ᠵᠠᠷᠤᠳ ᠰᠢᠭ᠋ ᠵᠢᠷᠤᠭ ᠵᠢᠷᠤᠭ ᠰᠢᠭ᠋ ᠵᠠᠷᠤᠳ
ᠨᠡᠶᠢᠲᠡᠯᠡᠭᠰᠡᠨ ᠴᠠᠭ᠄
2019/10/29
    ᠤᠷᠴᠢᠮᠬᠠᠨ᠂ ︽70 ᠵᠢᠯ ᠤᠨ ᠭᠡᠷᠡᠴᠢ︾ ᠲᠤᠮᠲᠠᠲᠤ ᠮᠣᠩᠭᠤᠯ ᠤᠨ ᠰᠦᠯᠵᠢᠶᠡᠨ ᠤ ᠰᠤᠷᠪᠤᠯᠵᠢᠯᠠᠭᠴᠢᠳ  ᠤᠨ ᠬᠠᠮᠲᠤᠷᠠᠭᠰᠠᠨ ᠰᠣᠷᠪᠤᠯᠵᠢᠯᠠᠭ᠎ᠠ ᠶᠢᠨ ᠪᠠᠭ ᠤᠨ ᠬᠢᠨ ᠦᠪᠦᠷ ᠮᠤᠩᠭᠤᠯ ᠤᠨ ᠲᠦᠩᠯᠢᠶᠤᠤ ᠬᠤᠲᠠ ᠶᠢᠨ ᠵᠠᠷᠣᠳ ᠬᠤᠰᠢᠭᠤᠨ ᠳᠤ ᠬᠦᠷᠴᠦ᠂ ᠵᠠᠷᠣᠳ ᠨᠤᠲᠤᠭ ᠤᠨ ᠨᠠᠨᠳᠢᠨ ᠦᠪ ᠰᠣᠶᠣᠯ ᠤᠨ ᠨᠢᠭᠡ ᠨᠢ ᠪᠤᠯᠬᠤ ᠵᠠᠷᠤᠳ ᠪᠠᠷ ᠵᠢᠷᠤᠭ ᠲᠠᠢ ᠲᠠᠨᠢᠯᠴᠠᠵᠠᠢ᠃     ᠵᠠᠷᠣᠳ ᠨᠤᠲᠤᠭ ᠨᠢ ᠣᠯᠣᠰ ᠳᠠᠶᠠᠭᠠᠷ ᠠᠯᠳᠠᠷ ᠨᠡᠷ᠎ᠡ ᠪᠠᠨ ᠳᠠᠭᠤᠷᠢᠰᠢᠭᠤᠯᠤᠭᠰᠠᠨ ︽ᠦᠨᠳᠦᠰᠦᠲᠡᠨ ᠤ ᠪᠠᠷ ᠵᠢᠷᠤᠭ ᠤᠨ ᠨᠤᠲᠤᠭ︾ ᠬᠡᠮᠡᠬᠦ ᠰᠠᠶᠢᠬᠠᠨ ᠠᠯᠳᠠᠷ ᠲᠠᠢ ᠪᠠᠶᠢᠳᠠᠭ᠃ ᠵᠠᠷᠣᠳ ᠪᠠᠷ ᠵᠢᠷᠤᠭ ᠨᠢ ᠳᠡᠭᠡᠷ᠎ᠡ ᠵᠠᠭᠤᠨ ᠤ ᠲᠠᠪᠢᠭᠠᠳ ᠤᠨ ᠤ ᠦᠶ᠎ᠡ ᠳᠤ ᠡᠭᠦᠰᠴᠦ᠂ ᠤᠯᠠᠨ ᠵᠢᠯ ᠤᠨ ᠲᠤᠷᠰᠢ 300 ᠭᠠᠷᠦᠢ ᠪᠠᠷ ᠵᠢᠷᠤᠭᠴᠢᠳ ᠢ ᠬᠦᠮᠦᠵᠢᠭᠦᠯᠵᠦ᠂ ᠳᠡᠭᠡᠷ᠎ᠡ ᠦᠶ᠎ᠡ ᠠᠴᠠ ᠮᠡᠷᠭᠡᠨ᠂ ᠵᠤᠷᠢᠭᠲᠤ ᠵᠡᠷᠭᠡ ᠪᠠᠷ ᠵᠢᠷᠤᠭᠴᠢᠳ ᠮᠠᠰᠢ ᠠᠯᠳᠠᠷ ᠴᠤᠤᠲᠠᠢ ᠪᠠᠶᠢᠵᠦ᠂ ᠣᠳᠣ ᠦᠶ᠎ᠡ ᠠᠴᠠ ᠲᠤᠷᠠᠳᠬᠤ ᠪᠠᠷ ᠪᠠᠷ ᠵᠢᠷᠤᠭ ᠤᠨ ᠦᠪᠯᠡᠨ ᠣᠯᠠᠮᠵᠢᠯᠠᠭᠴᠢ ᠬᠠᠨ ᠳᠠᠶᠢᠴᠢᠨ᠂ ᠲᠥᠩ  ᠶᠢᠨ ᠹᠧᠩ᠂ ᠵᠠᠭᠤᠠᠨᠠᠮᠤᠷ ᠨᠠᠷ ᠪᠠᠶᠢᠳᠠᠭ᠃     ᠪᠢᠳᠡᠨᠡᠷ ᠢ ᠵᠠᠷᠣᠳ ᠪᠠᠷ ᠵᠢᠷᠤᠭ ᠤᠨ ᠬᠦᠷᠢᠶᠡᠯᠡᠩ ᠳᠤ ᠬᠦᠷᠬᠦ ᠳᠤ ᠬᠠᠨ ᠳᠠᠶᠢᠴᠢᠨ ᠶᠠᠭ ᠰᠢᠨ᠎ᠡ ᠣᠷᠠᠨ ᠪᠦᠲᠦᠭᠡᠯ ᠢᠶᠠᠨ ᠲᠤᠭᠤᠷᠪᠢᠵᠦ ᠪᠠᠶᠢᠯ᠎ᠠ᠃ ᠲᠡᠷᠡᠪᠡᠷ ᠦᠪᠡᠷ ᠤᠨ ᠤᠷᠠᠨ ᠪᠦᠲᠦᠭᠡᠯ ᠤᠨ ᠢᠶᠠᠨ ᠲᠤᠬᠠᠢ ᠶᠠᠷᠢᠬᠤ ᠳᠤ᠄ ︽ᠭᠤᠤᠯᠳᠠᠭᠤ ᠮᠤᠩᠭᠤᠯ ᠲᠡᠦᠬᠡ᠂ ᠲᠠᠯ᠎ᠠ ᠨᠤᠲᠤᠭ᠂ ᠠᠮᠢᠳᠣᠷᠠᠯ ᠠᠬᠤᠢ᠂ ᠮᠤᠩᠭᠤᠯ ᠮᠤᠷᠢ ᠵᠡᠷᠭᠡ ᠪᠠᠷ ᠢᠶᠠᠨ ᠰᠡᠳᠦᠪᠯᠡᠵᠦ ᠵᠢᠷᠤᠳᠠᠭ᠂ ᠪᠠᠷ ᠵᠢᠷᠤᠭ ᠢ ᠪᠦᠲᠦᠭᠡᠬᠦ ᠳᠤ ᠮᠠᠰᠢ ᠤᠯᠠᠨ ᠠᠯᠬᠤᠮ ᠪᠠᠶᠢᠳᠠᠭ᠂ ᠶᠠᠭᠤᠨ ᠤ ᠲᠡᠷᠢᠭᠦᠨ ᠳᠤ ᠰᠡᠳᠦᠪᠯᠡᠭᠰᠡᠨ ᠵᠢᠷᠤᠭ ᠢᠶᠠᠨ ᠴᠠᠭᠠᠰᠣᠨ ᠳᠡᠭᠡᠷ᠎ᠡ ᠵᠢᠷᠤᠵᠦ᠂ ᠳᠠᠷᠠᠭ᠎ᠠ ᠨᠢ ᠮᠤᠳᠤᠨ ᠳᠡᠭᠡᠷ᠎ᠡ ᠵᠢᠷᠤᠬᠤ᠂ ᠰᠡᠶᠢᠯᠬᠦ᠂ ᠠᠬᠢᠭᠠᠳ ᠲᠤᠰᠬᠠᠢ ᠬᠡᠪᠯᠡᠬᠦ ᠮᠠᠰᠢᠨ ᠢᠶᠠᠷ ᠪᠤᠳᠤᠭ ᠢ ᠨᠢ ᠤᠷᠤᠭᠤᠯᠳᠠᠭ᠃ ᠪᠤᠳᠤᠭ ᠢ ᠨᠢ ᠤᠷᠤᠭᠤᠯᠬᠤ ᠳᠤ ᠨᠢᠭᠡ ᠯᠠ ᠣᠳᠠᠭ᠎ᠠ ᠳᠤ ᠤᠷᠤᠭᠤᠯᠴᠢᠬᠠᠳᠠᠭ ᠪᠢᠰᠢ᠂ ᠬᠠᠷᠢᠨ ᠵᠢᠷᠤᠭ ᠨᠢ ᠬᠡᠳᠦᠨ ᠵᠦᠢᠯ ᠤᠨ ᠦᠩᠭᠡ ᠲᠠᠢ ᠪᠤᠯ ᠲᠡᠳᠦᠢ ᠣᠳᠠᠭ᠎ᠠ ᠬᠡᠪᠯᠡᠳᠡᠭ ᠪᠠᠶᠢᠵᠦ᠂ ᠵᠠᠷᠢᠮ ᠵᠢᠷᠤᠭ ᠢ ᠪᠦᠲᠦᠭᠡᠵᠦ ᠳᠠᠭᠤᠰᠬᠤ ᠳᠤ ᠠᠷᠪᠠᠭᠠᠳ ᠣᠳᠠᠭ᠎ᠠ ᠬᠡᠪᠯᠡᠵᠦ ᠬᠡᠳᠦᠨ ᠰᠠᠷ᠎ᠠ ᠶᠢ ᠵᠠᠷᠤᠴᠠᠭᠤᠯᠳᠠᠭ︾ ᠬᠡᠯ᠎ᠡ᠃     ᠵᠠᠷᠤᠳ ᠪᠠᠷ ᠵᠢᠷᠤᠭ ᠨᠢ ᠦᠪᠡᠷᠮᠢᠴᠡ ᠤᠨᠴᠠᠯᠢᠭ ᠢᠶᠠᠷ ᠢᠶᠠᠨ ᠲᠡᠯᠡᠭᠡᠢ ᠳ᠋ᠠᠬᠢᠨ ᠳᠤ ᠲᠠᠨᠢᠭᠳᠠᠵᠦ᠂ ᠮᠤᠩᠭᠤᠯ᠂ ᠤᠷᠤᠰ᠂ ᠠᠮᠧᠷᠢᠺᠠ᠂ ᠶᠠᠫᠤᠨ ᠵᠡᠷᠭᠡ ᠤᠯᠠᠨ ᠤᠯᠤᠰ ᠤᠷᠤᠨ ᠢᠶᠠᠷ ᠳᠡᠯᠭᠡᠭᠳᠡᠵᠦ ᠪᠠᠶᠢᠭᠰᠠᠨ ᠮᠦᠷᠲᠡᠭᠡᠨ ᠤᠯᠤᠰ ᠤᠨ ᠲᠤᠲᠤᠭᠠᠲᠤ ᠭᠠᠳᠠᠭᠠᠲᠤ ᠳᠤ ᠪᠤᠯᠤᠭᠰᠠᠨ ᠤᠯᠠᠨ ᠤᠳᠠᠭᠠᠨ ᠤ ᠦᠵᠡᠭᠦᠯᠦᠯᠭᠡ ᠳᠤ ᠮᠠᠰᠢ ᠤᠯᠠᠨ ᠱᠠᠩᠨᠠᠯ ᠲᠤᠰᠤᠭᠰᠠᠨ ᠪᠠᠶᠢᠳᠠᠭ᠃ ᠮᠦᠨ ᠴᠦ ᠵᠠᠷᠢᠮ ᠵᠠᠷᠤᠳ ᠪᠠᠷ ᠵᠢᠷᠤᠭ ᠤᠳ ᠨᠢ ᠲᠤᠮᠲᠠᠲᠤ ᠤᠯᠤᠰ ᠤᠨ ᠣᠷᠠᠨ ᠵᠢᠷᠤᠭ  ᠤᠨ ᠣᠷᠳᠤᠨ ᠳᠤ ᠬᠠᠳᠠᠭᠠᠯᠠᠭᠳᠠᠭᠰᠠᠨ ᠪᠠᠶᠢᠳᠠᠭ᠃    ᠲᠤᠮᠲᠠᠲᠤ ᠣᠯᠣᠰ ᠤᠨ ᠣᠷᠠᠨ ᠵᠢᠷᠤᠭᠴᠢᠳ ᠤᠨ ᠡᠪᠯᠡᠯ ᠤᠨ ᠬᠡᠰᠢᠭᠦᠨ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠳᠡᠰ ᠤᠨ ᠵᠠᠷᠤᠳ ᠪᠠᠷ ᠵᠢᠷᠤᠭ ᠤᠨ ᠪᠡᠶᠡᠲᠦ ᠪᠤᠰᠤ ᠰᠣᠶᠣᠯ ᠤᠨ ᠦᠪ ᠤᠨ ᠤᠯᠠᠮᠵᠢᠯᠠᠭᠴᠢ ᠬᠠᠨ ᠳᠠᠶᠢᠴᠢᠨ᠂ ᠵᠠᠷᠤᠳ ᠪᠠᠷ ᠵᠢᠷᠤᠭ ᠤᠨ ᠬᠦᠷᠢᠶᠡᠯᠡᠩ ᠤᠨ ᠳᠠᠷᠤᠭ᠎ᠠ ᠠᠰᠠᠷ ᠰᠡᠳᠬᠢᠭᠳᠡᠯ ᠢᠶᠠᠨ  ᠬᠤᠪᠢᠶᠠᠯᠴᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号