ᠦᠪ ᠤᠯᠠᠮᠵᠢᠯᠡᠯ ᠪᠤᠯ ᠲᠡᠷᠡ ᠴᠡᠭ ᠢᠶᠠᠷ ᠢᠶᠠᠨ ᠮᠤᠩᠭᠤᠯ ᠵᠠᠩ ᠦᠢᠯᠡ᠂ ᠮᠤᠩᠭᠤᠯ ᠠᠮᠢᠳᠤᠷᠡᠯ ᠤᠨ | ᠠᠷᠠᠨᠰᠢᠨ ᠠᠵᠢ᠃ ᠡᠭᠦᠨ ᠳᠤ ᠬᠠᠳᠬᠤᠮᠠᠯ ᠤᠷᠠᠯᠢᠭ ᠪᠤᠯ ᠮᠤᠩᠭᠤᠯᠴᠤᠳ ᠤᠨ ᠦᠨᠢ ᠤᠳᠠᠭᠠᠨ ᠲᠡᠤᠭᠡ ᠶᠢᠨ ᠠᠶᠡᠨ | ᠲᠤᠮᠳᠡ ᠪᠠᠨ ᠡᠭᠦᠳᠦᠨ ᠪᠦᠳᠦᠭᠡᠭᠰᠡᠨ ᠡᠷᠭᠢᠮ ᠨᠠᠨᠳᠢᠨ ᠪᠤᠳᠠᠰ ᠤᠨ ᠪᠤᠰᠤ ᠰᠤᠶᠤᠯ ᠤᠨ ᠦᠪ ᠭᠦᠷᠦᠩᠭᠡ ᠪᠤᠯᠬᠤ ᠨᠢ | ᠭᠠᠷᠴᠠᠭ᠎ᠠ ᠦᠭᠡᠢ᠃ ᠬᠠᠳᠬᠤᠮᠠᠯ ᠤᠷᠠᠯᠢᠭ ᠤᠨ ᠦᠢᠯᠡᠰ ᠲᠤ ᠵᠢᠳᠭᠦᠨ ᠴᠢᠷᠮᠠᠶᠢᠵᠤ᠂ ᠬᠠᠳᠬᠤᠮᠠᠯ ᠤᠷᠠᠯᠢᠭ ᠤᠨ | ᠦᠪ ᠰᠤᠶᠤᠯ ᠢᠶᠠᠨ ᠤᠯᠠᠮᠵᠢᠯᠡᠨ ᠵᠠᠯᠭᠠᠮᠵᠢᠯᠠᠬᠤ ᠪᠠᠷ ᠦᠢᠯᠡᠰ ᠨᠢᠭᠡᠳᠡᠨ ᠢᠶᠠᠨ ᠲᠠᠶᠢᠴᠢᠯᠠᠵᠤ᠂ ᠦᠨᠲᠦᠰᠦᠲᠡᠨ ᠤ | ᠰᠣᠶᠣᠯ ᠤᠨ ᠨᠠᠠᠳᠢᠨ ᠥᠪ ᠢᠶᠠᠨ ᠥᠷ᠎ᠡ ᠬᠤᠶᠢᠴᠢᠰ ᠲᠤ ᠪᠠᠨ ᠥᠯᠡᠳᠡᠭᠡᠬᠦ ᠪᠠᠷ ᠴᠢᠷᠮᠠᠶᠢᠨ ᠵᠢᠳᠬᠦᠵᠥ ᠶᠠᠪᠣᠭ᠎ᠠ | ᠰᠠᠶᠢᠬᠠᠨᠴᠡᠴᠡᠭ ᠨᠠᠰᠣᠳᠡᠨ ᠪᠣᠯ ᠠᠷᠣ ᠬᠦᠨᠳᠡᠯᠡᠨ ᠪᠠᠯᠭᠠᠰᠣᠨ ᠤ ᠠᠮᠢ ᠠᠬᠤᠢ ᠶᠢᠨ ᠨᠡᠬᠦᠳᠡᠯ ᠠᠷᠠᠳ ᠶᠤᠮ ᠃ | ᠬᠠᠷᠠᠬᠠᠠ ᠪᠠᠭ᠎ᠠ ᠠᠴᠠ ᠪᠠᠨ ᠬᠠᠳᠬᠤᠮᠠᠯ ᠣᠶᠣᠳᠠᠯ ᠳᠤ ᠲᠣᠷ᠎ᠠ ᠪᠠᠬ᠎ᠠ ᠲᠠᠢ ᠲᠡᠷᠡᠪᠡᠷ᠂ ᠬᠡᠳᠣᠶᠢᠪᠡᠷ ᠠᠮᠢ ᠠᠬᠤᠢ | ᠶᠢᠨ ᠨᠡᠭᠦᠳᠡᠯ ᠠᠷᠠᠳ ᠪᠣᠯᠵᠦ ᠨᠣᠳᠤᠭ ᠰᠢᠯᠵᠢᠵᠦ ᠠᠰᠠᠷ ᠲᠤ ᠰᠠᠭᠤᠵᠦ ᠂ ᠨᠢᠭᠡ ᠥᠶ᠎ᠡ ᠬᠠᠳᠬᠤᠮᠠᠯ ᠣᠶᠣᠳᠠᠯ | ᠭᠥᠮᠥᠰ ᠤᠨ ᠰᠠᠨᠠᠭᠠᠠ ᠠᠴᠠ ᠭᠠᠷᠴᠣ᠂ ᠮᠠᠷᠳᠠᠭᠳᠠᠬᠤ ᠰᠢᠬᠠᠬᠰᠠᠠ ᠥᠶᠡᠰ ᠰᠠᠶᠢᠬᠠᠨᠴᠡᠴᠡᠭ ᠦᠪᠡᠷ ᠤᠨ ᠲᠣᠷ᠎ᠡ | ᠰᠣᠨᠢᠷᠬᠠᠯ ᠢᠶᠠᠨ ᠪᠠᠷᠢᠮᠳᠠᠯᠠᠭᠰᠠᠭᠠᠷ ᠪᠠᠶᠢᠵᠦ ᠂ ᠡᠴᠢᠨᠡᠡ ᠵᠢᠯ ᠤᠨ ᠲᠣᠷᠰᠢ ᠬᠠᠳᠬᠤᠮᠠᠯ ᠣᠶᠣᠳᠠᠯ ᠤᠨ ᠠᠵᠢᠯ ᠢᠶᠠᠨ | ᠠᠯᠭᠠᠰᠠᠯ ᠥᠭᠡᠢ ᠬᠢᠭᠰᠡᠭᠡᠷ ᠢᠷᠡᠵᠡᠢ᠃ | 2013 ᠣᠨ ᠳᠤ᠂ ᠵᠠᠷᠣᠳ ᠬᠤᠰᠢᠭᠤ ᠠᠮᠢ ᠠᠬᠤᠢ ᠶᠢᠨ ᠲᠡᠩᠴᠡᠬᠦᠷᠢᠰᠢᠯ ᠢ ᠪᠠᠳᠣᠯᠠᠬᠤ ᠶᠢᠨ ᠲᠦᠯᠦᠬᠡ ᠂ | ᠠᠷᠣ ᠬᠦᠨᠳᠡᠯᠡᠨ ᠪᠠᠯᠭᠠᠰᠣᠨ ᠤ ᠬᠤᠶᠢᠳᠣ ᠬᠡᠰᠡᠭ ᠲᠤ ᠪᠠᠶᠢᠷᠢᠯᠠᠭ᠎ᠠ ᠬᠤᠤᠯᠢᠩᠭᠤᠯ ᠰᠤᠮᠤ ᠶᠢᠨ ᠮᠠᠯᠴᠢᠳ ᠢ | ᠨᠡᠬᠦᠯᠬᠡᠨ ᠰᠢᠯᠵᠢᠬᠦᠯᠵᠦ᠂ ᠡᠭᠦᠪᠡᠷ ᠨᠢᠭᠡ ᠪᠦᠯᠦᠭ ᠮᠠᠯᠴᠢᠳ ᠯᠦᠪᠸᠢ ᠪᠠᠯᠭᠠᠰᠣᠨ ᠳᠤ ᠠᠰᠠᠷ ᠲᠤ ᠰᠠᠭᠤᠵᠦ᠂ | ᠴᠠᠯᠢᠩ ᠬᠦᠯᠦᠰᠦ ᠤᠯᠵᠦ᠂ ᠮᠠᠯᠵᠢᠬᠤ ᠠᠮᠢᠳᠣᠷᠠᠯ ᠠᠷᠣ ᠬᠡᠷ ᠠᠴᠠ ᠪᠠᠨ ᠠᠶᠠᠷᠯᠠᠨ ᠰᠠᠯᠤᠬᠰᠠᠨ ᠶᠤᠮ᠃ | ᠬᠤᠳᠠ ᠣᠷᠣᠵᠦ ᠬᠢᠳᠠᠯ ᠠᠯᠳᠠᠵᠦ ᠰᠠᠭᠤᠬᠤ ᠠᠴᠠ ᠦᠷ᠎ᠡ ᠬᠡᠦᠬᠡᠳ ᠲᠤ ᠪᠠᠨ ᠤᠶᠤᠳᠠᠯ ᠬᠠᠳᠬᠤᠮᠠᠯ ᠢᠶᠠᠨ | ᠤᠯᠠᠮᠵᠢᠯᠠᠨ ᠵᠠᠯᠭᠠᠮᠵᠢᠯᠠᠬᠤ ᠰᠡᠳᠬᠢᠯᠬᠡ ᠠᠴᠠ᠂ 2014 ᠤᠨ ᠠᠴᠠ ᠡᠬᠢᠯᠡᠵᠦ᠂ ᠰᠠᠶᠢᠬᠠᠨᠴᠡᠴᠡᠭ ᠵᠡᠬᠦᠦ ᠣᠳᠠᠰᠣ | ᠲᠠᠢ ᠪᠠᠨ ᠲᠠᠬᠢᠨᠳᠠ ᠨᠦᠬᠦᠷᠯᠡᠵᠦ᠂ ᠬᠤᠷᠴᠢᠨ ᠮᠤᠩᠭᠤᠯᠴᠣᠳ ᠤᠨ ᠦᠨᠡᠳᠦ ᠬᠦᠷᠦᠩᠭᠡ ᠪᠤᠯᠬᠤ ᠤᠷᠠᠨ ᠬᠠᠳᠬᠤᠮᠠᠯ | ᠢᠶᠠᠨ ᠲᠠᠬᠢᠨ ᠬᠠᠳᠬᠤᠵᠦ ᠡᠬᠢᠯᠡᠵᠡᠢ᠃ ᠭᠤᠤᠯᠳᠠᠭᠤ ᠴᠣᠪ ᠵᠠᠭᠠᠳᠠ ᠶᠢᠨ ᠡᠩᠭᠡᠷ ᠤᠨ ᠬᠠᠨᠴᠣᠢ ᠶᠢᠨ ᠬᠤᠸᠠᠷ᠂ | ᠬᠠᠪᠳᠠᠭ᠎ᠠ᠂ ᠰᠢᠭᠤᠳᠠᠢ᠂ ᠲᠡᠷᠡ ᠶᠢᠨ ᠲᠦᠷᠦᠬᠦᠦ᠂ ᠭᠤᠳᠣᠯ ᠱᠠᠬᠠᠢ ᠵᠡᠷᠬᠡ ᠳᠤ ᠨᠠᠭᠠᠮᠠᠯ ᠨᠠᠭᠠᠬᠤ ᠂ ᠤᠷᠢᠶᠠᠮᠠᠯ | ᠤᠷᠢᠶᠠᠬᠤ᠂ ᠰᠡᠶᠢᠯᠦᠮᠡᠯ ᠰᠡᠶᠢᠯᠬᠦ ᠵᠡᠷᠬᠡ ᠪᠦᠷᠢᠨ ᠤᠶᠤᠳᠠᠯ ᠢᠶᠠᠨ ᠡᠬᠢᠯᠡᠨ ᠤᠷᠠᠯᠠᠵᠠᠢ᠃ ᠴᠢᠷᠮᠠᠶᠢᠯᠭ᠎ᠠ ᠬᠦᠮᠦᠨ ᠢ | ᠭᠤᠮᠤᠳᠤᠭᠠᠬᠤ ᠦᠬᠡᠢ ᠬᠡᠳᠡᠭ ᠢᠶᠠᠷ ᠰᠠᠶᠢᠬᠠᠨᠴᠡᠴᠡᠭ ᠦᠪᠡᠷ ᠤᠨ ᠦᠳᠡᠯᠦᠬᠡ ᠨᠠᠰᠣ ᠪᠠᠨ ᠤᠳᠬ᠎ᠠ ᠠᠭᠤᠯᠭ᠎ᠠ | ᠲᠡᠬᠦᠰ᠂ ᠠᠮᠵᠢᠯᠳᠠ ᠪᠦᠳᠦᠬᠡᠯ ᠲᠦᠬᠦᠷᠡᠩ ᠦᠩᠭᠡᠷᠬᠡᠵᠦ᠂ ᠴᠦᠬᠡᠨ ᠪᠤᠰᠤ ᠱᠠᠩᠨᠠᠯ ᠬᠦᠬᠢᠬᠦᠯᠦᠯ ᠢᠶᠠᠷ ᠡᠩᠭᠡᠷ | ᠢᠶᠠᠨ ᠮᠢᠯᠢᠶᠠᠯᠭᠠᠵᠦ ᠶᠠᠪᠤᠭ᠎ᠠ ᠰᠠᠶᠢᠨ ᠡᠵᠢ ᠪᠢᠯᠡ᠃ ᠲᠡᠬᠦᠨ ᠤ ᠠᠮᠵᠢᠯᠳᠠ ᠪᠦᠳᠦᠮᠵᠢ ᠶᠢ ᠴᠣᠬᠤᠰ ᠲᠤᠷᠠᠳᠪᠠᠯ᠄ | 2017 ᠤᠨ ᠤ 3 ᠰᠠᠷ᠎ᠠ ᠳᠤ ᠠᠷᠣ ᠬᠦᠨᠳᠡᠯᠡᠨ ᠪᠠᠯᠭᠠᠰᠣᠨ ᠤ ᠲᠠᠷᠢᠶᠠᠯᠠᠩ ᠤᠨ ᠲᠠᠯᠠᠪᠠᠢ ᠶᠢᠨ ︽ᠰᠠᠶᠢᠨ | ᠡᠵᠢ︾᠂ 2018 ᠤᠨ ᠤ 1 ᠰᠠᠷ᠎ᠠ ᠳᠤ᠂ ︽ ᠪᠦᠬᠦ ᠬᠤᠰᠢᠭᠤᠨ ᠤ ᠮᠤᠩᠭᠤᠯ ᠬᠤᠪᠴᠠᠰᠣ ᠵᠠᠰᠠᠯ ᠪᠤᠯᠤᠨ | ᠬᠠᠳᠬᠤᠮᠠᠯ ᠤᠨ ᠤᠷᠠᠨ ᠪᠦᠳᠦᠬᠡᠯ ᠤᠨ ᠣᠷᠣᠯᠳᠣᠭᠠᠨ︾ ᠤ ᠰᠢᠯᠢᠳᠡᠭ ᠨᠡᠷᠡᠰ ᠂ 2018 ᠤᠨ ᠤ ᠠᠷᠣ | ᠬᠦᠨᠳᠡᠯᠡᠨ ᠪᠠᠯᠭᠠᠰᠤᠨ ᠤ ︽ᠡᠮᠡᠭᠳᠡᠶᠢᠴᠣᠳ ᠤᠨ ᠵᠢᠱᠢᠶᠡᠴᠢ ︾ ᠂ 2018 ᠤᠨ ᠤ 12 ᠰᠠᠷ᠎ᠠ ᠳᠤ ᠲᠡᠬᠦᠨ ᠤ | ᠤᠶᠤᠬᠰᠠᠨ ᠪᠦᠳᠦᠬᠡᠯ ᠨᠢ ᠰᠢᠷᠠᠮᠦ᠋ᠷᠡᠨ ᠮᠤᠩᠭᠤᠯ ᠬᠠᠳᠬᠤᠮᠠᠯ ᠤᠨ ᠲᠦᠯᠦᠬᠡᠯᠡᠭᠴᠢ ᠪᠦᠳᠦᠬᠡᠯ︾ ᠪᠤᠯᠵᠦ᠂ | 2019 ᠤᠨ ᠤ 6 ᠰᠠᠷ᠎ᠠ ᠳᠤ᠂ ︽ᠬᠤᠷᠴᠢᠨ ᠤ ᠬᠠᠮᠤᠭ ᠤᠨ ᠭᠤᠶᠤ ᠤᠷᠠᠨ ᠡᠵᠢ︾᠂ ᠦᠪᠡᠷᠳᠡᠬᠡᠨ ᠵᠠᠰᠠᠬᠤ | ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠠᠴᠠ ᠭᠤᠣᠯᠯᠡᠨ ᠡᠷᠬᠢᠯᠡᠭᠰᠡᠨ 2019 ᠣᠨ ᠤ ᠦᠪᠣᠷ | ᠮᠣᠩᠭᠤᠯ ᠤᠨ ︽ᠰᠣᠶᠣᠯ ᠪᠠ ᠪᠠᠶᠢᠭᠠᠯᠢ ᠶᠢᠨ ᠦᠪ ᠤᠨ ᠡᠳᠣᠷ︾ ᠤᠨ ᠪᠣᠳᠠᠰ ᠤᠨ ᠪᠣᠰᠣ ᠰᠣᠶᠣᠯ ᠤᠨ ᠦᠪ ᠢ | ᠣᠬᠠᠭᠤᠯᠬᠤ ᠦᠵᠡᠬᠦᠯᠣᠯᠬᠡ ᠶᠢᠨ ᠰᠢᠷᠢᠰ ᠠᠵᠢᠯᠯᠠᠭ᠎ᠠ ᠳᠤ ︽ᠦᠪᠣᠷ ᠮᠣᠩᠭᠤᠯ ᠤᠨ ᠬᠠᠮᠤᠭ ᠤᠨ ᠭᠤᠶᠣ | ᠬᠠᠳᠬᠤᠮᠡᠯᠴᠢᠨ ᠪᠦᠰᠡᠬᠦᠢ︾ ᠬᠡᠬᠦ ᠴᠣᠯᠡ ᠶᠢ ᠬᠦᠷᠳᠡᠭᠰᠡᠨ ᠴᠣᠷ ᠤᠨ ᠭᠠᠭᠴᠠ ᠵᠠᠷᠣᠳ ᠬᠠᠳᠬᠤᠮᠡᠯᠴᠢᠨ ᠡᠵᠢ | ᠪᠠᠶᠢᠵᠦ᠂ 2019 ᠤᠨ ᠤ 9 ᠰᠠᠷ᠎ᠠ ᠳᠤ᠂ ᠬᠦᠬᠡᠬᠤᠳᠠ ᠳᠤ ᠪᠤᠯᠤᠬᠰᠠᠨ ᠦᠨᠳᠦᠰᠦᠳᠡᠨ ᠤ ᠬᠤᠪᠴᠠᠰᠣ ᠵᠠᠰᠠᠯ | ᠤᠨ ᠤᠷᠤᠯᠳᠣᠭᠠᠨ ᠳᠤ ︽ᠱᠣᠣᠳᠠᠢ᠂ ᠭᠤᠳᠤᠯ︾ ᠨᠢ ᠬᠤᠶᠠᠳᠣᠭᠠᠷ ᠲᠡᠰ ᠤᠨ ᠱᠠᠩᠨᠠᠯ ᠬᠦᠷᠳᠡᠪᠡ᠃ | ᠡᠬᠦᠨ ᠢᠶᠠᠷ ᠪᠠᠷᠠᠬᠤ ᠦᠬᠡᠢ᠂ ᠰᠠᠶᠢᠬᠠᠨᠴᠡᠴᠡᠭ ᠦᠪᠡᠷ ᠤᠨ ᠭᠠᠷ ᠤᠷᠠᠯᠠᠯ ᠤᠨ ᠪᠦᠳᠦᠬᠡᠯ ᠪᠤᠯᠬᠤ ︽ᠨᠠᠢᠮᠠᠨ | ᠰᠢᠷᠭ᠎ᠠ ᠮᠤᠷᠢ︾᠂ ︽ᠮᠠᠨᠳᠠᠷᠸ᠎ᠠ ᠴᠡᠴᠡᠭ︾ ᠂ ︽ᠬᠦᠢᠯᠡᠰᠦᠨ ᠬᠤᠸᠠᠷ ︾ ᠵᠡᠷᠬᠡ ᠪᠠᠨ ᠬᠤᠰᠢᠭᠤ᠂ ᠨᠤᠳᠤᠭ | ᠪᠠ ᠤᠷᠤᠨ ᠤ ᠲᠡᠰ ᠤᠨ ᠰᠣᠷᠭᠠᠨ ᠬᠦᠮᠦᠵᠢᠯ ᠤᠨ ᠦᠢᠯᠡᠰ ᠲᠤ ᠬᠠᠨᠳᠢᠪᠯᠠᠬᠰᠠᠨ ᠪᠠᠶᠢᠳᠠᠭ᠃ | ᠰᠠᠶᠢᠬᠠᠨᠴᠡᠴᠡᠭ ᠨᠠᠰᠣᠳᠠᠨ ᠠᠶᠢᠯ ᠰᠠᠭᠠᠬᠠᠯᠳᠠ ᠶᠢᠨ ᠬᠢᠨ ᠪᠠ ᠬᠠᠮᠳᠣ ᠨᠡᠬᠦᠵᠦ ᠢᠷᠡᠭᠰᠡᠨ ᠡᠬᠡᠴᠢ ᠲᠡᠬᠦᠦ | ᠨᠠᠷ ᠲᠠᠢ ᠪᠠᠨ ᠲᠤᠶᠢᠯ ᠤᠨ ᠲᠤᠳᠤᠨᠤᠰᠤᠭ ᠢᠶᠠᠷ ᠬᠠᠷᠢᠯᠴᠠᠵᠦ᠂ ᠴᠢᠨᠠᠬᠰᠢᠯᠠᠪᠠᠯ ᠦᠪᠡᠷ ᠤᠨ ᠦᠢᠯᠡ ᠤᠶᠤᠳᠠᠯ ᠢᠶᠠᠨ | ᠨᠠᠶᠢᠵᠠ ᠨᠦᠬᠦᠳ ᠲᠠᠢ ᠪᠠᠨ ᠬᠤᠪᠢᠶᠠᠯᠴᠠᠵᠦ᠂ ᠵᠠᠷᠢᠮ ᠦᠶ᠎ᠡ ᠳᠤ ᠬᠠᠷᠠᠮ ᠦᠬᠡᠢ ᠡᠮᠦᠰᠭᠡᠭᠰᠡᠨ ᠠᠴᠠ ᠲᠠᠨᠢᠯᠴᠠᠬᠤ | ᠵᠠᠮ ᠦᠷᠬᠡᠳᠴᠦ᠂ ᠤᠯᠠᠮ ᠠᠷᠪᠢᠨ ᠨᠠᠶᠢᠵᠠ ᠨᠦᠬᠦᠳ ᠲᠠᠢ ᠪᠤᠯᠵᠦ᠂ ᠬᠤᠰᠢᠭᠤ ᠱᠠᠲᠤᠨ ᠤ᠂ ᠴᠢᠨᠠᠬᠰᠢᠯᠠᠪᠠᠯ | ᠲᠦᠪ᠂ ᠤᠷᠤᠨ᠂ ᠬᠤᠳᠠ ᠶᠢᠨ ᠬᠤᠪᠴᠠᠰᠣ ᠵᠠᠰᠠᠯ ᠤᠨ ᠤᠷᠤᠯᠳᠣᠭᠠᠨ ᠵᠢᠴᠢ ᠵᠠᠷᠣᠳ ᠬᠤᠰᠢᠭᠤᠨ ᠤ ᠴᠠᠭᠠᠨ | ᠰᠠᠷ᠎ᠠ ᠶᠢᠨ ᠦᠳᠡᠰᠢᠯᠡᠭᠡ᠂ ᠠᠭᠤᠳᠠᠮ ᠲᠠᠯᠠᠪᠠᠢ ᠶᠢᠨ ᠪᠦᠵᠢᠭ ᠂ ᠦᠨᠦᠴᠢᠨ ᠬᠡᠦᠬᠡᠳ ᠂ ᠡᠪᠡᠳᠴᠢᠨ ᠲᠠᠢ ᠬᠡᠦᠬᠡᠳ | ᠢ ᠲᠤᠰᠠᠯᠠᠬᠤ ᠵᠡᠷᠬᠡ ᠤᠯᠠᠨ ᠲᠦᠷᠦᠯ ᠤᠨ ᠬᠦᠳᠡᠯᠬᠡᠬᠡᠨ ᠳᠤ ᠢᠳᠡᠪᠬᠢᠳᠡᠢ ᠤᠷᠤᠯᠴᠠᠬᠰᠠᠭᠠᠷ ᠢᠷᠡᠵᠡᠢ᠃ | ᠡᠳᠣᠬᠡ ᠶᠢᠨ ᠨᠡᠶᠢᠬᠡᠮ ᠨᠢᠰᠬᠦ ᠮᠡᠳᠦ ᠬᠦᠭᠵᠢᠵᠦ᠂ ᠡᠷᠡᠭᠳᠡᠢ ᠡᠮᠡᠭᠳᠡᠢ ᠡᠷᠬᠡ ᠲᠡᠭᠰᠢ ᠪᠤᠯᠵᠦ ᠦᠬᠢᠨ ᠬᠡᠦᠬᠡᠳ | ᠴᠦ ᠰᠣᠶᠣᠯ ᠰᠣᠷᠭᠠᠭᠤᠯᠢ ᠶᠢᠨ ᠮᠦᠷ ᠬᠦᠬᠡᠬᠡᠵᠦ᠂ ᠠᠯᠢ ᠤᠯᠠᠨ ᠮᠡᠷᠬᠡᠵᠢᠯ ᠢᠶᠠᠷ ᠡᠷᠳᠡᠮᠳᠡᠨ ᠴᠢᠳᠠᠪᠤᠷᠢᠳᠠᠨ ᠪᠤᠯᠵᠦ | ᠪᠠᠶᠢᠭ᠎ᠠ ᠦᠨᠦᠳᠦᠷ ᠴᠦ ᠦᠢᠯᠡ ᠤᠶᠤᠳᠠᠯ ᠤᠷᠬᠢᠬᠳᠠᠭᠠ ᠦᠬᠡᠢ ᠃ ᠰᠠᠶᠢᠬᠠᠨᠴᠡᠴᠡᠭ ᠡᠵᠢ ᠬᠡᠳᠦᠨ ᠵᠢᠯ ᠤᠨ | ᠲᠤᠷᠰᠢᠳ᠋ᠨ ᠴᠢᠷᠮᠠᠶᠢᠨ ᠠᠵᠢᠯᠯᠠᠬᠰᠠᠨ ᠠᠴᠠ ᠨᠦᠯᠦᠬᠡ ᠲᠤᠰᠬᠠᠯ ᠭᠠᠷᠴᠤ ᠂ ᠨᠢᠬᠡ ᠪᠦᠯᠦᠭ ᠭᠠᠷ ᠤᠷᠠᠨ ᠰᠡᠷᠬᠦᠯᠡᠩ | ᠦᠬᠢᠳ ᠪᠦᠰᠡᠬᠦᠶᠢᠴᠦᠳ ᠦᠢᠯᠡ ᠤᠶᠤᠳᠠᠯ ᠤᠨ ᠨᠡᠶᠢᠬᠡᠮ ᠤᠨ ᠬᠡᠷᠡᠭᠴᠡᠭᠡ᠂ ᠠᠵᠦ ᠠᠬᠤᠢ ᠶᠢᠨ ᠲᠠᠯᠳᠠ | ᠬᠦᠴᠦᠨ ᠢ ᠰᠡᠷᠬᠡᠭ ᠢᠶᠠᠷ ᠲᠠᠨᠢᠵᠦ᠂ ᠦᠢᠯᠡ ᠤᠶᠤᠳᠠᠯ ᠢᠶᠠᠷ ᠦᠢᠯᠡᠰ ᠪᠤᠰᠬᠠᠨ᠂ ᠦᠪᠡᠷᠰᠡᠳ ᠤᠨ ᠤᠷᠤᠯᠭ᠎ᠠ | ᠪᠠᠨ ᠨᠡᠮᠡᠭᠳᠡᠬᠦᠯᠵᠦ ᠨᠡᠶᠢᠬᠡᠮ ᠨᠡᠶᠢᠳᠡ ᠳᠤ ᠪᠠᠨ ᠬᠤᠪᠢ ᠨᠡᠮᠡᠷᠢ ᠦᠵᠡᠬᠦᠯᠬᠦ ᠶᠢ ᠪᠤᠳᠤᠵᠦ᠂ ᠨᠠᠰᠣᠳᠠᠨ ᠤ ᠭᠠᠷ | ᠤᠨ ᠱᠠᠪᠢ ᠪᠤᠯᠵᠦ ᠦᠢᠯᠡ ᠤᠶᠤᠳᠠᠯ ᠢᠶᠠᠨ ᠤᠷᠠᠨ ᠨᠠᠷᠢᠯᠢᠭ ᠤᠶᠤᠵᠦ ᠪᠤᠢ᠃ ᠤᠳᠤ ᠪᠤᠯᠬᠤ ᠳᠤ ᠨᠠᠰᠣᠳᠠᠨ | ᠭᠤᠸᠠᠢ ᠵᠢᠷᠭᠤᠭᠠᠨ ᠱᠠᠪᠢ ᠲᠠᠢ ᠪᠤᠯᠤᠬᠰᠠᠨ ᠪᠠᠶᠢᠨ᠎ᠠ᠃ | ᠲᠣᠷ᠎ᠠ ᠪᠠᠭ᠋ᠠᠳᠠᠢ ᠵᠦᠢᠯ ᠢᠶᠠᠨ ᠡᠴᠢᠨᠡᠡ ᠵᠢᠯ ᠤᠨ ᠲᠣᠷᠰᠢ ᠪᠠᠷᠢᠮᠳᠠᠯᠠᠵᠣ ᠢᠷᠡᠭᠰᠡᠡ ᠣᠷᠡᠨ ᠬᠠᠳᠬᠤᠮᠡᠯᠴᠢᠨ | ᠰᠠᠶᠢᠬᠠᠨᠴᠡᠴᠡᠭ ᠡᠵᠢ ᠮᠣᠩᠭᠤᠯ ᠬᠠᠳᠬᠤᠮᠠᠯ ᠲᠠᠢ ᠨᠢᠭᠡᠨᠳᠡ ᠰᠠᠯᠣᠰᠢ ᠥᠭᠡᠢ ᠪᠠᠷᠢᠯᠳᠣᠯᠭ᠎ᠠ ᠲᠠᠢ ᠪᠣᠯᠵᠣ᠂ ᠵᠠᠪ | ᠴᠢᠯᠥᠭᠡ ᠯᠡ ᠭᠠᠷᠪᠠᠯ ᠬᠠᠳᠬᠤᠮᠠᠯ ᠣᠶᠣᠳᠠᠯ ᠤᠨ ᠠᠵᠢᠯ ᠳᠤ ᠪᠠᠨ ᠶᠠᠭᠠᠷᠠᠭᠰᠠᠭᠠᠷ ᠯᠡ ᠪᠠᠶᠢᠨ᠎ᠠ᠃ ︽ | ᠴᠢᠷᠮᠠᠶᠢᠯᠭ᠎ᠠ ᠠᠴᠠ ᠠᠮᠵᠢᠯᠳᠡ ᠤᠢᠢᠷᠠᠬᠠᠨ︾ ᠭᠡᠳᠡᠭ ᠢᠶᠠᠷ᠂ ᠲᠡᠷᠡ ᠤᠯᠡᠨ ᠰᠢᠯᠢᠳᠡᠭ ᠬᠠᠳᠬᠤᠮᠠᠯ ᠤᠨ | ᠪᠦᠳᠦᠭᠡᠭᠳᠡᠭᠦᠨ ᠢᠶᠠᠷ ᠢᠶᠠᠨ ᠬᠦᠮᠦᠰ ᠤᠨ ᠠᠩᠬᠠᠷᠤᠯ ᠢ ᠲᠠᠳᠠᠭᠰᠡᠭᠠᠷ ᠪᠠᠶᠢᠨ᠎ᠠ᠃ ᠦᠨᠳᠣᠰᠦᠳᠡᠨ ᠤ ᠪᠠᠨ | ᠬᠠᠳᠬᠤᠮᠠᠯ ᠤᠨ ᠠᠵᠢᠯ ᠳᠤ ᠬᠤᠪᠢ ᠨᠡᠮᠡᠷᠢ ᠪᠠᠨ ᠥᠵᠡᠭᠦᠯᠵᠥ᠂ ᠢᠯᠡᠭᠦᠥ ᠭᠡᠳᠥᠨ ᠱᠠᠪᠢ ᠬᠥᠮᠥᠵᠢᠭᠦᠯᠵᠥ᠂ | ᠬᠤᠶᠢᠴᠢ ᠥᠶ᠎ᠡ ᠳᠤ ᠪᠠᠨ ᠬᠠᠳᠬᠤᠮᠠᠯ ᠢᠶᠠᠨ ᠣᠯᠠᠮᠵᠢᠯᠡᠬᠤ ᠨᠢ ᠮᠠᠰᠢ ᠣᠳᠬ᠎ᠠ ᠠᠭᠤᠯᠭ᠎ᠠ ᠲᠠᠢ ᠠᠵᠢᠯ ᠭᠡᠵᠥ | ᠪᠣᠳᠣᠭᠳᠠᠨ᠎ᠠ ᠭᠡᠵᠥ ᠰᠠᠶᠢᠬᠠᠨᠴᠡᠴᠡᠭ ᠰᠣᠷᠪᠣᠯᠵᠢᠯᠠᠭᠴᠢ ᠳᠤ ᠣᠴᠢᠷᠯᠠᠠ ᠶᠠᠷᠢᠵᠦ ᠪᠠᠶᠢᠯ᠎ᠠ ᠃ | ︵ᠬᠠᠨ ᠤᠷᠠᠯᠢᠭ᠂ ᠨᠠᠮᠢᠰ᠂ ᠲᠠᠯ᠎ᠠ ᠠᠴᠠ ᠬᠠᠩᠭᠠᠪᠠ︶ |