| ᠤᠶᠢᠷ᠎ᠠ ᠶᠢᠨ ᠡᠳᠦᠷ᠂ ︽70 ᠵᠢᠯ ᠤᠨ ᠭᠡᠷᠡᠴᠢ︾ ᠲᠤᠮᠲᠠᠲᠤ ᠮᠣᠩᠭᠤᠯ ᠤᠨ ᠰᠦᠯᠵᠢᠶᠡᠨ ᠤ | ᠰᠤᠷᠪᠤᠯᠵᠢᠯᠠᠭᠴᠢᠳ ᠤᠨ ᠬᠠᠮᠲᠤᠷᠠᠭᠰᠠᠨ ᠰᠣᠷᠪᠤᠯᠵᠢᠯᠠᠭ᠎ᠠ ᠶᠢᠨ ᠪᠠᠭ ᠤᠨ ᠬᠢᠨ ᠦᠪᠦᠷ ᠮᠤᠩᠭᠤᠯ ᠤᠨ ᠲᠦᠩᠯᠢᠶᠤᠤ | ᠬᠤᠲᠠ ᠶᠢᠨ ᠵᠠᠷᠣᠳ ᠬᠤᠰᠢᠭᠤᠨ ᠳᠤ ᠬᠦᠷᠴᠦ᠂ ᠵᠠᠷᠣᠳ ᠨᠤᠲᠤᠭ ᠤᠨ ᠨᠠᠨᠳᠢᠨ ᠦᠪ ᠰᠣᠶᠣᠯ ᠤᠨ ᠨᠢᠭᠡ ᠪᠤᠯᠬᠤ | ᠵᠠᠷᠤᠳ ᠮᠤᠩᠭᠤᠯᠴᠤᠳ ᠤᠨ ᠬᠠᠳᠬᠤᠮᠠᠯ ᠣᠷᠠᠯᠠᠯ ᠲᠠᠢ ᠲᠠᠨᠢᠯᠴᠠᠵᠠᠢ᠃ | ᠵᠠᠷᠣᠳ ᠨᠤᠲᠤᠭ ᠨᠢ ︽ᠠᠷᠠᠳ ᠤᠨ ᠤᠷᠠᠯᠢᠭ ᠤᠨ ᠨᠤᠲᠤᠭ︾ ᠬᠡᠮᠡᠬᠦ ᠰᠠᠶᠢᠬᠠᠨ ᠠᠯᠳᠠᠷ ᠲᠠᠢ ᠪᠠᠶᠢᠳᠠᠭ᠃ | ᠵᠠᠷᠤᠳ ᠮᠤᠩᠭᠤᠯᠴᠤᠳ ᠤᠨ ᠬᠠᠳᠬᠤᠮᠠᠯ ᠤᠷᠠᠯᠠᠯ ᠨᠢ ᠡᠪᠦᠭᠡ ᠳᠡᠭᠡᠳᠦᠰ ᠠᠴᠠ ᠣᠯᠠᠮᠵᠢᠨᠯᠠᠭᠳᠠᠨ ᠢᠷᠡᠭᠰᠡᠨ | ᠦᠨᠡᠲᠦ ᠰᠣᠶᠣᠯ ᠪᠤᠯᠬᠤ ᠶᠤᠮ᠂ ᠵᠠᠷᠤᠳ ᠮᠤᠩᠭᠤᠯᠴᠣᠳ ᠤᠨ ᠬᠠᠳᠬᠤᠮᠠᠯ ᠨᠢ ᠢᠰᠡᠭᠡᠢ᠂ ᠠᠷᠠᠰᠣ᠂ ᠬᠦᠪᠦᠩ | ᠪᠦᠰ᠂ ᠲᠤᠷᠭ᠎ᠠ ᠳᠡᠭᠡᠷ᠎ᠡ ᠵᠠᠷᠣᠳ ᠨᠤᠲᠤᠭ ᠤᠨ ᠭᠠᠩᠭᠠᠩ ᠪᠠᠶᠢᠭᠠᠯᠢ᠂ ᠴᠡᠴᠡᠭ ᠤᠷᠭᠤᠮᠠᠯ᠂ ᠠᠮᠢᠲᠠᠨ ᠠᠷᠢᠶᠠᠲᠠᠨ | ᠵᠡᠷᠭᠡ ᠶᠢ ᠤᠷᠠᠯᠢᠭ ᠢᠶᠠᠷ ᠬᠠᠳᠬᠤᠮᠠᠯᠯᠠᠨ᠂ ᠦᠯᠵᠡᠢ ᠪᠡᠯᠭᠡ ᠲᠠᠢ᠂ ᠠᠮᠤᠷ ᠲᠠᠶᠢᠪᠤᠩ ᠪᠠᠶᠢᠬᠤ ᠵᠡᠷᠭᠡ ᠶᠢ ᠪᠡᠯᠭᠡᠳᠡᠵᠦ | ᠂ ᠵᠠᠷᠤᠳ ᠮᠤᠩᠭᠤᠯᠴᠣᠳ ᠮᠠᠨᠢ ᠲᠠᠩᠰᠤᠭ ᠰᠠᠶᠢᠬᠠᠨ ᠪᠠᠶᠢᠭᠠᠯᠢ ᠪᠠᠨ ᠡᠷᠬᠢᠮᠯᠡᠨ ᠬᠠᠶᠢᠷᠠᠯᠠᠬᠤ ᠰᠡᠳᠬᠢᠯᠭᠡ ᠪᠠᠨ | ᠬᠤᠪᠴᠠᠰᠤ ᠵᠠᠰᠠᠯ᠂ ᠡᠳ᠋ ᠬᠡᠷᠡᠭᠰᠡᠯ ᠳᠤ ᠪᠠᠨ ᠰᠢᠩᠭᠡᠭᠡᠵᠦ᠂ ᠦᠨᠳᠦᠰᠦᠳᠡᠨ ᠤ ᠦᠪ ᠰᠤᠶᠤᠯ ᠢᠶᠠᠨ ᠬᠠᠮᠠᠭᠠᠯᠠᠨ | ᠤᠯᠠᠮᠵᠢᠯᠠᠭᠰᠠᠭᠠᠷ ᠢᠷᠡᠵᠡᠢ᠃ | ᠵᠠᠷᠤᠳ ᠮᠣᠩᠭᠤᠯᠴᠣᠳ ᠤᠨ ᠬᠠᠳᠬᠤᠮᠠᠯ ᠣᠷᠠᠯᠠᠯ ᠤᠨ ᠦᠪᠯᠡᠨ ᠣᠯᠠᠮᠵᠢᠯᠠᠭᠴᠢ ᠶᠢᠨ ᠨᠢᠭᠡ ᠪᠤᠯᠤᠭᠰᠠᠨ | ᠰᠠᠶᠢᠬᠠᠠᠴᠡᠴᠡᠭ ᠨᠠᠰᠣᠲᠠᠨ ᠵᠠᠷᠤᠳ ᠬᠠᠳᠬᠤᠮᠠᠯ ᠤᠨ ᠢᠶᠠᠨ ᠲᠤᠬᠠᠢ ᠲᠠᠨᠢᠯᠴᠠᠭᠤᠯᠤᠯ᠎ᠠ᠃ ᠲᠡᠷᠡᠪᠡᠷ ᠠᠷᠪᠠᠭᠠᠳ | ᠨᠠᠰᠣᠨ ᠠᠴᠠ ᠪᠠᠨ ᠤᠷᠠᠨ ᠭᠠᠷ ᠲᠠᠢ ᠡᠵᠢ ᠶᠢᠨ ᠢᠶᠠᠨ ᠤᠶᠤᠳᠠᠯ ᠤᠷᠠᠯᠠᠯ ᠤᠨ ᠨᠦᠯᠦᠬᠡ ᠪᠠᠷ ᠬᠠᠳᠬᠤᠮᠠᠯ | ᠤᠶᠤᠳᠠᠯ ᠢ ᠰᠣᠷᠴᠦ ᠣᠳᠣ ᠪᠣᠯᠣᠭᠰᠠᠭᠠᠷ ᠶᠤᠮ᠂ ᠲᠡᠷᠡ ᠨᠠᠭᠠᠮᠠᠯ᠂ ᠰᠡᠶᠢᠯᠤᠮᠡᠯ᠂ ᠬᠠᠳᠬᠤᠮᠠᠯ ᠵᠡᠷᠭᠡ ᠲᠦᠷᠦᠯ ᠢᠶᠠᠷ | ᠣᠷᠠᠯᠠᠨ ᠣᠶᠣᠵᠤ᠂ ᠬᠠᠪᠳᠠᠭ᠎ᠠ᠂ ᠬᠡᠦᠳᠡᠢ᠂ ᠰᠢᠭᠤᠳᠠᠢ᠂ ᠬᠦᠬᠦᠦᠷ ᠤᠨ ᠤᠭᠤᠳᠠ ᠵᠡᠷᠭᠡ ᠵᠢᠵᠢᠭ ᠠᠪᠰᠠᠷᠬᠠᠨ | ᠭᠤᠶᠤᠯᠢᠭ ᠰᠠᠶᠢᠬᠠᠨ ᠭᠠᠷ ᠤᠷᠠᠯᠠᠯ ᠤᠨ ᠪᠦᠳᠦᠭᠡᠯ ᠤᠳ ᠪᠠᠶᠢᠬᠤ ᠠᠴᠠ ᠭᠠᠳᠠᠨ᠎ᠠ ᠪᠠᠰᠠ ᠤᠭᠴᠤᠷ᠂ ᠲᠡᠷᠯᠢᠭ᠂ | ᠤᠤᠵᠢᠨ ᠴᠤᠪᠠ᠂ ᠭᠤᠳᠤᠯ᠂ ᠱᠠᠬᠠᠢ ᠵᠡᠷᠭᠡ ᠮᠠᠰᠢ ᠤᠯᠠᠨ ᠬᠤᠪᠴᠠᠰᠤ ᠵᠠᠰᠠᠯ᠂ ᠡᠳ᠋ ᠬᠡᠷᠡᠭᠰᠡᠯ ᠤᠨ ᠬᠠᠳᠬᠤᠮᠠᠯ | ᠤᠷᠠᠯᠠᠯ ᠤᠨ ᠪᠦᠳᠦᠭᠡᠯ ᠤᠳ ᠲᠠᠢ᠂ ᠮᠠᠰᠢ ᠤᠯᠠᠨ ᠤᠳᠠᠭᠠᠨ ᠤ ᠦᠵᠡᠭᠦᠯᠦᠯᠭᠡ᠂ ᠣᠷᠣᠯᠳᠣᠭᠠᠨ ᠤ ᠱᠠᠩᠨᠠᠯ | ᠲᠤᠰᠤᠭᠰᠠᠨ ᠪᠠᠶᠢᠳᠠᠭ᠃ ᠲᠡᠷᠡᠪᠡᠷ 2019 ᠤᠨ ᠳᠤ ︽ᠦᠪᠦᠷ ᠮᠤᠩᠭᠤᠯ ᠤᠨ ᠬᠠᠮᠤᠭ ᠤᠨ ᠭᠤᠶᠤ | ᠬᠠᠳᠬᠤᠮᠠᠯᠴᠢᠨ︾ ᠤ ᠨᠢᠭᠡ ᠪᠠᠷ ᠰᠣᠩᠭᠤᠭᠳᠠᠵᠠᠢ᠃ ᠰᠠᠶᠢᠬᠠᠠᠴᠡᠴᠡᠭ ᠨᠠᠰᠣᠲᠠᠨ᠄ ︽ᠮᠤᠩᠭᠤᠯ ᠭᠡᠦᠭᠡᠳ ᠤᠳ | ᠮᠠᠨᠢ ᠡᠷᠡᠭᠦᠯ ᠴᠢᠭᠢᠷᠠᠭ ᠢᠶᠠᠷ ᠦᠰᠦᠨ ᠪᠤᠶᠢᠵᠢᠵᠦ᠂ ᠮᠤᠩᠭᠤᠯ ᠰᠤᠶᠤᠯ ᠤᠨ ᠢᠶᠠᠨ ᠲᠦᠯᠦᠭᠡ ᠴᠢᠷᠮᠠᠶᠢᠨ ᠮᠡᠷᠡᠶᠢᠵᠦ | ᠶᠠᠪᠤᠭᠠᠷᠠᠢ᠃ ᠦᠴᠦᠬᠡᠨ ᠴᠦ ᠭᠡᠰᠡᠨ ᠪᠤᠶᠠᠨ ᠪᠤᠯᠤᠭ ᠬᠡᠰᠡᠨ ᠰᠡᠳᠬᠢᠯ ᠢᠶᠠᠷ ᠪᠦᠲᠦᠭᠡᠯ ᠢᠶᠠᠨ ᠬᠤᠲᠠᠯᠲᠤᠭᠰᠠᠨ | ᠮᠦᠩᠭᠦ ᠪᠠᠷ ᠢᠶᠠᠨ ᠪᠠᠰᠠ ᠡᠪᠡᠳᠴᠢᠨ ᠲᠠᠢ ᠬᠡᠦᠬᠡᠳ᠂ ᠦᠨᠦᠴᠢᠨ ᠬᠡᠦᠬᠡᠳ ᠤᠳ ᠢ ᠵᠤᠭᠤᠰ ᠮᠦᠩᠭᠦ᠂ ᠬᠤᠪᠴᠠᠰᠤ | ᠬᠤᠨᠠᠷ᠂ ᠡᠳ᠋ ᠬᠡᠷᠡᠭᠰᠡᠯ ᠢᠶᠠᠷ ᠳᠡᠮᠵᠢᠵᠦ ᠶᠠᠪᠤᠳᠠᠭ︾ ᠭᠡᠯᠡ᠃ | ᠵᠠᠷᠤᠳ ᠮᠤᠩᠭᠤᠯᠴᠣᠳ ᠤᠨ ᠬᠠᠳᠬᠤᠮᠠᠯ ᠣᠷᠠᠯᠠᠯ ᠤᠨ ᠦᠪᠯᠡᠨ ᠣᠯᠠᠮᠵᠢᠯᠠᠭᠴᠢ ᠰᠠᠶᠢᠬᠠᠠᠴᠡᠴᠡᠭ ᠨᠠᠰᠣᠲᠠᠨ᠂ | ᠮᠤᠩᠭᠤᠯ ᠤᠨ ᠰᠡᠳᠭᠦᠯᠴᠢᠳ ᠤᠨ ᠨᠢᠭᠡᠲᠦᠭᠰᠡᠨ ᠬᠤᠯᠪᠤᠭᠠᠨ ᠤ ᠪᠠᠶᠠᠠᠬᠤᠩᠭᠤᠷ ᠠᠶᠢᠮᠠᠭ ᠲᠠᠬᠢ ᠰᠠᠯᠪᠤᠷᠢ ᠵᠦᠪᠯᠡᠯ | ᠤᠨ ᠭᠡᠰᠢᠭᠦᠨ᠂ ︽ᠦᠨᠦ ᠶᠢᠨ ᠪᠠᠶᠠᠠᠬᠤᠩᠭᠤᠷ︾ ᠰᠣᠨᠢᠨ ᠤ ᠶᠡᠷᠦᠩᠭᠡᠢ ᠡᠷᠬᠢᠯᠡᠭᠴᠢ ᠫᠠᠭᠪᠠ ᠶᠢᠨ ᠰᠠᠨᠠᠭᠠᠳᠠᠭᠸᠠ | ᠰᠡᠳᠬᠢᠭᠳᠡᠯ ᠢᠶᠠᠨ ᠬᠤᠪᠢᠶᠠᠯᠴᠠᠪᠠ᠃ | | | | | | | | |