| ᠊᠊᠊᠊᠊᠊᠊᠊᠊᠊ ᠵᠠᠷᠤᠳ ᠬᠤᠰᠢᠭᠤᠨ ᠤ ᠤᠯᠠᠭᠠᠨᠬᠠᠳᠠ ᠰᠤᠮᠤ ᠶᠢᠨ ᠬᠤᠨᠭ᠍ᠬᠠᠳᠤ ᠭᠠᠴᠠᠭ᠎ᠠ ᠳᠠᠬᠢ | ᠶᠠᠳᠠᠭᠤ ᠠᠴᠠ ᠠᠩᠭᠢᠵᠢᠷᠠᠭᠤᠯᠬᠤ ᠠᠵᠢᠯᠯᠠᠬᠤ ᠠᠩᠭᠢ ᠶᠢ ᠲᠡᠮᠳᠡᠭᠯᠡᠪᠡ | | ᠵᠠᠷᠤᠳ ᠬᠤᠰᠢᠭᠤᠨ ᠤ ᠤᠯᠠᠭᠠᠨᠬᠠᠳᠠ ᠰᠤᠮᠤ ᠶᠢᠨ ᠬᠤᠨᠭ᠍ᠬᠠᠳᠤ ᠭᠠᠴᠠᠭ᠎ᠠ ᠳᠠᠬᠢ ᠶᠠᠳᠠᠭᠤ ᠠᠴᠠ | ᠠᠩᠭᠢᠵᠢᠷᠠᠭᠤᠯᠬᠤ ᠠᠵᠢᠯᠯᠠᠬᠤ ᠠᠩᠭᠢ ᠨᠢ 2018 ᠤᠨ ᠤ 5 ᠰᠠᠷ᠎ᠡ ᠳᠤ ᠢᠷᠡᠵᠤ ᠠᠵᠢᠯᠯᠠᠭᠰᠠᠨ ᠶᠤᠮ᠃ ᠵᠢᠯ | ᠭᠠᠷᠤᠢ ᠶᠢᠨ ᠬᠤᠭᠤᠴᠠᠭᠠᠨ ᠳᠤ ᠠᠵᠢᠯᠯᠠᠬᠤ ᠠᠩᠭᠢ ᠶᠢᠨ ᠬᠠᠳᠠᠭᠤᠵᠢᠯᠳᠠᠢ ᠴᠢᠷᠮᠠᠶᠢᠯᠭ᠎ᠠ ᠪᠠᠷ ᠲᠠᠮᠵᠢᠭᠠᠳ | ᠲᠠᠩᠰᠠᠯᠠᠵᠤ ᠺᠠᠷᠲᠯᠠᠭᠰᠠᠨ 54 ᠡᠷᠦᠬᠡ ᠶᠢᠨ 162 ᠬᠦᠮᠦᠨ ᠠᠮᠠ ᠪᠦ᠋ᠬᠦᠨ ᠢᠶᠠᠷ ᠢᠶᠠᠨ ᠶᠠᠳᠠᠭᠤ ᠠᠴᠠ ᠠᠩᠭᠢᠵᠢᠷᠠᠵᠤ | ᠂ 2017 ᠤᠨ ᠳᠤ ᠲᠤᠰ ᠭᠠᠴᠠᠭ᠎ᠠ ᠶᠢᠨ ᠬᠦᠮᠦᠨ ᠲᠤᠮᠳᠠᠴᠢ ᠶᠢᠨ ᠤᠷᠤᠯᠭ᠎ᠠ 13506 ᠲᠦᠭᠦᠷᠢᠭ ᠪᠠᠶᠢᠭᠰᠠᠨ | ᠪᠤᠯ 2018 ᠤᠨ ᠪᠤᠯᠬᠤ ᠳᠤ 28741 ᠲᠦᠭᠦᠷᠢᠭ ᠪᠤᠯᠤᠨ ᠨᠡᠮᠡᠭᠳᠡᠵᠤ᠂ ᠮᠠᠯᠴᠢᠨ ᠲᠠᠷᠢᠶᠠᠴᠢᠳ ᠤᠨ | ᠤᠷᠤᠯᠭ᠎ᠠ ᠨᠢ ᠭᠤᠤᠯᠳᠠᠭᠤ ᠮᠠᠯ ᠠᠵᠤ ᠠᠬᠤᠢ ᠬᠢᠭᠡᠳ ᠲᠠᠷᠢᠮᠠᠯ ᠤᠨ ᠦᠢᠯᠡᠰ ᠵᠢᠴᠢ ᠰᠢᠯᠵᠢᠭᠦᠯᠦᠨ ᠤᠯᠭᠤᠬᠤ ᠪᠠᠷ | ᠭᠤᠤᠯ ᠪᠤᠯᠭᠠᠵᠤ ᠢᠯᠡᠳᠳᠡ ᠬᠤᠪᠢᠷᠠᠯᠳᠠ ᠲᠠᠢ ᠪᠤᠯᠤᠭᠰᠠᠨ ᠪᠠᠶᠢᠨ᠎ᠡ᠃ | ᠾᠧᠤ ᠵᠢᠶᠧ ᠪᠤᠯ ᠲᠤᠰ ᠠᠵᠢᠯᠯᠠᠬᠤ ᠠᠩᠭᠢ ᠶᠢᠨ ᠲᠠᠷᠤᠭ᠎ᠠ᠂ ᠬᠤᠨᠭ᠍ᠬᠠᠳᠤ ᠭᠠᠴᠠᠭ᠎ᠠ ᠶᠢᠨ ᠨᠢᠭᠡᠳᠦᠭᠡᠷ ᠱᠦᠵᠢ | ᠪᠤᠯᠬᠤ ᠶᠤᠮ᠃ ᠲᠡᠷᠡ ᠠᠵᠢᠯᠯᠠᠬᠤ ᠠᠩᠭᠢ ᠶᠢᠨ ᠪᠤᠤ ᠵᠢᠶᠠᠨ ᠹᠸᠡᠭ᠂ ᠯᠢ ᠮᠢᠩ ᠢᠶᠠᠨ ᠲᠠᠶᠢᠴᠢᠯᠠᠵᠤ ᠪᠠᠶᠢᠭᠠᠳ | ᠬᠤᠨᠭ᠍ᠬᠠᠳᠤ ᠭᠠᠴᠠᠭ᠎ᠠ ᠶᠢᠨ ᠶᠠᠳᠠᠭᠤ ᠬᠦᠴᠢᠷᠳᠡᠯᠳᠠᠢ ᠪᠠᠶᠢᠳᠠᠯ ᠢ ᠦᠭᠡᠷᠡᠴᠢᠯᠡᠬᠦ ᠭᠡᠵᠤ ᠶᠡᠬᠡᠭᠡᠨ ᠬᠦᠳᠡᠯᠮᠦᠷᠢ ᠬᠦᠴᠦ | ᠤᠷᠤᠭᠤᠯᠤᠭᠰᠠᠨ ᠪᠢᠯᠡ᠃ ᠬᠤᠨᠭ᠍ᠬᠠᠳᠤ ᠭᠠᠴᠠᠭ᠎ᠠ ᠨᠢ ᠤᠯᠠᠭᠠᠨᠬᠠᠳᠠ ᠰᠤᠮᠤ ᠠᠴᠠ ᠪᠠᠨ ᠪᠠᠷᠠᠭᠤᠨ ᠬᠤᠶᠢᠨ᠎ᠡ | ᠲᠦᠴᠢᠨ ᠭᠠᠵᠠᠷ ᠤᠷᠴᠢᠮ ᠪᠠᠶᠢᠷᠢᠯᠠᠵᠤ ᠪᠠᠶᠢᠭ᠎ᠠ ᠴᠤᠯ ᠮᠤᠩᠭᠤᠯ ᠭᠠᠴᠠᠭ᠎ᠠ ᠪᠠᠶᠢᠵᠤ᠂ ᠮᠠᠯᠴᠢᠳ ᠤᠨ ᠤᠯᠠᠩᠭᠢ ᠨᠢ | ᠤᠳᠤᠷᠯᠠᠨ ᠮᠠᠯᠵᠢᠵᠤ ᠪᠠᠶᠢᠳᠠᠭ᠃ ᠾᠧᠤ ᠵᠢᠶᠧ ᠠᠴᠠ ᠲᠤᠰ ᠭᠠᠴᠠᠭ᠎ᠠ ᠶᠢᠨ ᠶᠠᠳᠠᠭᠤ ᠬᠦᠴᠢᠷᠳᠡᠯᠳᠠᠢ ᠪᠠᠶᠢᠳᠠᠯ ᠢ | ᠤᠢᠢᠯᠠᠭᠠᠬᠤ ᠭᠡᠵᠤ ᠠᠵᠢᠯᠯᠠᠬᠤ ᠠᠩᠭᠢ ᠶᠢᠨ ᠭᠡᠰᠢᠭᠦᠳ ᠢᠶᠠᠨ ᠲᠠᠭᠠᠭᠤᠯᠵᠤ ᠬᠠᠭᠠᠰ ᠰᠠᠷ᠎ᠡ ᠶᠢᠨ ᠴᠠᠭ ᠵᠠᠷᠤᠴᠠᠭᠤᠯᠵᠤ | ᠪᠠᠶᠢᠭᠠᠳ ᠡᠷᠦᠬᠡ ᠪᠠᠷ ᠤᠷᠤᠵᠤ ᠲᠤᠭᠤᠷᠢᠨ ᠰᠤᠷᠪᠤᠯᠵᠢᠯᠠᠵᠤ᠂ ᠬᠤᠨᠭ᠍ᠬᠠᠳᠤ ᠭᠠᠴᠠᠭ᠎ᠠ ᠶᠢᠨ ᠶᠠᠳᠠᠭᠤ ᠬᠦᠴᠢᠷᠳᠡᠯᠳᠠᠢ | ᠡᠷᠦᠬᠡ ᠶᠢᠨ ᠬᠠᠮᠤᠭ ᠬᠤᠯᠠ ᠨᠢ ᠭᠠᠴᠠᠭ᠎ᠠ ᠠᠴᠠ ᠵᠢᠷᠠᠨ ᠭᠠᠵᠠᠷ ᠤᠨ ᠬᠤᠯᠠᠬᠢ ᠵᠢᠪᠳᠤ ᠶᠢᠨ ᠵᠢᠯᠠᠭ᠎ᠠ ᠳᠤ ᠪᠠᠶᠢᠳᠠᠭ | ᠮᠦᠷᠳᠡᠭᠡᠨ ᠲᠡᠨᠳᠡ ᠴᠢᠮᠡᠭᠡ ᠬᠤᠯᠪᠤᠭ᠎ᠠ ᠨᠡᠪᠳᠡᠷᠡᠵᠤ ᠲᠡᠶᠢᠯᠬᠦ ᠦᠭᠡᠢ ᠤᠴᠢᠷ ᠲᠡᠳᠡ ᠵᠠᠷᠢᠮ ᠶᠠᠳᠠᠭᠤ ᠬᠦᠴᠢᠷᠳᠡᠯᠳᠠᠢ | ᠡᠷᠦᠬᠡ ᠳᠤ ᠬᠤᠶᠠᠷ ᠭᠤᠷᠪᠠ ᠤᠳᠠᠭ᠎ᠠ ᠬᠦᠷᠴᠦ ᠪᠠᠶᠢᠮᠠᠨᠵᠢᠨ ᠰᠠᠶ᠋ᠢ ᠤᠯᠵᠤ ᠤᠴᠠᠷᠠᠨ ᠪᠠᠶᠢᠳᠠᠯ ᠢ ᠨᠢ ᠤᠢᠢᠯᠠᠭᠠᠵᠤ | ᠪᠠᠶᠢᠭᠰᠠᠨ᠃ ᠲᠤᠭᠤᠷᠢᠨ ᠰᠤᠷᠪᠤᠯᠵᠢᠯᠠᠬᠤ ᠪᠠᠷ ᠲᠠᠮᠵᠢᠭᠠᠳ ᠲᠡᠳᠡ ᠬᠤᠨᠭ᠍ᠬᠠᠳᠤ ᠭᠠᠴᠠᠭ᠎ᠠ ᠶᠢᠨ ᠶᠠᠳᠠᠭᠤ | ᠬᠦᠴᠢᠷᠳᠡᠯᠳᠠᠢ ᠪᠠᠶᠢᠳᠠᠭ ᠨᠢ ᠮᠠᠯᠴᠢᠳ ᠲᠤ ᠪᠡᠯᠡ ᠮᠦᠡᠭᠭᠦ ᠲᠤᠳᠠᠭᠳᠠᠨ᠂ ᠲᠠᠷᠢᠶᠠᠯᠠᠩ ᠮᠠᠯ ᠠᠵᠤ ᠠᠬᠤᠢ ᠶᠢᠨ | ᠰᠠᠭᠤᠷᠢ ᠲᠦᠭᠦᠭᠡᠷᠦᠮᠵᠢ ᠬᠤᠴᠤᠷᠤᠩᠭᠤᠢ᠂ ᠤᠷᠤᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠴᠦᠬᠡᠨ᠂ ᠤᠯᠠᠨ ᠲᠦᠮᠡᠨ ᠤ | ᠦᠪᠡᠷ ᠢ ᠪᠠᠨ ᠬᠦᠭᠵᠢᠭᠦᠯᠬᠦ ᠬᠦᠳᠡᠯᠭᠡᠬᠦ ᠬᠦᠴᠦᠨ ᠭᠦᠢᠴᠡᠳ ᠦᠭᠡᠢ᠂ ᠬᠦᠯᠢᠶᠡᠬᠦ ᠲᠦᠰᠢᠬᠦ ᠠᠪᠬᠤ ᠦᠵᠡᠯᠳᠡ | ᠨᠡᠯᠢᠶᠡᠳ ᠵᠤᠵᠠᠭᠠᠨ᠂ ᠡᠪᠡᠳᠴᠢᠨ ᠠᠴᠠ ᠪᠤᠯᠵᠤ ᠶᠠᠳᠠᠭᠤᠷᠠᠭᠰᠠᠨ᠂ ᠰᠤᠷᠭᠠᠭᠤᠯᠢ ᠳᠤ ᠰᠠᠭᠤᠭᠰᠠᠨ ᠠᠴᠠ ᠪᠤᠯᠵᠤ | ᠶᠠᠳᠠᠭᠤᠷᠠᠭᠰᠠᠨ ᠵᠡᠷᠭᠡ ᠤᠯᠠᠨ ᠲᠠᠯ᠎ᠡ ᠠᠴᠠ ᠪᠤᠯᠤᠭᠰᠠᠨ ᠭᠡᠳᠡᠭ ᠢ ᠮᠡᠳᠡᠭᠰᠡᠨ ᠪᠠᠶᠢᠨ᠎ᠡ᠃ | ᠶᠠᠳᠠᠭᠤ ᠬᠦᠴᠢᠷᠳᠡᠯ ᠢ ᠢᠯᠠᠨ ᠲᠠᠪᠠᠭ᠋ᠤ ᠳᠤ ᠡᠪᠡᠳᠴᠢᠨ ᠡᠮᠬᠡᠭ ᠤᠨ ᠠᠰᠠᠭᠤᠳᠠᠯ ᠢ ᠪᠦᠳᠦᠮᠵᠢᠳᠠᠢ | ᠰᠢᠢᠳᠪᠦᠷᠢᠯᠡᠬᠦ ᠬᠡᠷᠡᠭᠳᠠᠢ᠃ ᠡᠭᠦᠨᠴᠢᠯᠡᠨ ᠲᠡᠳᠡ 2018 ᠤᠨ ᠤ 6 ᠰᠠᠷ᠎ᠡ ᠳᠤ᠂ ᠱᠢ ᠵᠢᠢ ᠬᠢᠳᠡᠳ ᠮᠤᠩᠭᠤᠯ | ᠡᠮᠨᠡᠯᠭᠡ ᠶᠢᠨ ᠬᠤᠷᠢᠶ᠎ᠡ ᠲᠠᠢ ᠬᠠᠷᠢᠴᠠᠵᠤ ᠪᠠᠶᠢᠭᠠᠳ ᠬᠤᠨᠭ᠍ᠬᠠᠳᠤ ᠭᠠᠴᠠᠭ᠎ᠠ ᠳᠤ ᠡᠷᠡᠭᠦᠯ ᠴᠢᠬᠢᠷᠠᠭ ᠤᠨ ᠠᠯᠪᠠᠨ | ᠵᠢᠷᠦᠮ ᠤᠨ ᠡᠮᠴᠢᠯᠡᠭᠡ ᠶᠢᠨ ᠠᠵᠢᠯᠯᠠᠭ᠎ᠠ ᠦᠷᠨᠢᠭᠦᠯᠪᠡ᠃ ᠲᠤᠰ ᠤᠳᠠᠭᠠᠨ ᠤ ᠠᠵᠢᠯᠯᠠᠭ᠎ᠠ ᠳᠤ ᠭᠤᠤᠯᠳᠠᠭᠤ ᠲᠤᠳᠤᠷ | ᠰᠠᠯᠠᠭ᠎ᠠ᠂ ᠭᠠᠳᠠᠷ ᠰᠠᠯᠠᠭ᠎ᠠ᠂ ᠡᠮᠡᠭᠳᠠᠢ ᠶᠢᠨ ᠰᠠᠯᠠᠭ᠎ᠠ᠂ ᠠᠷᠠᠰᠤᠨ ᠤ ᠰᠠᠯᠠᠭ᠎ᠠ ᠵᠡᠷᠭᠡ ᠪᠠᠶᠢᠡᠭᠭᠤ ᠲᠤᠬᠢᠶᠠᠯᠳᠤᠳᠠᠭ | ᠡᠪᠡᠳᠴᠢᠨ ᠢ ᠤᠨᠤᠰᠢᠯᠠᠨ ᠵᠠᠰᠠᠵᠤ᠂ ᠵᠠᠷᠢᠮ ᠤᠳᠠᠭᠠᠨ ᠴᠢᠨᠠᠷᠲᠠᠢ ᠡᠪᠡᠳᠴᠢᠨ ᠳᠤ ᠨᠡᠷᠪᠡᠭᠳᠡᠭᠰᠡᠨ ᠮᠠᠯᠴᠢᠳ ᠢ ᠵᠢᠭᠠᠨ | ᠵᠢᠯᠤᠭᠤᠳᠴᠤ ᠪᠠᠶᠢᠭᠠᠳ ᠨᠦᠬᠦᠴᠡᠯ ᠰᠠᠶᠢᠳᠠᠢ ᠡᠮᠨᠡᠯᠭᠡ ᠶᠢᠨ ᠬᠤᠷᠢᠶ᠎ᠡ ᠪᠠᠷ ᠡᠮᠨᠡᠭᠦᠯᠦᠨ ᠵᠠᠰᠠᠪᠠ᠃ ᠪᠠᠰᠠ | ᠡᠷᠡᠭᠦᠯᠵᠢᠯ ᠤᠨ ᠬᠠᠮᠢᠶ᠎ᠡ ᠲᠠᠢ ᠮᠡᠳᠡᠯᠭᠡ ᠶᠢ ᠤᠬᠠᠭᠤᠯᠬᠤ ᠶᠢᠨ ᠬᠠᠮᠳᠤ ᠮᠠᠯᠴᠢᠳ ᠢ ᠵᠢᠭᠠᠨ ᠵᠢᠯᠤᠭᠤᠳᠴᠤ ᠪᠠᠶᠢᠭᠠᠳ | ᠵᠤᠬᠢᠰᠳᠠᠢ ᠡᠮ ᠤᠤᠭᠤᠵᠤ ᠡᠮᠨᠡᠬᠦᠯᠬᠦ ᠶᠢ ᠮᠡᠳᠡᠭᠦᠯᠦᠭᠰᠡᠨ ᠠᠴᠠ᠂ ᠶᠠᠳᠠᠭᠤ ᠬᠦᠴᠢᠷᠳᠡᠯᠳᠠᠢ ᠬᠦᠮᠦᠰ ᠤᠨ ᠡᠷᠡᠭᠦᠯ | ᠴᠢᠬᠢᠷᠠᠭ ᠤᠨ ᠬᠢᠷᠢ ᠲᠦᠪᠰᠢᠨ ᠢ ᠲᠡᠭᠡᠭᠰᠢᠯᠡᠭᠦᠯᠵᠤ᠂ ᠮᠠᠯᠴᠢᠳ ᠤᠨ ᠨᠠᠶᠢᠳᠡᠮ ᠤᠨ ᠰᠠᠶᠢᠨ ᠦᠨᠡᠯᠡᠯᠳᠡ ᠶᠢ ᠤᠯᠵᠤ᠂ | ᠶᠠᠳᠠᠭᠤ ᠠᠴᠠ ᠠᠩᠭᠢᠵᠢᠷᠠᠭᠤᠯᠵᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠢᠯᠠᠯᠳᠠ ᠶᠢ ᠤᠯᠬᠤ ᠳᠤ ᠡᠷᠡᠭᠦᠯ | ᠴᠢᠬᠢᠷᠠᠭ ᠤᠨ ᠪᠠᠳᠤᠯᠠᠭ᠎ᠠ ᠬᠠᠨᠭ᠍ᠭᠠᠪᠠ᠃ | | ᠮᠠᠯᠴᠢᠳ ᠠᠵᠢᠯ ᠤᠨ ᠴᠢᠯᠦᠬᠡ ᠪᠠᠷ ᠢᠶᠠᠨ ᠨᠤᠮ ᠤᠡᠭᠰᠢᠵᠤ ᠪᠠᠶᠢᠭ᠎ᠠ ᠨᠢ | ᠨᠤᠮ ᠪᠢᠴᠢᠭ ᠪᠤᠯ ᠤᠶᠤᠨ ᠢ ᠭᠡᠷᠡᠯᠳᠦᠭᠦᠯᠬᠦ ᠮᠦᠡᠭᠬᠡ ᠶᠢᠨ ᠵᠤᠯᠠ᠃ ᠤᠶᠤᠨ ᠰᠠᠨᠠᠭᠠᠨ ᠤ ᠲᠠᠯ᠎ᠡ ᠪᠠᠷ | ᠲᠡᠮᠵᠢᠬᠦ ᠶᠢᠨ ᠲᠦᠯᠦᠭᠡ᠂ ᠲᠤᠰ ᠠᠵᠢᠯᠯᠠᠬᠤ ᠠᠩᠭᠢ ᠨᠢ ᠵᠠᠷᠤᠳ ᠬᠤᠰᠢᠭᠤᠨ ᠤ ᠡᠳ᠋ ᠤᠨ ᠵᠠᠰᠠᠭ ᠤᠨ ᠲᠤᠪᠴᠢᠶ᠎ᠡ᠂ | ᠨᠤᠮ ᠤᠨ ᠰᠠᠩ ᠲᠠᠢ ᠬᠠᠷᠢᠴᠠᠵᠤ ᠪᠠᠶᠢᠭᠠᠳ 2018 ᠤᠨ ᠤ 6 ᠰᠠᠷ᠎ᠡ ᠳᠤ ᠬᠤᠨᠭ᠍ᠬᠠᠳᠤ ᠭᠠᠴᠠᠭ᠎ᠠ ᠳᠤ ᠰᠤᠷᠭᠠᠨ | ᠬᠦᠮᠦᠵᠢᠯ ᠢᠶᠠᠷ ᠶᠠᠳᠠᠭᠤ ᠶᠢ ᠲᠡᠳᠭᠦᠬᠦ ᠨᠤᠮ ᠪᠡᠯᠡᠭᠯᠡᠬᠦ ᠶᠤᠰᠤᠯᠠᠯ ᠶᠠᠪᠤᠭᠳᠠᠭᠤᠯᠵᠤ᠂ ᠮᠤᠩᠭᠤᠯ ᠬᠡᠯᠡ ᠪᠠᠷ ᠭᠤᠤᠯ | ᠪᠤᠯᠭᠠᠭᠰᠠᠨ ᠲᠡᠤᠬᠡ᠂ ᠰᠤᠷᠭᠠᠨ ᠬᠦᠮᠦᠵᠢᠯ᠂ ᠮᠠᠯ ᠲᠠᠷᠢᠶᠠᠯᠠᠩ ᠤᠨ ᠦᠢᠯᠡᠳᠪᠦᠷᠢᠯᠡᠯ ᠤᠨ ᠬᠠᠮᠢᠶ᠎ᠡ ᠲᠠᠢ ᠨᠤᠮ ᠢ | 300 ᠭᠠᠷᠤᠢ ᠬᠦᠷᠭᠡᠪᠡ᠃ ᠦᠨᠦ ᠬᠤᠨᠭ᠍ᠬᠠᠳᠤ ᠭᠠᠴᠠᠭ᠎ᠠ ᠳᠤ ᠨᠤᠮ ᠤᠡᠭᠰᠢᠵᠤ ᠮᠡᠳᠡᠯᠭᠡ ᠰᠤᠷᠬᠤ ᠬᠦᠮᠦᠰ | ᠤᠯᠠᠰᠢᠷᠠᠨ᠂ ᠫᠠᠢ ᠨᠠᠭᠠᠳᠴᠤ ᠮᠦᠷᠦᠢ ᠲᠠᠢ ᠨᠠᠭᠠᠳᠤᠮ ᠨᠠᠭᠠᠳᠬᠤ ᠬᠦᠮᠦᠰ ᠪᠠᠭᠠᠰᠴᠤ᠂ ᠨᠤᠮ ᠤᠡᠭᠰᠢᠬᠤ ᠨᠢ | ᠮᠠᠯᠴᠢᠳ ᠤᠨ ᠠᠮᠢᠳᠤᠷᠠᠯ ᠤᠨ ᠨᠢᠭᠡᠨ ᠰᠠᠶᠢᠬᠠᠨ ᠲᠠᠳᠬᠠᠯ ᠪᠤᠯᠵᠠᠢ᠃ | ᠮᠠᠯᠴᠢᠳ ᠤᠨ ᠬᠠᠤᠯᠢ ᠴᠠᠭᠠᠵᠠ ᠶᠢᠨ ᠮᠡᠳᠡᠯᠭᠡ ᠶᠢ ᠲᠡᠭᠡᠭᠰᠢᠯᠡᠭᠦᠯᠬᠦ ᠶᠢᠨ ᠲᠦᠯᠦᠭᠡ᠂ ᠲᠤᠰ ᠠᠵᠢᠯᠯᠠᠬᠤ | ᠠᠩᠭᠢ ᠨᠢ 2018 ᠤᠨ ᠤ 9 ᠰᠠᠷ᠎ᠡ ᠳᠤ ᠬᠤᠰᠢᠭᠤᠨ ᠤ ᠪᠠᠨ ᠠᠷᠠᠳ ᠤᠨ ᠪᠠᠶᠢᠴᠠᠭᠠᠬᠤ ᠬᠤᠷᠢᠶ᠎ᠡ ᠲᠠᠢ ᠬᠠᠷᠢᠴᠠᠵᠤ | ᠪᠠᠶᠢᠭᠠᠳ ᠬᠤᠨᠭ᠍ᠬᠠᠳᠤ ᠭᠠᠴᠠᠭ᠎ᠠ ᠳᠤ ᠬᠠᠤᠯᠢ ᠲᠦᠷᠢᠮ ᠤᠨ ᠤᠬᠠᠭᠤᠯᠭ᠎ᠠ ᠶᠢᠨ ᠠᠵᠢᠯ ᠢ ᠦᠷᠨᠢᠭᠦᠯᠵᠤ᠂ | ᠭᠠᠴᠠᠭ᠎ᠠ ᠶᠢᠨ ᠤᠯᠠᠨ ᠲᠦᠮᠡᠨ ᠳᠤ ︽ᠬᠠᠤᠯᠢ ᠶᠢ ᠲᠦᠭᠡᠮᠡᠯᠵᠢᠭᠦᠯᠬᠦ ᠤᠬᠠᠭᠤᠯᠭ᠎ᠠ ᠬᠦᠮᠦᠵᠢᠯ ᠤᠨ ᠴᠤᠪᠤᠷᠠᠯ ᠪᠢᠴᠢᠭ | ︵ᠮᠤᠩᠭᠤᠯ ᠬᠡᠯᠡᠨ ᠤ︶︾ ᠢ ᠬᠦᠷᠭᠡᠪᠡ᠃ ᠪᠠᠶᠢᠴᠠᠭᠠᠬᠤ ᠬᠤᠷᠢᠶᠠᠨ ᠤ ᠺᠠᠳ᠋ᠷ ᠴᠠᠭᠳᠠᠭ᠎ᠠ ᠠᠴᠠ ᠮᠤᠩᠭᠤᠯ ᠬᠡᠯᠡᠨ ᠤ | ᠬᠠᠤᠯᠢ ᠴᠠᠭᠠᠵᠠ ᠶᠢᠨ ᠨᠤᠮ ᠪᠢᠴᠢᠭ ᠪᠡᠯᠡᠭᠯᠡᠬᠦ᠂ ᠬᠠᠤᠯᠢ ᠴᠠᠭᠠᠵᠠ ᠶᠢᠨ ᠤᠬᠠᠭᠤᠯᠭ᠎ᠠ ᠦᠷᠨᠢᠭᠦᠯᠬᠦ᠂ ᠬᠠᠤᠯᠢ | ᠴᠠᠭᠠᠵᠠ ᠶᠢᠨ ᠵᠦᠪᠳᠡᠯᠭᠡ ᠬᠠᠨᠭ᠍ᠭᠠᠬᠤ᠂ ᠮᠤᠩᠭᠤᠯ ᠬᠡᠯᠡᠨ ᠤ ᠤᠬᠠᠭᠤᠯᠭ᠎ᠠ ᠶᠢᠨ ᠲᠡᠪᠳᠡᠷ ᠲᠠᠷᠬᠠᠭᠠᠬᠤ ᠵᠡᠷᠭᠡ | ᠬᠡᠯᠪᠡᠷᠢ ᠪᠠᠷ ᠲᠠᠮᠵᠢᠭᠠᠳ ᠦᠨᠳᠦᠰᠦᠨ ᠱᠠᠳᠤᠨ ᠤ ᠮᠠᠯᠴᠢᠨ ᠲᠠᠷᠢᠶᠠᠴᠢᠳ ᠲᠤ ᠬᠠᠤᠯᠢ ᠴᠠᠭᠠᠵᠠ ᠬᠦᠷᠭᠡᠨ᠂ | ᠮᠠᠯᠵᠢᠬᠤ ᠲᠠᠷᠢᠶᠠᠯᠠᠬᠤ ᠤᠷᠤᠨ ᠤ ᠨᠡᠶᠢᠳᠡᠯᠢᠭ ᠬᠡᠷᠡᠭ ᠲᠤ ᠨᠠᠷᠢᠯᠢᠭ ᠲᠦᠭᠦᠮᠬᠡᠨ ᠵᠠᠳᠠᠯᠤᠯᠳᠠ ᠬᠢᠬᠦ ᠪᠠᠷ ᠲᠠᠮᠵᠢᠭᠠᠳ | ᠰᠡᠵᠢᠭ ᠡᠭᠡᠳᠡᠷᠡᠭᠡᠨ ᠢ ᠨᠢ ᠠᠯᠳᠠᠷᠠᠭᠠᠨ ᠦᠭᠴᠦ᠂ ᠬᠠᠤᠯᠢ ᠴᠠᠭᠠᠵᠠ ᠶᠢᠨ ᠤᠬᠠᠭᠤᠯᠭ᠎ᠠ ᠶᠢ ᠦᠨᠡᠨ ᠬᠦ ᠪᠤᠳᠠᠳᠠᠢ ᠳᠤ | ᠤᠢᠢᠷᠠᠳᠤᠭᠤᠯᠵᠤ᠂ ᠠᠮᠢᠳᠤᠷᠠᠯ ᠳᠤ ᠤᠢᠢᠷᠠᠳᠤᠭᠤᠯᠤᠨ᠂ ᠮᠠᠯᠴᠢᠳ ᠲᠤ ᠤᠢᠢᠷᠠᠳᠤᠭᠤᠯᠪᠠ᠃ | | ᠠᠯᠪᠠᠨ ᠵᠢᠷᠤᠮ ᠤᠨ ᠡᠮᠴᠢᠯᠡᠭᠡᠨ ᠤ ᠠᠬᠤᠢ ᠲᠠᠯᠠᠪᠠᠢ | ᠭᠤᠤᠯᠳᠠᠯᠭ᠎ᠠ ᠲᠠᠢ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ ᠠᠬᠢᠭᠤᠯᠵᠤ ᠶᠠᠳᠠᠭᠤ ᠶᠢ ᠲᠡᠳᠭᠦᠬᠦ | ᠲᠠᠯ᠎ᠡ ᠪᠠᠷ ᠲᠤᠰ ᠠᠵᠢᠯᠯᠠᠬᠤ ᠠᠩᠭᠢ ᠶᠡᠬᠡᠭᠡᠨ ᠠᠵᠢᠯ ᠬᠢᠭᠰᠡᠨ ᠶᠤᠮ᠃ ᠲᠡᠳᠡᠨ ᠢ ᠰᠠᠶ᠋ᠢ ᠢᠷᠡᠬᠦ ᠦᠶᠡᠰ᠂ | ᠬᠤᠨᠭ᠍ᠬᠠᠳᠤ ᠭᠠᠴᠠᠭ᠎ᠠ ᠶᠢᠨ ᠭᠠᠴᠠᠭᠠᠨ ᠤ ᠵᠦᠪᠯᠡᠯ ᠤᠨ ᠭᠡᠷ ᠨᠢ ᠡᠪᠳᠡᠷᠡᠵᠤ ᠬᠠᠭᠤᠴᠢᠷᠠᠨ᠂ ᠠᠯᠪᠠᠨ ᠭᠡᠷ ᠤᠨ ᠲᠤᠨᠤᠭ | ᠲᠦᠭᠦᠭᠡᠷᠦᠮᠵᠢ ᠨᠢ ᠬᠠᠭᠤᠴᠢᠷᠠᠵᠤ᠂ ᠭᠡᠷ ᠨᠢ ᠪᠤᠷᠤᠭᠠᠨ ᠳᠤ ᠭᠤᠭᠤᠵᠢᠬᠤ ᠵᠡᠷᠭᠡ ᠤᠯᠠᠨ ᠠᠰᠠᠭᠤᠳᠠᠯ ᠭᠠᠷᠪᠠ᠃ | ᠡᠭᠦᠨᠴᠢᠯᠡᠨ᠂ ᠲᠡᠳᠡ ᠡᠯ᠎ᠡ ᠲᠠᠯ᠎ᠡ ᠶᠢᠨ ᠠᠵᠢᠯ ᠢᠶᠠᠨ ᠭᠠᠷᠳᠠᠨ ᠬᠢᠵᠤ᠂ ᠨᠡᠶᠢᠳᠡ 46 ᠲᠦᠮᠡᠨ ᠲᠦᠭᠦᠷᠢᠭ ᠤᠨ ᠪᠡᠯᠡ | ᠤᠷᠤᠭᠤᠯᠵᠤ ᠪᠠᠶᠢᠭᠠᠳ 2018 ᠤᠨ ᠤ 12 ᠰᠠᠷ᠎ᠡ ᠳᠤ ᠰᠠᠯᠪᠢᠨ ᠵᠠᠰᠠᠬᠤ ᠠᠵᠢᠯ ᠢᠶᠠᠨ ᠲᠠᠭᠤᠰᠬᠠᠵᠤ᠂ | ᠬᠤᠨᠭ᠍ᠬᠠᠳᠤ ᠭᠠᠴᠠᠭ᠎ᠠ ᠶᠢᠨ ᠭᠠᠴᠠᠭᠠᠨ ᠤ ᠵᠦᠪᠯᠡᠯ ᠤᠨ ᠭᠡᠷ ᠨᠢ ᠤᠷᠢᠳᠤ ᠶᠢᠨ 300 ᠲᠡᠭᠰᠢ ᠲᠦᠷᠪᠡᠯᠵᠢᠨ ᠮᠧᠲᠷ | ᠬᠦᠷᠬᠦ ᠦᠭᠡᠢ ᠪᠠᠶᠢᠭᠰᠠᠨ ᠠᠴᠠ ᠪᠠᠨ ᠦᠷᠭᠡᠵᠢᠭᠡᠳ 400 ᠭᠠᠷᠤᠢ ᠲᠡᠭᠰᠢ ᠲᠦᠷᠪᠡᠯᠵᠢᠨ ᠮᠧᠲᠷ ᠪᠤᠯᠵᠤ᠂ | ᠡᠭᠦᠨ ᠳᠤ ᠬᠤᠷᠰᠢᠶᠠᠵᠢᠯ ᠨᠢ 110 ᠲᠡᠭᠰᠢ ᠲᠦᠷᠪᠡᠯᠵᠢᠨ ᠮᠧᠲᠷ ᠪᠠᠶᠢᠵᠤ᠂ ᠪᠠᠰᠠ ᠰᠤᠶᠤᠯ ᠤᠨ ᠠᠵᠢᠯᠯᠠᠭ᠎ᠠ ᠶᠢᠨ | ᠭᠡᠷ ᠪᠠᠶᠢᠭᠤᠯᠪᠠ︔ ︽ᠭᠤᠷᠪᠠ ᠶᠢ ᠭᠠᠴᠠᠭ᠎ᠠ ᠲᠤᠰᠬᠤᠨ ᠳᠤ ᠬᠦᠷᠭᠡᠵᠤ ᠭᠤᠷᠪᠠ ᠶᠢ ᠡᠷᠦᠬᠡ ᠳᠤ ᠤᠷᠤᠭᠤᠯᠬᠤ︾ | ᠲᠦᠷᠦᠯ ᠵᠦᠢᠯ ᠢ ᠬᠡᠷᠡᠭᠵᠢᠭᠦᠯᠦᠨ᠂ ︽ᠭᠤᠷᠪᠠ ᠶᠢ ᠬᠦᠷᠭᠡᠬᠦ︾ ᠲᠦᠷᠦᠯ ᠵᠦᠢᠯ ᠤᠨ ᠪᠡᠯᠡ ᠮᠦᠡᠭᠭᠦ ᠶᠢ ᠨᠡᠶᠢᠳᠡ | 157.3 ᠲᠦᠮᠡᠨ ᠲᠦᠭᠦᠷᠢᠭ ᠨᠠᠶᠢᠳᠠᠪᠤᠷᠢᠵᠢᠭᠤᠯᠵᠤ᠂ ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠳᠠᠢ 54 | ᠡᠷᠦᠬᠡ 162 ᠬᠦᠮᠦᠨ ᠢ ᠲᠡᠳᠭᠦᠨ᠂ ᠮᠠᠯ ᠤᠨ ᠫᠸᠡᠭ ᠰᠠᠷᠠᠪᠴᠢ ᠶᠢ 44 ᠪᠠᠶᠢᠭᠤᠯᠵᠤ᠂ ᠭᠡᠷ ᠪᠠᠶᠢᠰᠢᠩ ᠢ | ᠰᠢᠨ᠎ᠡ ᠪᠠᠷ 8 ᠪᠠᠶᠢᠭᠤᠯᠤᠨ᠂ 147 ᠲᠤᠯᠤᠭᠠᠢ ᠮᠠᠯ ᠬᠤᠳᠠᠯᠳᠤᠨ ᠠᠪᠴᠤ᠂ ᠮᠠᠯ ᠨᠢ ᠦᠷᠡᠵᠢᠭᠡᠳ ᠦᠨᠦ 190 | ᠲᠤᠯᠤᠭᠠᠢ ᠪᠤᠯᠵᠠᠢ ᠁᠃ ᠲᠤᠰ ᠠᠵᠢᠯᠯᠠᠬᠤ ᠲᠤᠭᠤᠢᠢᠯᠠᠩ ᠨᠢ ᠮᠦᠡᠭᠭᠦᠨ ᠬᠦᠢᠯᠭᠡᠭᠡ ᠪᠠᠷ ᠶᠠᠳᠠᠭᠤ ᠶᠢ ᠲᠡᠳᠭᠦᠬᠦ | ᠵᠡᠷᠭᠡ ᠡᠯ᠎ᠡ ᠲᠦᠷᠦᠯ ᠤᠨ ᠠᠵᠢᠯ ᠢ ᠰᠠᠶᠢᠳᠤᠷ ᠵᠤᠬᠢᠴᠠᠭᠤᠯᠤᠨ ᠨᠠᠶᠢᠳᠠᠪᠤᠷᠢᠵᠢᠭᠤᠯᠵᠤ᠂ ᠶᠠᠳᠠᠭᠤ ᠬᠦᠴᠢᠷᠳᠡᠯᠳᠠᠢ | ᠡᠷᠦᠬᠡ ᠳᠤ ᠮᠠᠯ ᠬᠤᠳᠠᠯᠳᠤᠨ ᠠᠪᠴᠤ ᠦᠭᠭᠦᠭᠡᠳ ᠦᠢᠯᠡᠳᠪᠦᠷᠢᠯᠡᠯ ᠢ ᠨᠢ ᠬᠦᠭᠵᠢᠭᠦᠯᠬᠦ᠂ ᠶᠠᠳᠠᠭᠤ ᠬᠦᠴᠢᠷᠳᠡᠯᠳᠠᠢ | ᠰᠤᠷᠤᠭᠴᠢᠳ ᠲᠤ ᠰᠤᠷᠭᠠᠨ ᠬᠦᠮᠦᠵᠢᠯ ᠤᠨ ᠨᠦᠬᠦᠪᠦᠷᠢ ᠶᠢᠨ ᠮᠦᠡᠭᠭᠦ ᠤᠯᠵᠤ ᠦᠭᠭᠦ ᠵᠡᠷᠭᠡ ᠪᠠᠷ ᠶᠠᠳᠠᠭᠤ | ᠬᠦᠴᠢᠷᠳᠡᠯᠳᠠᠢ ᠡᠷᠦᠬᠡ ᠶᠢ ᠲᠡᠮᠵᠢᠭᠰᠡᠨ ᠠᠴᠠ ᠲᠡᠳᠡᠨ ᠤ ᠶᠠᠳᠠᠭᠤ ᠠᠴᠠ ᠠᠩᠭᠢᠵᠢᠷᠠᠬᠤ ᠠᠬᠢᠴᠠ ᠶᠢ ᠲᠦᠷᠭᠡᠳᠭᠡᠭᠰᠡᠨ | ᠪᠢᠯᠡ᠃ | 10 ᠰᠠᠷ᠎ᠡ ᠶᠢᠨ 24 ᠤ ᠦᠳᠡ ᠶᠢᠨ ᠬᠤᠶᠢᠨ᠎ᠡ᠂ ᠮᠠᠨ ᠢ ︽ᠵᠠᠷᠤᠳ ᠬᠤᠰᠢᠭᠤᠨ ᠤ ᠦᠭᠡᠯᠦᠨ ᠭᠠᠷ | ᠤᠷᠠᠯᠠᠯ ᠤᠨ ᠲᠤᠰᠬᠠᠢ ᠬᠤᠷᠰᠢᠶ᠎ᠡ︾ ᠳᠤ ᠬᠦᠷᠬᠦ ᠳᠤ ᠲᠤᠰ ᠭᠠᠴᠠᠭᠠᠨ ᠤ ᠬᠡᠳᠦᠨ ᠡᠮᠡᠭᠳᠠᠶᠢᠴᠤᠳ ᠵᠠᠬᠢᠶᠠᠯᠠᠭ᠎ᠠ ᠶᠢᠨ | ᠮᠤᠩᠭᠤᠯ ᠲᠡᠷᠯᠢᠭ ᠢᠶᠠᠨ ᠤᠶᠤᠭᠠᠳ ᠶᠠᠭᠠᠷᠠᠯᠳᠠᠢ ᠪᠠᠶᠢᠵᠠᠢ᠃ ᠵᠠᠷᠤᠳ ᠬᠤᠰᠢᠭᠤᠨ ᠤ ᠡᠳ᠋ ᠤᠨ ᠵᠠᠰᠠᠭ ᠤᠨ | ᠲᠤᠪᠴᠢᠶ᠎ᠡ᠂ ᠠᠷᠠᠳ ᠤᠨ ᠶᠠᠪᠤᠳᠠᠯ ᠤᠨ ᠲᠤᠪᠴᠢᠶ᠎ᠡ ᠵᠡᠷᠭᠡ ᠬᠠᠮᠢᠶ᠎ᠡ ᠪᠦᠬᠦᠢ ᠰᠠᠯᠠᠭ᠎ᠠ ᠮᠦᠴᠢᠷ ᠤᠨ ᠬᠦᠴᠦᠳᠠᠢ | ᠲᠡᠮᠵᠢᠯᠭᠡ ᠪᠠᠷ ᠲᠤᠰ ᠬᠤᠷᠰᠢᠶ᠎ᠡ ᠶᠢ 2018 ᠤᠨ ᠤ 8 ᠰᠠᠷ᠎ᠡ ᠶᠢᠨ 28 ᠤ ᠡᠳᠦᠷ ᠲᠡᠩᠰᠠᠯᠠᠨ ᠪᠠᠶᠢᠭᠤᠯᠤᠭᠰᠠᠨ | ᠶᠤᠮ᠃ ᠲᠤᠰ ᠬᠤᠷᠰᠢᠶ᠎ᠡ ᠳᠤ ᠠᠩᠬ᠎ᠠ ᠡᠬᠢᠨ ᠳᠡᠭᠡᠨ 20 ᠭᠡᠰᠢᠭᠦᠨ ᠡᠷᠦᠬᠡ ᠲᠠᠢ ᠪᠠᠶᠢᠭᠰᠠᠨ ᠪᠤᠯ ᠤᠳᠤ | ᠪᠤᠯᠬᠤ ᠳᠤ 31 ᠭᠡᠰᠢᠭᠦᠨ ᠡᠷᠦᠬᠡ ᠲᠠᠢ ᠪᠤᠯᠵᠤ᠂ ᠡᠭᠦᠨ ᠳᠤ ᠶᠠᠳᠠᠭᠤ ᠬᠦᠴᠢᠷᠳᠡᠯᠳᠠᠢ ᠡᠷᠦᠬᠡ 9 ᠪᠠᠶᠢᠵᠠᠢ᠃ ᠲᠤᠰ | ᠬᠤᠷᠰᠢᠶᠠᠵᠢᠯ ᠨᠢ ᠵᠠᠬᠢᠶᠠᠯᠠᠭ᠎ᠠ ᠶᠢᠨ ᠬᠡᠯᠪᠡᠷᠢ ᠪᠠᠷ ᠮᠤᠩᠭᠤᠯ ᠦᠨᠳᠦᠰᠦᠳᠡᠨ ᠤ ᠤᠯᠠᠮᠵᠢᠯᠠᠯᠳᠤ ᠲᠡᠷᠯᠢᠭ᠂ ᠭᠤᠳᠤᠯ᠂ | ᠬᠠᠳᠬᠤᠮᠠᠯ ᠵᠡᠷᠭᠡ ᠪᠠᠨ ᠭᠠᠳᠠᠭᠰᠢ ᠪᠤᠷᠤᠯᠠᠭᠤᠯᠵᠤ᠂ ᠤᠳᠤ ᠪᠤᠯᠬᠤ ᠳᠤ ᠨᠢᠭᠡᠨᠳᠡ ᠡᠯ᠎ᠡ ᠵᠦᠢᠯ ᠤᠨ ᠤᠶᠤᠳᠠᠯ ᠢ | 600 ᠭᠠᠷᠤᠢ ᠬᠤᠪᠢ ᠪᠤᠷᠤᠯᠠᠭᠤᠯᠤᠨ᠂ ᠬᠤᠷᠰᠢᠶᠠᠵᠢᠯ ᠤᠨ ᠭᠡᠰᠢᠭᠦᠨ ᠳᠡᠭᠡᠨ 5000 ᠲᠦᠭᠦᠷᠢᠭ ᠤᠨ ᠠᠰᠢᠭ | ᠬᠤᠪᠢᠶᠠᠷᠢᠯᠠᠵᠤ᠂ ᠡᠨᠡ ᠨᠢ ᠶᠠᠳᠠᠭᠤ ᠠᠴᠠ ᠠᠩᠭᠢᠵᠢᠷᠠᠬᠤ ᠪᠠᠰᠠ ᠨᠢᠭᠡᠨ ᠴᠢᠬᠤᠯᠠ ᠠᠷᠭ᠎ᠠ ᠵᠠᠮ ᠪᠤᠯᠤᠭᠰᠠᠨ ᠪᠠᠶᠢᠨ᠎ᠡ᠃ | | | ᠦᠨᠳᠦᠰᠦᠨ ᠱᠠᠳᠤᠨ ᠳᠤ ᠬᠠᠤᠯᠢ ᠴᠠᠭᠠᠵᠠ ᠬᠦᠷᠭᠡᠵᠦ ᠪᠠᠶᠢᠭ᠎ᠠ ᠨᠢ | ᠴᠢᠷᠮᠠᠶᠢᠯᠭ᠎ᠠ ᠠᠴᠠ ᠠᠮᠵᠢᠯᠳᠠ ᠶᠢᠨ ᠵᠢᠮᠢᠰ ᠲᠡᠭᠦᠵᠢᠩᠨᠡᠳᠡᠭ ᠭᠡᠳᠡᠭᠴᠢᠯᠡᠨ᠂ ᠲᠤᠰ ᠠᠵᠢᠯᠯᠠᠬᠤ ᠠᠩᠭᠢ ᠶᠢᠨ | ᠵᠢᠯ ᠭᠠᠷᠤᠢ ᠶᠢᠨ ᠴᠢᠷᠮᠠᠶᠢᠯᠭ᠎ᠠ ᠪᠠᠷ ᠲᠠᠮᠵᠢᠭᠠᠳ ᠬᠤᠨᠭ᠍ᠬᠠᠳᠤ ᠭᠠᠴᠠᠭ᠎ᠠ ᠳᠤ 2014 ᠤᠨ ᠳᠤ ᠲᠠᠩᠰᠠᠯᠠᠵᠤ | ᠺᠠᠷᠲᠯᠠᠭᠰᠠᠨ ᠶᠠᠳᠠᠭᠤ ᠬᠦᠴᠢᠷᠳᠡᠯᠳᠠᠢ ᠡᠷᠦᠬᠡ 54᠂ 162 ᠬᠦᠮᠦᠨ ᠪᠠᠶᠢᠭᠰᠠᠨ ᠪᠤᠯ ᠤᠳᠤ ᠪᠤᠯᠬᠤ ᠳᠤ 52 | ᠡᠷᠦᠬᠡ᠂ 156 ᠬᠦᠮᠦᠨ ᠨᠢ ᠶᠠᠳᠠᠭᠤ ᠠᠴᠠ ᠠᠩᠭᠢᠵᠢᠷᠠᠪᠠ᠃ 2018 ᠤᠨ ᠤ 11 ᠰᠠᠷ᠎ᠡ ᠳᠤ ᠬᠤᠷᠢᠶᠠᠨ | ᠰᠢᠯᠭᠠᠬᠤ ᠪᠠᠷ ᠲᠠᠮᠵᠢᠭᠠᠳ ᠬᠢᠷᠢ ᠲᠡᠩᠴᠡᠵᠤ ᠬᠤᠨᠭ᠍ᠬᠠᠳᠤ ᠭᠠᠴᠠᠭ᠎ᠠ ᠶᠠᠳᠠᠭᠤ ᠬᠦᠴᠢᠷᠳᠡᠯᠳᠠᠢ ᠭᠠᠴᠠᠭ᠎ᠠ ᠲᠤᠰᠬᠤᠨ ᠤ | ᠡᠩᠨᠡᠭᠡ ᠠᠴᠠ ᠭᠠᠷᠪᠠ᠃ 2018 ᠤᠨ ᠳᠤ᠂ ᠭᠠᠴᠠᠭᠠᠨ ᠤ ᠬᠠᠮᠳᠤ ᠶᠢᠨ ᠲᠠᠷᠢᠶᠠᠨ ᠭᠠᠵᠠᠷ 100 ᠮᠦ ᠪᠠᠶᠢᠵᠤ᠂ | ᠲᠦᠷᠢᠶᠡᠰᠦᠯᠡᠭᠦᠯᠦᠭᠰᠡᠨ ᠤᠷᠤᠯᠭ᠎ᠠ 2.4 ᠲᠦᠮᠡᠨ ᠲᠦᠭᠦᠷᠢᠭ ᠲᠤ ᠬᠦᠷᠴᠦ᠂ ᠲᠤᠭᠳᠠᠮᠠᠯ ᠬᠦᠷᠦᠩᠭᠡ ︵ | ᠤᠳᠬᠤᠭᠤᠷ ᠲᠡᠷᠭᠡ︶ ᠪᠠᠨ ᠲᠦᠷᠢᠶᠡᠰᠦᠯᠡᠭᠦᠯᠦᠭᠰᠡᠨ ᠤᠷᠤᠯᠭ᠎ᠠ 0.9 ᠲᠦᠮᠡᠨ ᠲᠦᠭᠦᠷᠢᠭ ᠲᠤ ᠬᠦᠷᠴᠦ᠂ | ᠦᠭᠡᠯᠦᠨ ᠭᠠᠷ ᠤᠷᠠᠯᠠᠯ ᠤᠨ ᠲᠤᠰᠬᠠᠢ ᠬᠤᠷᠰᠢᠶ᠎ᠡ ᠶᠢᠨ ᠲᠦᠷᠢᠶᠡᠰᠦ 2.2 ᠲᠦᠮᠡᠨ ᠲᠦᠭᠦᠷᠢᠭ ᠲᠤ ᠬᠦᠷᠪᠡ᠃ | ᠊᠊᠊᠊᠊ ᠶᠡᠷᠦᠩᠭᠡᠢ ᠱᠦᠵᠢ ᠶᠢᠨ ᠵᠢᠭᠠᠪᠤᠷᠢ ᠶᠢᠨ ᠵᠤᠷᠢᠭ ᠰᠠᠨᠠᠭ᠎ᠠ ᠪᠠᠷ ᠪᠢᠳᠡ ᠶᠠᠳᠠᠭᠤ ᠠᠴᠠ ᠠᠩᠭᠢᠵᠢᠷᠠᠭᠤᠯᠬᠤ | ᠪᠤᠭᠤᠮᠳᠠ ᠰᠢᠪᠳᠤᠯᠬᠤ ᠠᠶᠠᠨ ᠳᠤ ᠬᠡᠵᠢᠶᠡᠳᠡ ᠬᠤᠶᠢᠷᠭᠤᠰᠢᠬᠤ ᠦᠭᠡᠢ᠃ ᠦᠨᠦ ᠭᠠᠴᠠᠭᠠᠨ ᠤ ᠭᠤᠤᠯ ᠤᠨ ᠠᠷᠠᠯ ᠢ | ᠵᠠᠰᠠᠬᠤ ᠠᠵᠢᠯ ᠢ ᠲᠦᠯᠦᠪᠵᠢᠭᠦᠯᠵᠤ ᠪᠤᠢ︔ 2.5 ᠺᠢᠯᠤᠮᠧᠲᠷ ᠤᠨ ᠲᠠᠪᠠᠭ᠎ᠠ ᠶᠢᠨ ᠠᠷᠤ ᠠᠶᠢᠯ ᠬᠦᠷᠬᠦ ᠱᠦᠢᠨᠢ ᠶᠢᠨ | ᠵᠠᠮ ᠢ ᠵᠠᠰᠠᠬᠤ ᠰᠠᠨᠠᠮᠵᠢ ᠨᠢᠭᠡᠨᠳᠡ ᠲᠤᠭᠳᠠᠪᠠ︔ ᠠᠳᠤᠭᠤᠨ ᠤ ᠠᠵᠤ ᠦᠢᠯᠡᠰ ᠢ ᠬᠦᠭᠵᠢᠭᠦᠯᠬᠦ ᠠᠵᠢᠯ ᠢ ᠰᠠᠶᠢᠳᠤᠷ | ᠬᠢᠬᠦ ᠪᠠᠷ ᠲᠦᠯᠦᠪᠯᠡᠵᠤ ᠪᠠᠶᠢᠨ᠎ᠡ ᠁ ᠭᠡᠵᠤ ᠠᠵᠢᠯᠯᠠᠬᠤ ᠠᠩᠭᠢ ᠶᠢᠨ ᠲᠠᠷᠤᠭ᠎ᠠ᠂ ᠬᠤᠨᠭ᠍ᠬᠠᠳᠤ ᠭᠠᠴᠠᠭ᠎ᠠ ᠶᠢᠨ | ᠨᠢᠭᠡᠳᠦᠭᠡᠷ ᠱᠦᠵᠢ ᠾᠧᠤ ᠵᠢᠶᠧ ᠠᠴᠠ ᠮᠠᠨ ᠳᠤ ᠬᠤᠨᠭ᠍ᠬᠠᠳᠤ ᠭᠠᠴᠠᠭ᠎ᠠ ᠶᠢ ᠤᠯᠠᠮ ᠢᠯᠡᠭᠦᠤ ᠬᠦᠭᠵᠢᠭᠦᠯᠬᠦ ᠲᠤᠬᠠᠢ | ᠬᠤᠶᠢᠰᠢᠳᠠ ᠶᠢᠨ ᠠᠵᠢᠯ ᠢᠶᠠᠨ ᠢᠡᠭᠭᠢᠵᠤ ᠲᠠᠷᠤᠤᠬᠠᠨ ᠲᠠᠨᠢᠯᠴᠠᠭᠤᠯᠤᠭᠰᠠᠨ ᠪᠢᠯᠡ᠃ | |