᠡᠭᠰᠢᠬᠤ ᠶᠢ ᠴᠢᠬᠤᠯᠠᠴᠢᠯᠠᠭᠰᠡᠨ ᠠᠴᠠ ᠶᠡᠭᠡ | ᠰᠤᠷᠭᠠᠭᠤᠯᠢ ᠳᠤ ᠲᠠᠪᠰᠢᠬᠤ ᠮᠤᠩᠭᠤᠯ ᠬᠡᠯᠡᠨ ᠤ ᠰᠢᠯᠭᠠᠯᠲᠠ ᠶᠢᠨ ᠰᠡᠳᠦᠪ ᠲᠤ ᠬᠤᠪᠢᠷᠠᠯᠳᠠ ᠭᠠᠷᠪᠠ᠃ ᠤᠡᠭᠰᠢᠨ | ᠵᠠᠳᠠᠯᠬᠤ ᠰᠡᠳᠦᠪ 40 ᠬᠤᠪᠢ᠂ ᠵᠤᠬᠢᠶᠠᠨ ᠪᠢᠴᠢᠯᠭᠡ ᠶᠢᠨ ᠰᠡᠳᠦᠪ 50 ᠬᠤᠪᠢ ᠶᠢ ᠡᠵᠡᠯᠡᠵᠦ᠂ ᠪᠤᠰᠤᠳ | ᠰᠡᠳᠦᠪ ᠨᠢ ᠪᠦᠬᠦᠳᠡᠭᠡᠷ ᠢᠶᠠᠨ ᠨᠠᠶᠢᠯᠡᠭᠡᠳ ᠰᠠᠶ᠋ᠢ 60 ᠬᠤᠪᠢ ᠶᠢ ᠡᠵᠡᠯᠡᠳᠡᠭ᠃ ᠤᠡᠭᠰᠢᠨ ᠵᠠᠳᠠᠯᠬᠤ ᠰᠡᠳᠦᠪ ᠪᠤᠯᠤᠨ | ᠵᠤᠬᠢᠶᠠᠯ ᠨᠢ ᠬᠢᠴᠢᠶᠡᠯ ᠤᠨ ᠲᠡᠪᠳᠡᠷ ᠠᠴᠠ ᠰᠢᠭᠤᠳ ᠭᠠᠷᠳᠠᠭ ᠦᠭᠡᠢ᠂ ᠰᠠᠶᠢᠨ ᠬᠤᠪᠢ ᠤᠯᠤᠶ᠎ᠠ ᠭᠡᠪᠡᠯ ᠡᠷᠬᠡᠪᠰᠢ | ᠤᠯᠠᠨ ᠨᠤᠮ ᠤᠡᠭᠰᠢᠬᠰᠡᠨ ᠪᠠᠶᠢᠬᠤ ᠬᠡᠷᠩᠲᠠᠢ᠃ ᠭᠡᠳᠦ᠋ᠢᠪᠡᠷ ᠪᠠᠭ᠎ᠠ ᠰᠤᠷᠭᠠᠭᠤᠯᠢ᠂ ᠠᠩᠬ᠎ᠠ ᠲᠤᠮᠳᠠᠳᠦ ᠶᠢᠨ | ᠰᠢᠯᠭᠠᠯᠲᠠ ᠳᠤ ᠤᠡᠭᠰᠢᠨ ᠵᠠᠳᠠᠯᠬᠤ ᠰᠡᠳᠦᠪ ᠪᠤᠯᠤᠨ ᠵᠤᠬᠢᠶᠠᠨ ᠪᠢᠴᠢᠯᠭᠡ ᠶᠢᠨ ᠰᠡᠳᠦᠪ ᠤᠨ ᠬᠠᠷᠢᠴᠠᠯ ᠦᠨᠳᠦᠷ | ᠪᠢᠰᠢ ᠪᠤᠯᠪᠠᠴᠦ ᠪᠠᠶᠠᠷᠳᠦᠬᠤᠰᠢᠭᠤ ᠰᠤᠷᠭᠠᠭᠤᠯᠢ ᠨᠤᠮ ᠤᠩᠰᠢᠬᠤ ᠶᠢ ᠬᠦᠡᠭᠭᠡᠪᠴᠢᠯᠠᠵᠦ ᠦᠵᠡᠭᠰᠡᠨ ᠦᠭᠡᠢ᠃ | ᠰᠤᠷᠤᠬᠴᠢᠳ ᠢᠶᠠᠨ ᠨᠤᠮ ᠤᠩᠰᠢᠬᠤ ᠰᠠᠶᠢᠨ ᠰᠠᠶᠢᠬᠠᠨ ᠵᠠᠩᠰᠢᠯ ᠲᠠᠳᠬᠠᠯ ᠲᠠᠢ ᠪᠤᠯᠭᠠᠨ ᠬᠦᠮᠦᠵᠢᠬᠦᠯᠵᠦ᠂ ᠪᠤᠰᠤᠳ | ᠬᠢᠴᠢᠶᠡᠯ ᠢ ᠰᠠᠶᠢᠨ ᠰᠤᠷᠬᠤ ᠳᠤ ᠰᠠᠭᠤᠷᠢ ᠪᠤᠯᠭᠠᠬᠤ ᠶᠢᠨ ᠲᠦᠯᠦᠭᠡ ᠰᠤᠷᠤᠬᠴᠢᠳ ᠲᠤ ᠬᠡᠯᠡ ᠪᠢᠴᠢᠭ ᠤᠨ ᠬᠢᠴᠢᠶᠡᠯ | ᠵᠢᠭᠠᠬᠤ ᠶᠢᠨ ᠲᠠᠭᠠᠤ ᠳᠤ ︽ᠮᠤᠩᠭᠤᠯ ᠤᠨ ᠨᠢᠭᠤᠴᠠ ᠲᠤᠪᠴᠢᠶᠠᠨ︾᠂ ︽ᠬᠤᠷᠴᠢᠨ ᠤ ᠲᠤᠮᠤᠭ︾᠂ ︽ᠲᠢᠳᠢᠮ | ᠦᠭᠡ︾᠂ ︽ᠡᠪᠦᠭᠡᠨ ᠪᠠ ᠲᠠᠯᠠᠢ︾ ᠵᠡᠷᠭᠡ ᠨᠤᠮ ᠢ ᠵᠠᠪᠠᠯ ᠤᠩᠰᠢᠬᠤ ᠭᠡᠷᠡᠭᠳᠠᠢ ᠨᠤᠮ ᠢᠶᠠᠷ ᠲᠤᠬᠳᠠᠭᠠᠬᠰᠠᠨ | ᠪᠠᠶᠢᠨ᠎ᠠ᠃ | ᠊᠊᠊᠊᠊᠊ ᠪᠠᠭᠰᠢ ᠨᠠᠷ ᠤᠨ ᠢᠶᠠᠨ ᠬᠢᠴᠢᠶᠡᠯᠯᠡᠬᠦ ᠴᠢᠨᠠᠷ ᠴᠢᠨᠰᠠᠭ᠎ᠠ ᠶᠢ ᠲᠡᠭᠡᠭᠰᠢᠯᠡᠬᠦᠯᠬᠦ ᠶᠢᠨ ᠲᠦᠯᠦᠭᠡ | ᠰᠤᠷᠭᠠᠭᠤᠯᠢ ᠠᠴᠠ ᠤᠯᠠᠨ ᠵᠢᠯ ᠤᠨ ᠲᠤᠷᠰᠢ ᠪᠠᠭᠰᠢ ᠪᠠᠨ ᠭᠠᠳᠠᠬᠰᠢ ᠭᠠᠷᠭᠠᠵᠦ ᠰᠤᠷᠤᠯᠴᠠᠭᠤᠯᠬᠤ᠂ ᠭᠠᠳᠠᠨ᠎ᠠ ᠠᠴᠠ | ᠨᠡᠷᠡᠳᠦ ᠪᠠᠭᠰᠢ ᠤᠷᠢᠵᠦ ᠬᠢᠴᠢᠶᠡᠯ ᠤᠷᠤᠭᠤᠯᠬᠤ ᠵᠡᠷᠭᠡ ᠤᠯᠠᠨ ᠵᠦᠢᠯ ᠤᠨ ᠠᠷᠭ᠎ᠠ ᠬᠡᠮᠵᠢᠶ᠎ᠠ ᠠᠪᠤᠬᠰᠠᠨ ᠶᠤᠮ᠃ | ᠡᠬᠦᠨ ᠤ ᠠᠴᠢ ᠪᠠᠷ ᠮᠠᠨ ᠤ ᠪᠠᠭᠰᠢ ᠨᠠᠷ ᠤᠨ ᠭᠡᠪ ᠴᠢᠨᠠᠷ ᠲᠡᠭᠡᠭᠰᠢᠯᠡᠵᠦ᠂ ︽ᠮᠡᠳᠡᠯᠭᠡ ᠶᠢᠨ ᠴᠡᠭ ᠤᠨ | ᠲᠤᠭᠤᠷᠢᠨ ᠳᠤ ᠬᠠᠮᠳᠤᠪᠡᠷ ᠬᠢᠴᠢᠶᠡᠯ ᠪᠡᠯᠡᠳᠭᠡᠬᠦ ᠠᠷᠭ᠎ᠠ︾ ᠶᠢ ᠡᠬᠦᠳᠦᠭᠰᠡᠨ ᠪᠠᠶᠢᠨ᠎ᠠ᠃ ᠤᠤᠯ ᠳᠠᠭᠠᠨ ᠬᠠᠮᠳᠤᠪᠡᠷ | ᠬᠢᠴᠢᠶᠡᠯ ᠪᠡᠯᠡᠳᠭᠡᠬᠦ ᠳᠤ ᠤᠷᠢᠳᠠᠪᠡᠷ ᠨᠢᠭᠡ ᠪᠠᠭᠰᠢ ᠦᠪᠡᠷ ᠤᠨ ᠰᠡᠳᠬᠢᠮᠵᠢ ᠪᠠᠷ ᠬᠢᠴᠢᠶᠡᠯ ᠪᠡᠯᠡᠳᠭᠡᠵᠦ᠂ ᠪᠤᠰᠤᠳ | ᠪᠠᠭᠰᠢ ᠨᠢ ᠬᠠᠪᠰᠤᠷᠤᠮᠵᠢ ᠪᠤᠯᠵᠦ ᠶᠠᠷᠢᠨ᠎ᠠ᠃ ᠶᠡᠷᠦ ᠶᠢᠨ ᠪᠠᠶᠢᠳᠠᠯ ᠲᠤᠤᠷ᠎ᠠ ᠪᠠᠭᠰᠢ ᠨᠠᠷ ᠬᠢᠴᠢᠶᠡᠯ ᠪᠡᠯᠡᠳᠭᠡᠭᠰᠡᠨ | ᠪᠠᠭᠰᠢ ᠶᠢᠨ ᠪᠤᠷᠤᠭᠤ ᠶᠢ ᠵᠠᠯᠠᠷᠠᠭᠤᠯᠵᠦ ᠬᠡᠯᠡᠬᠦ ᠲᠤᠷ᠎ᠠ ᠦᠭᠡᠢ᠂ ᠡᠨᠡ ᠨᠢ ᠪᠠᠭᠰᠢ ᠨᠠᠷ ᠤᠨ ᠠᠪᠢᠶᠠᠰ ᠴᠢᠳᠠᠪᠤᠷᠢ ᠶᠢ | ᠬᠦᠢᠴᠡᠳ ᠪᠠᠳᠠᠷᠠᠭᠤᠯᠬᠤ ᠳᠤ ᠬᠠᠷᠰᠢ ᠰᠠᠭᠠᠳ ᠪᠤᠯᠳᠠᠭ ᠭᠡᠵᠦ ᠱᠤᠸᠠᠩ ᠰᠢ ᠠᠴᠠ ᠨᠠᠷᠢᠯᠢᠭ ᠲᠠᠶᠢᠯᠪᠤᠷᠢᠯᠠᠪᠠ᠃ | ︽ᠮᠡᠳᠡᠯᠭᠡ ᠶᠢᠨ ᠴᠡᠭ ᠤᠨ ᠲᠤᠭᠤᠷᠢᠨ ᠳᠤ ᠬᠠᠮᠳᠤᠪᠡᠷ ᠬᠢᠴᠢᠶᠡᠯ ᠪᠡᠯᠡᠳᠭᠡᠬᠦ︾ ᠨᠢ ᠬᠢᠴᠢᠶᠡᠯᠯᠡᠬᠦ ᠪᠠᠭᠰᠢ ᠶᠢ | ᠤᠷᠢᠳᠡᠪᠡᠷ ᠲᠤᠬᠳᠠᠭᠠᠬᠤ ᠦᠭᠡᠢ᠂ ᠬᠢᠴᠢᠶᠡᠯ ᠪᠡᠯᠡᠳᠭᠡᠬᠦ ᠪᠠᠭᠰᠢ ᠨᠠᠷ ᠵᠢᠭᠠᠬᠤ ᠬᠢᠴᠢᠶᠡᠯ ᠳᠤ ᠭᠡᠳᠦᠨ ᠮᠡᠳᠡᠯᠭᠡ ᠶᠢᠨ | ᠴᠡᠭ ᠪᠠᠶᠢᠬᠤ᠂ ᠮᠡᠳᠡᠯᠭᠡ ᠶᠢᠨ ᠴᠡᠭ ᠢᠶᠠᠨ ᠨᠠᠷᠢᠯᠢᠭᠵᠢᠭᠤᠯᠵᠦ ᠰᠤᠷᠤᠬᠴᠢ ᠳᠤ ᠭᠡᠷᠬᠢᠨ ᠤᠢᠢᠯᠠᠭᠤᠯᠬᠤ᠂ | ᠰᠤᠷᠤᠬᠴᠢ ᠶᠢᠨ ᠠᠩᠬᠠᠷᠤᠯ ᠢ ᠭᠡᠷᠬᠢᠨ ᠲᠠᠳᠠᠬᠤ ᠶᠢ ᠶᠠᠷᠢᠯᠴᠠᠵᠦ᠂ ᠬᠢᠴᠢᠶᠡᠯ ᠤᠷᠤᠬᠤ ᠠᠷᠭ᠎ᠠ ᠮᠠᠶ᠋ᠢᠭ ᠢᠶᠠᠨ | ᠰᠤᠩᠭᠤᠬᠰᠡᠨ ᠤ ᠲᠠᠷᠠᠭ᠎ᠠ ᠬᠢᠴᠢᠶᠡᠯᠯᠡᠬᠦ ᠪᠠᠭᠰᠢ ᠶᠢ ᠲᠤᠬᠳᠠᠭᠠᠨ᠎ᠠ᠃ ᠬᠢᠴᠢᠶᠡᠯ ᠢᠶᠠᠨ ᠤᠷᠤᠵᠦ ᠪᠠᠷᠠᠬᠰᠠᠨ ᠤ | ᠲᠠᠷᠠᠭ᠎ᠠ ᠬᠢᠴᠢᠶᠡᠯ ᠤᠨ ᠦᠷ᠎ᠠ ᠠᠰᠢᠭ ᠶᠠᠮᠠᠷ ᠵᠡᠷᠭᠡ ᠪᠤᠯᠤᠬᠰᠠᠨ ᠲᠤᠬᠠᠢ ᠳ᠋ᠦᠩᠨᠡᠯᠲᠡ ᠬᠢᠨ᠎ᠠ᠂ ᠠᠯᠢ ᠮᠡᠳᠡᠯᠭᠡ ᠶᠢᠨ | ᠴᠡᠭ ᠢ ᠭᠡᠳᠦ ᠨᠠᠷᠢᠯᠢᠭ ᠶᠠᠷᠢᠬᠰᠠᠨ᠂ ᠰᠤᠷᠤᠬᠴᠢ ᠶᠢᠨ ᠤᠷᠮ᠎ᠠ ᠪᠠᠬ᠎ᠠ ᠶᠢ ᠲᠠᠲᠠᠵᠦ ᠲᠡᠶᠢᠯᠦᠭᠰᠡᠨ ᠡᠰᠡᠬᠦ ᠶᠢ ᠪᠦᠬᠦ | ᠲᠠᠯ᠎ᠠ ᠪᠠᠷ ᠳ᠋ᠦᠩᠨᠡᠵᠦ ᠠᠯᠳᠠᠭ᠎ᠠ ᠲᠤᠳᠠᠬᠳᠠᠯ ᠢᠶᠠᠨ ᠲᠠᠷᠠᠭᠠᠴᠢ ᠶᠢᠨ ᠬᠢᠴᠢᠶᠡᠯ ᠳᠤ ᠵᠠᠰᠠᠵᠦ ᠶᠠᠷᠢᠨ᠎ᠠ᠃ | ᠡᠨᠡᠬᠦ ᠠᠷᠭ᠎ᠠ ᠨᠢ ᠰᠢᠨᠵᠢᠯᠡᠬᠦ ᠤᠬᠠᠭᠠᠨᠴᠢ ᠬᠢᠴᠢᠶᠡᠯᠯᠡᠬᠦ ᠠᠷᠭ᠎ᠠ ᠪᠤᠯᠤᠨ ᠰᠢᠯᠢᠳᠡᠭ ᠪᠠᠭᠰᠢ ᠶᠢᠨ ᠵᠢᠭᠠᠨ | ᠰᠤᠷᠭᠠᠬᠤ ᠲᠤᠷᠰᠢᠯᠭ᠎ᠠ ᠶᠢ ᠬᠦᠢᠴᠡᠳ ᠠᠰᠢᠬᠯᠠᠬᠰᠠᠨ ᠠᠴᠠ ᠪᠠᠭᠰᠢ ᠨᠠᠷ ᠤᠨ ᠬᠢᠴᠢᠶᠡᠯᠯᠡᠬᠦ ᠢᠳᠡᠪᠬᠢᠵᠢᠯ ᠦᠨᠳᠦᠷ᠂ | ᠰᠤᠷᠤᠬᠴᠢᠳ ᠤᠨ ᠬᠢᠷᠢ ᠪᠦᠳᠦᠮᠵᠢ ᠴᠦ ᠮᠡᠳᠡᠭᠳᠡᠮ᠎ᠠ ᠲᠡᠭᠡᠭᠰᠢᠯᠡᠭᠰᠡᠨ ᠪᠠᠶᠢᠨ᠎ᠠ᠃ 2018 ᠤᠨ ᠳᠤ ᠤᠷᠠᠯᠢᠭ᠂ | ᠰᠠᠴᠤᠷᠠᠨ᠎ᠠ ᠬᠤᠶᠠᠷ ᠤᠨ ᠦᠨᠳᠦᠷ ᠲᠤᠮᠳᠠᠳᠦ ᠳᠤ ᠰᠢᠯᠭᠠᠭᠤᠯᠤᠬᠰᠠᠨ ᠬᠤᠪᠢ 720 ᠶᠢ ᠲᠠᠪᠠᠵᠠᠢ᠃ ᠡᠨᠡᠬᠦ ᠬᠢᠷᠢ | ᠪᠦᠳᠦᠮᠵᠢ ᠰᠤᠮᠤ ᠪᠠᠯᠭᠠᠰᠤ ᠶᠢᠨ ᠰᠤᠷᠭᠠᠭᠤᠯᠢ ᠳᠤ ᠮᠠᠰᠢ ᠴᠦᠭᠡᠨ ᠬᠠᠷᠠᠬᠳᠠᠳᠠᠭ᠃ ᠠᠩᠬ᠎ᠠ ᠭᠤᠷᠪᠠ ᠶᠢᠨ | ᠰᠤᠷᠤᠬᠴᠢ ᠦᠷᠯᠦᠭ ᠬᠦᠯᠦᠨ ᠪᠤᠶᠢᠷ ᠲᠤ ᠶᠠᠪᠤᠬᠳᠠᠬᠰᠠᠨ ᠲᠠᠪᠤᠨ ᠤᠯᠤᠰ ᠤᠨ ᠭᠡᠤᠭᠡᠳ ᠤᠨ ᠪᠦᠭᠡ ᠶᠢᠨ | ᠮᠦᠷᠦ᠋ᠢᠴᠡᠭᠡᠨ ᠳᠤ ᠠᠯᠳᠠᠨ ᠮᠧᠳᠡᠯ ᠠᠪᠴᠠᠢ᠂ ᠤᠯᠠᠭᠠᠢ ᠳᠤ ᠶᠠᠪᠤᠬᠳᠠᠬᠰᠠᠨ ᠪᠦᠬᠦ ᠤᠷᠤᠨ ᠤ ᠪᠦᠭᠡ ᠶᠢᠨ | ᠤᠷᠤᠯᠳᠤᠭᠠᠨ ᠳᠤ ᠮᠦᠨ ᠬᠦ ᠠᠯᠳᠠᠨ ᠮᠧᠳᠡᠯ ᠭᠠᠷᠳᠠᠵᠠᠢ᠃ ᠡᠬᠦᠨ ᠠᠴᠠ ᠠᠰᠳᠠᠭᠠᠨ ᠬᠠᠨᠭ᠍ᠭᠠᠢ᠂ ᠱᠦ ᠭᠤᠸᠠᠩ | ᠵᠡᠷᠭᠡ ᠰᠤᠷᠤᠬᠴᠢ ᠪᠠᠰᠠ ᠤᠯᠠᠨ ᠤᠯᠤᠰ ᠤᠷᠤᠨ ᠤ ᠪᠦᠬᠡ ᠶᠢᠨ ᠤᠷᠤᠯᠳᠤᠭᠠᠨ ᠳᠤ ᠠᠯᠳᠠᠨ ᠮᠧᠳᠡᠯ ᠮᠦᠡᠭᠬᠦᠨ | ᠮᠧᠳᠡᠯ ᠠᠪᠴᠤ ᠪᠠᠶᠢᠨ᠎ᠠ᠃ ᠬᠦᠤᠳᠠᠭᠤᠯᠠ᠂ ᠤᠶᠦᠨᠪᠢᠯᠢᠭ ᠬᠤᠶᠠᠷ ᠵᠠᠯᠠᠭᠤ ᠪᠠᠭᠰᠢ ᠠᠵᠢᠯᠯᠠᠭᠠᠳ ᠲᠡᠮᠡᠢ ᠤᠳᠠᠭ᠎ᠠ | ᠦᠭᠡᠢ ᠪᠤᠯᠪᠠᠴᠦ ᠬᠤᠳᠠ ᠶᠢᠨ ᠲᠡᠰ ᠤᠨ ᠪᠠᠭᠰᠢ ᠶᠢᠨ ᠵᠢᠭᠠᠨ ᠰᠤᠷᠭᠠᠬᠤ ᠮᠡᠷᠭᠡᠵᠢᠯ ᠤᠨ ᠤᠷᠤᠯᠳᠤᠭᠠᠨ ᠳᠤ | ᠤᠷᠤᠯᠴᠠᠭᠠᠳ ᠨᠢᠭᠡ ᠬᠤᠶᠠᠳᠤᠭᠠᠷ ᠲᠡᠰ ᠤᠨ ᠱᠠᠩᠨᠠᠯ ᠢ ᠭᠠᠷᠳᠠᠬᠰᠠᠨ ᠪᠠᠶᠢᠨ᠎ᠠ᠃ | ᠪᠠᠶᠠᠷᠳᠦᠬᠤᠰᠢᠭᠤ ᠰᠤᠷᠭᠠᠭᠤᠯᠢ ᠪᠠᠶᠢᠭᠤᠯᠤᠬᠳᠠᠬᠰᠠᠨ ᠠᠴᠠ ᠨᠠᠭᠠᠰᠢ ᠵᠢᠭᠠᠨ ᠰᠤᠷᠭᠠᠬᠤ ᠴᠢᠨᠠᠷ ᠴᠢᠨᠰᠠᠭ᠎ᠠ ᠨᠢ | ᠪᠦᠬᠦ ᠬᠤᠰᠢᠭᠤᠨ ᠤ ᠪᠠᠨ ᠮᠤᠩᠭᠤᠯ ᠢᠶᠠᠷ ᠬᠢᠴᠢᠶᠡᠯᠯᠡᠬᠦ ᠰᠤᠷᠭᠠᠭᠤᠯᠢ ᠶᠢᠨ ᠲᠤᠮᠳᠠ ᠤᠷᠦ᠋ᠢᠯᠠᠬᠰᠠᠭᠠᠷ ᠢᠷᠡᠵᠠᠢ᠃ | ᠤᠷᠢᠳ ᠬᠤᠵᠢᠳ ᠬᠤᠰᠢᠭᠤᠨ ᠲᠡᠰ ᠤᠨ ︽ᠪᠤᠯᠪᠠᠰᠤᠨ ᠨᠢᠭᠡᠴᠢ︾᠂ ᠬᠤᠰᠢᠭᠤᠨ ᠲᠡᠰ ᠤᠨ ︽ᠠᠮᠤᠷ ᠲᠦᠪᠰᠢᠨ | ᠰᠤᠷᠭᠠᠭᠤᠯᠢ︾᠂ ᠬᠤᠰᠢᠭᠤᠨ ᠲᠡᠰ ᠤᠨ ︽ᠬᠦᠭᠵᠢᠯᠳᠠ ᠲᠡᠭᠡᠭᠰᠢᠯᠠᠯᠳᠠ ᠶᠢᠨ ᠲᠡᠷᠢᠬᠦᠨ ᠤ ᠨᠢᠭᠡᠴᠢ︾᠂ | ᠬᠤᠰᠢᠭᠤᠨ ᠲᠡᠰ ᠤᠨ ︽ᠰᠤᠷᠭᠠᠨ ᠬᠦᠮᠦᠵᠢᠯ ᠤᠨ ᠶᠠᠰᠤ ᠴᠢᠨᠠᠷ ᠤᠨ ᠲᠡᠭᠡᠭᠰᠢᠯᠡᠬᠦᠯᠦᠯᠳᠠ ᠶᠢᠨ ᠲᠡᠷᠢᠬᠦᠨ ᠤ | ᠰᠤᠷᠭᠠᠭᠤᠯᠢ︾᠂ ︽ᠲᠡᠷᠢᠬᠦᠨ ᠤ ᠨᠠᠮ ᠤᠨ ᠡᠬᠦᠷ︾ ᠵᠡᠷᠭᠡ ᠤᠯᠠᠨ ᠱᠠᠩᠨᠠᠯ ᠬᠦᠬᠢᠬᠦᠯᠦᠯ ᠢ ᠲᠤᠰᠴᠠᠢ᠃ | ᠤᠳᠤᠬᠠᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠡᠦᠭᠡ ᠰᠤᠶᠤᠯ ᠤᠨ ᠲᠡᠭᠡᠳᠦ | ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠦᠢᠯᠡᠳᠦᠯᠭᠡ ᠶᠢᠨ ᠰᠠᠭᠤᠷᠢᠨ ᠭᠠᠵᠠᠷ᠂ ᠬᠤᠷᠴᠢᠨ ᠤ ᠤᠷᠠᠯᠢᠭ ᠤᠨ | ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠲᠠᠳᠤᠯᠭᠠᠵᠢᠭᠤᠯᠬᠤ ᠰᠠᠭᠤᠷᠢᠨ ᠭᠠᠵᠠᠷ | ᠪᠤᠯᠤᠬᠰᠠᠨ ᠪᠦᠭᠡᠳ ᠬᠤᠲᠠ ᠶᠢᠨ ᠲᠡᠰ ᠤᠨ ᠳᠠᠭᠤᠷᠢᠶᠠᠯ ᠦᠵᠡᠬᠦᠯᠬᠦ ᠰᠤᠷᠤᠬᠴᠢ ᠶᠢᠨ ᠪᠠᠶᠢᠷᠢ ᠪᠤᠯᠤᠨ ᠬᠤᠳᠠ ᠶᠢᠨ | ᠲᠡᠰ ᠤᠨ ᠰᠤᠷᠤᠬᠴᠢ ᠶᠢᠨ ᠬᠤᠭᠤᠯᠠᠨ ᠲᠠᠩᠬᠢᠮ ᠲᠠᠢ ᠪᠤᠯᠵᠠᠢ᠃ 2017 ᠤᠨ ᠳᠤ ᠪᠠᠶᠠᠷᠳᠦᠬᠤᠰᠢᠭᠤ | ᠰᠤᠷᠭᠠᠭᠤᠯᠢ ᠶᠢᠨ ᠬᠡᠤᠬᠡᠳ ᠤᠨ ᠴᠡᠴᠡᠷᠯᠢᠭ ᠬᠤᠳᠠ ᠶᠢᠨ ᠲᠡᠰ ᠤᠨ ᠲᠠᠭᠤᠷᠢᠶᠠᠯ ᠦᠵᠡᠬᠦᠯᠬᠦ ᠴᠡᠴᠡᠷᠯᠢᠭ ᠪᠤᠯᠤᠬᠰᠠᠨ | ᠪᠠᠶᠢᠨ᠎ᠠ᠃ |