| | | | | | | | ᠬᠠᠨ ᠠᠭᠤᠯᠠ ᠶᠢᠨ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠤ ᠡᠶᠢᠮᠦ ᠨᠢᠭᠡ | ᠪᠦᠯᠦᠭ ᠬᠥᠮᠦᠰ ᠬᠠᠷᠠᠭᠳᠠᠨ᠎ᠠ᠄ ᠲᠡᠳᠡ ᠬᠠᠷ᠎ᠠ ᠪᠤᠷᠤ ᠴᠢᠷᠠᠶ ᠲᠠᠢ᠂ ᠰᠢᠳᠤᠷᠭᠤ ᠪᠣᠷᠣᠭᠵᠢᠭᠤᠨ ᠠᠷᠠᠨᠰᠢᠨ ᠲᠠᠢ᠂ | ᠴᠢᠬᠢᠷᠠᠭ ᠢᠳᠡᠷᠡᠭᠦᠨ ᠪᠡᠶ᠎ᠡ ᠭᠠᠯᠪᠢᠷ ᠲᠠᠢ᠂ ᠦᠪᠴᠢ ᠪᠡᠶ᠎ᠡ ᠴᠡᠷᠢᠭ ᠤᠨ ᠡᠷᠢᠶᠡᠨ ᠬᠤᠪᠴᠠᠰᠤ ᠡᠮᠦᠰᠦᠨ᠂ ᠵᠦᠷᠵᠢ | ᠶᠢᠨ ᠤᠯᠠᠭᠠᠨ ᠥᠩᠭᠡ ᠲᠠᠢ ᠲᠣᠭᠤᠷᠢᠨ ᠬᠠᠮᠠᠭᠠᠯᠠᠬᠤ ᠲᠡᠷᠭᠡ ᠵᠢᠯᠣᠭᠤᠳᠴᠤ᠂ ᠡᠪᠡᠰᠦ ᠪᠡᠯᠴᠢᠭᠡᠷ᠂ ᠠᠭᠤᠯᠠᠨ | ᠲᠤᠯᠤᠭᠠᠳ ᠣᠢ ᠰᠢᠭᠤᠢ ᠶᠢᠨ ᠲᠤᠮᠳᠠ ᠳᠠᠪᠬᠢᠨ᠎ᠠ᠂ ᠲᠡᠳᠡ ᠢᠭ᠌ᠴᠢ ᠰᠠᠬᠤᠯᠢᠭ ᠣᠢ ᠰᠢᠭᠤᠶ ᠲᠠᠢ ᠨᠢᠭᠡᠮᠦᠰᠦᠨ | ᠠᠭᠤᠰᠤᠯᠴᠠᠵᠦ᠂ ᠬᠤᠪᠢᠷᠠᠰᠢ ᠥᠬᠡᠶ ᠤᠭ ᠰᠠᠨᠠᠭ᠎ᠠ ᠪᠠᠷ ᠠᠳᠡᠬᠢ ᠢᠮᠠᠬᠤ ᠶᠢᠨ ᠲᠡᠳᠦᠶ ᠭᠠᠵᠠᠷ ᠢ ᠴᠦ ᠬᠡᠰᠡᠨ | ᠰᠠᠬᠢᠨ ᠬᠠᠮᠠᠭᠠᠯᠠᠵᠤ ᠪᠠᠶᠳᠠᠭ᠃ ᠲᠡᠳᠡ ᠪᠣᠯ ᠳᠠᠷᠤᠶ ᠬᠠᠨ ᠠᠭᠤᠯᠠ ᠶᠢᠨ ᠤᠯᠤᠰ ᠤᠨ ᠲᠡᠰ ᠤᠨ ᠪᠠᠶᠢᠭᠠᠯᠢ ᠶᠢᠨ | ᠬᠠᠮᠠᠭᠠᠯᠠᠯᠲᠠ ᠶᠢᠨ ᠣᠷᠣᠨ ᠤ ᠣᠢ ᠬᠠᠮᠠᠭᠠᠯᠠᠭᠴᠢ ᠮᠥᠨ᠃ | ᠠᠵᠢᠯ ᠤᠨ ᠪᠠᠶᠢᠷᠢ ᠪᠠᠨ ᠪᠠᠲᠤ ᠰᠠᠬᠢᠭᠰᠠᠨ ᠠᠮᠢᠲᠠᠨ ᠤᠷᠭᠤᠮᠠᠯ ᠬᠢᠨᠠᠨ ᠰᠢᠯᠭᠠᠭᠴᠢ | 55 ᠨᠠᠰᠤᠲᠠᠶ ᠪᠠᠶ ᠪᠠᠭᠠᠨ᠎ᠠ ᠪᠣᠯ ᠬᠠᠨ ᠠᠭᠤᠯᠠ ᠶᠢᠨ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ | ᠶᠢᠨ ᠣᠷᠣᠨ ᠤ ᠠᠮᠢᠲᠠᠨ ᠤᠷᠭᠤᠮᠠᠯ ᠬᠢᠨᠠᠨ ᠪᠠᠶᠢᠴᠠᠭᠠᠭᠴᠢ ᠪᠣᠯᠤᠨ᠎ᠠ᠂ ᠲᠡᠷᠡ ᠦᠷᠭᠦᠯᠵᠢ ᠬᠠᠨ ᠠᠭᠤᠯᠠ ᠶᠢᠨ ᠭᠦᠨ | ᠳᠤ ᠣᠷᠣᠵᠤ᠂ ᠠᠮᠢᠲᠠᠨ ᠤ ᠠᠮᠢᠳᠤᠷᠠᠯ ᠤᠨ ᠵᠠᠮ ᠮᠥᠷ ᠢ ᠡᠷᠢᠯᠬᠢᠯᠡᠳᠡᠭ᠃ ᠨᠢᠭᠡᠨ ᠭᠤᠷᠤᠬ᠎ᠠ ᠶᠢᠨ ᠬᠠᠵᠠᠭᠤ ᠳᠤ᠂ | ᠪᠠᠶ ᠪᠠᠭᠠᠨ᠎ᠠ ᠭᠤᠤᠯ ᠮᠥᠷᠡᠨ ᠢ ᠲᠡᠮᠳᠡᠶᠢᠬᠡᠨ ᠭᠡᠲᠦᠯᠵᠦ ᠭᠠᠷᠤᠭᠠᠳ᠂ ᠪᠣᠭᠴᠣᠨ ᠳᠣᠲᠣᠷ᠎ᠠ ᠠᠴᠠ ᠪᠠᠨ ᠰᠡᠬᠦᠳᠡᠷ | ᠤᠨ ᠮᠠᠰᠢᠨ ᠭᠠᠷᠭᠠᠵᠤ ᠮᠣᠳᠣᠨ ᠳᠡᠭᠡᠷ᠎ᠡ ᠲᠤᠭᠳᠠᠭᠠᠪᠠ᠂ ᠤᠯᠠᠨ ᠵᠢᠯ ᠤᠨ ᠲᠤᠷᠰᠢᠯᠭ᠎ᠠ ᠨᠢ ᠲᠡᠬᠦᠨ ᠳᠤ ᠠᠳᠡ ᠠᠴᠠ | ᠠᠮᠢᠳᠠᠳ ᠤᠨ ᠤᠰᠤ ᠤᠤᠭᠤᠬᠤ ᠭᠱᠠᠨ ᠢ ᠰᠡᠭᠦᠳᠡᠷᠯᠡᠵᠦ ᠲᠡᠶᠢᠯᠦᠨ᠎ᠡ ᠬᠡᠵᠦ ᠬᠡᠯᠡᠵᠦ ᠦᠭᠴᠡᠢ᠃ 1984 ᠣᠨ ᠳᠤ | ᠂ ᠪᠠᠶ ᠪᠠᠭᠠᠨ᠎ᠠ ᠬᠠᠨ ᠠᠭᠤᠯᠠ ᠣᠢ ᠰᠢᠭᠤᠶ ᠶᠢᠨ ᠲᠠᠯᠠᠪᠠᠢ ᠶᠢᠨ ᠰᠤᠷᠭᠠᠭᠤᠯᠢ ᠳᠤ ᠪᠢᠴᠢᠭ ᠵᠢᠭᠠᠵᠤ ᠡᠬᠢᠯᠡᠪᠡ᠃ | ᠲᠡᠭᠦᠨ ᠤ ᠲᠠᠨᠢᠯᠴᠠᠭᠤᠯᠤᠭᠰᠠᠨ ᠢᠶᠠᠷ᠂ ᠲᠡᠳᠡᠭᠡᠷ ᠵᠢᠯ ᠤᠳ ᠲᠤ ᠠᠭᠤᠷ ᠠᠮᠢᠰᠬᠤᠯ ᠤᠨ ᠬᠤᠪᠢᠷᠠᠯᠲᠠ ᠪᠣᠯᠤᠨ | ᠬᠥᠮᠦᠰ ᠤᠨ ᠮᠠᠯ ᠮᠠᠯᠵᠢᠬᠤ᠂ ᠠᠭᠤᠷᠬᠠᠢ ᠮᠠᠯᠲᠠᠬᠤ᠂ ᠮᠣᠳᠣ ᠣᠭᠲᠣᠯᠬᠤ ᠵᠡᠷᠭᠡ ᠠᠵᠢᠯᠯᠠᠭ᠎ᠠ ᠰᠢᠷᠦᠭᠦᠰᠴᠦ᠂ ᠬᠠᠨ | ᠠᠭᠤᠯᠠ ᠣᠷᠣᠨ ᠤ ᠠᠮᠢ ᠠᠬᠤᠢ ᠶᠢᠨ ᠣᠷᠴᠢᠨ ᠲᠣᠭᠤᠷᠢᠨ ᠳᠤ ᠬᠦᠨᠳᠦ ᠨᠣᠴᠢᠲᠠᠶ ᠡᠪᠳᠡᠯᠬᠡ ᠤᠴᠠᠷᠠᠭᠤᠯᠪᠠ᠃ | 2008 ᠣᠨ ᠳᠤ ᠵᠠᠷᠤᠳ ᠬᠤᠰᠢᠭᠤ ︽ᠪᠠᠭᠠᠰᠬᠠᠵᠦ ᠰᠢᠯᠵᠢᠭᠦᠯᠬᠦ︾ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ | ᠬᠠᠮᠠᠭᠠᠯᠠᠯᠲᠠ ᠶᠢᠨ ᠣᠷᠣᠨ ᠳᠠᠬᠢ 243 ᠡᠷᠦᠬᠡ᠂ 718 ᠬᠥᠮᠦᠨ ᠠᠮᠠ ᠰᠠᠭᠤᠭᠠᠯᠢ ᠠᠷᠠᠳ ᠪᠣᠯᠤᠨ 20 ᠲᠦᠮᠡ | ᠰᠢᠬᠠᠮ ᠮᠠᠯ ᠤᠨᠤᠭ᠎ᠠ ᠶᠢ ᠪᠦᠬᠦᠨ ᠢ ᠨᠡᠭᠦᠯᠭᠡᠨ ᠰᠢᠯᠵᠢᠬᠦᠯᠪᠡ᠃ ᠰᠤᠷᠭᠠᠭᠤᠯᠢ ᠨᠡᠭᠦᠭᠰᠡᠨ ᠤ ᠳᠠᠷᠠᠭ᠎ᠠ᠂ ᠪᠠᠭᠰᠢ | ᠨᠠᠷ ᠴᠥᠮ ᠪᠤᠰᠤᠳ ᠰᠤᠮᠤᠨ ᠳᠤ ᠬᠤᠪᠢᠶᠠᠭᠳᠠᠨ ᠣᠴᠢᠵᠤ ᠠᠵᠢᠯᠯᠠᠵᠠᠶ᠂ ᠭᠠᠭᠴᠠ ᠪᠠᠶ ᠪᠠᠭᠠᠨ᠎ᠠ ᠯᠠ ᠣᠢ ᠰᠢᠭᠤᠶ | ᠶᠢᠨ ᠲᠠᠯᠠᠪᠠᠢ ᠳᠤ ᠦᠯᠡᠳᠡᠵᠦ᠂ ᠨᠤᠲᠤᠭ ᠤᠰᠤ ᠪᠠᠨ ᠰᠠᠬᠢᠨ ᠬᠠᠮᠠᠭᠠᠯᠠᠪᠠ᠃ ᠪᠠᠶ ᠪᠠᠭᠠᠨ᠎ᠠ ᠬᠠᠮᠠᠭᠠᠯᠠᠯᠲᠠ ᠶᠢᠨ | ᠣᠷᠣᠨ ᠤ ᠠᠭᠤᠯᠠ ᠬᠠᠳᠠ᠂ ᠭᠤᠤᠯ ᠮᠥᠷᠡᠨ᠂ ᠬᠥᠲᠥᠯ ᠲᠠᠪᠠᠭ᠎ᠠ ᠪᠦᠷᠢ ᠳᠤ ᠦᠪᠡᠷ ᠤᠨ ᠬᠦᠴᠦ ᠬᠦᠯᠦᠰᠦ ᠪᠠ | ᠤᠯᠠ ᠮᠦᠷ ᠢᠶᠠᠨ ᠦᠯᠡᠳᠡᠬᠡᠵᠦ ᠶᠠᠪᠤᠯ᠎ᠠ᠂ ᠡᠬᠦᠨ ᠤ ᠵᠡᠷᠭᠡᠪᠡᠷ ᠲᠡᠷᠭᠡ ᠬᠥᠷᠪᠡᠬᠦ᠂ ᠰᠢᠷᠬᠠᠲᠤᠬᠤ᠂ ᠠᠮᠢᠳᠠᠨ | ᠠᠷᠢᠶᠠᠳᠠᠨ ᠤ ᠲᠠᠭᠠᠷᠢᠯᠳᠠ ᠵᠡᠷᠭᠡ ᠠᠶᠤᠮᠰᠢᠭᠲᠤ ᠬᠡᠷᠡᠭ ᠴᠦ ᠪᠠᠭ᠎ᠠ ᠦᠭᠡᠢ ᠤᠯᠠᠨ ᠲᠤᠬᠢᠶᠠᠯᠳᠤᠪᠠ᠃ ᠣᠨᠴᠠᠭᠠᠶᠢᠯᠠᠨ | ᠲᠡᠭᠷᠢ ᠮᠠᠭᠤ ᠦᠶ᠎ᠡ ᠳᠤ᠂ ᠳᠠᠷᠠᠭ᠎ᠠ ᠨᠢᠭᠡ ᠰᠧᠺᠦ᠋ᠨᠳ᠋ ᠳᠤ ᠶᠠᠮᠠᠷ ᠶᠠᠪᠤᠳᠠᠯ ᠲᠤᠬᠢᠶᠠᠯᠳᠤᠬᠤ ᠶᠢ ᠮᠡᠳᠡᠬᠦ ᠦᠭᠡᠢ᠃ | 55 ᠨᠠᠰᠤᠲᠠᠶ᠂ 21 ᠵᠢᠯ ᠤᠨ ᠨᠠᠮ ᠤᠨ ᠬᠡᠰᠢᠬᠦᠨ᠂ 14 ᠵᠢᠯ ᠤᠨ ᠣᠢ ᠬᠠᠮᠠᠭᠠᠯᠠᠬᠤ ᠳᠤ᠂ ᠪᠠᠶ ᠪᠠᠭᠠᠨ᠎ᠠ | ᠬᠤᠪᠢᠷᠠᠰᠢ ᠦᠭᠡᠢ ᠤᠭ ᠰᠠᠨᠠᠭ᠎ᠠ ᠪᠠᠷ ︽ᠣᠯᠠᠨ ᠲᠦᠮᠡᠨ︾ ᠤ ᠪᠠᠨ ᠬᠠᠨ ᠠᠭᠤᠯᠠ ᠶᠢ ᠰᠠᠬᠢᠨ ᠬᠠᠮᠠᠭᠠᠯᠠᠪᠠ᠃ | ᠠᠳᠡ ᠲᠡᠭᠦᠨ ᠤ ᠠᠵᠢᠯ ᠠᠮᠢᠳᠤᠷᠠᠯ ᠤᠨ ᠤᠯᠠ ᠮᠥᠷ ᠪᠠᠶᠢᠬᠤ ᠪᠥᠭᠡᠳ ᠨᠠᠩ ᠴᠤ ᠲᠡᠭᠦᠨ ᠤ ᠰᠢᠷᠭᠠᠭᠤ | ᠲᠡᠮᠡᠴᠡᠭᠰᠡᠨ ᠭᠠᠵᠠᠷ ᠮᠦᠨ ᠭᠡᠵᠦ ᠲᠡᠷᠡ ᠦᠷᠭᠦᠯᠵᠢ ᠰᠡᠳᠬᠢᠯ ᠬᠥᠳᠡᠯᠦᠨ ᠬᠡᠯᠡᠳᠡᠭ᠃ ᠡᠪᠡᠰᠦ ᠮᠤᠳᠤ ᠪᠦᠷᠢ᠂ | ᠬᠤᠸᠠᠷ ᠴᠡᠴᠡᠭ ᠪᠦᠬᠦᠨ ᠢ ᠴᠥᠮ ᠥᠪᠡᠷ ᠤᠨ ᠬᠡᠦᠬᠡᠳ ᠰᠢᠭ ᠢᠳᠡᠷᠡᠭᠦᠨ ᠢᠶᠠᠷ ᠦᠰᠦᠨ ᠪᠣᠶᠢᠵᠢᠬᠤ ᠶᠢ ᠨᠢ | ᠬᠠᠷᠠᠭᠠᠳ ᠨᠢᠭᠡ ᠨᠠᠰᠤ ᠪᠠᠨ ᠲᠠᠯᠠᠭᠠᠷ ᠦᠩᠭᠡᠷᠡᠬᠦᠯᠦᠭᠰᠡᠨ ᠦᠭᠡᠢ ᠰᠢᠭ ᠰᠠᠨᠠᠭᠳᠠᠳᠠᠭ᠃ ᠰᠤᠷᠪᠤᠯᠵᠢᠯᠠᠭᠴᠢ ᠪᠠᠶ | ᠪᠠᠭᠠᠨ᠎ᠠ ᠶᠢᠨ ᠲᠠᠭᠠᠵᠦ ᠬᠠᠨ ᠠᠭᠤᠯᠠ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ | ᠬᠠᠮᠤᠭ ᠤᠨ ᠥᠨᠳᠥᠷ ᠣᠷᠭᠢᠯ ᠲᠦᠨᠳᠦᠭᠡᠷ ᠤᠨ ᠤᠷᠬᠢᠯ ᠳᠤ ᠭᠠᠷᠪᠠ᠂ ᠡᠨᠡ ᠪᠤᠯ ᠪᠠᠰᠠ ᠲᠦᠩᠯᠢᠶᠣᠤ ᠬᠤᠲᠠ ᠶᠢᠨ | ᠳᠠᠯᠠᠢ ᠶᠢᠨ ᠲᠦᠪᠰᠢᠨ ᠠᠴᠠ ᠳᠡᠭᠡᠭᠰᠢ ᠡᠷᠭᠦᠭᠳᠡᠭᠰᠡᠨ ᠬᠠᠮᠤᠭ ᠤᠨ ᠥᠨᠳᠥᠷ ᠴᠡᠭ ᠪᠣᠯᠤᠨ᠎ᠠ᠃ ᠳᠡᠭᠡᠷ᠎ᠡ ᠨᠢ ᠭᠠᠯ | ᠬᠠᠷᠠᠬᠤ ᠠᠰᠠᠷ ᠪᠤᠢ᠂ ᠠᠳᠡ ᠠᠴᠠ ᠠᠯᠤᠰ ᠢ ᠪᠠᠷᠠᠯᠠᠪᠠᠯ᠂ ᠬᠥᠪᠡᠭᠡ ᠬᠢᠵᠠᠭᠠᠷ ᠦᠭᠡᠢ ᠣᠢ ᠰᠢᠭᠤᠶ ᠬᠠᠷᠠᠭᠳᠠᠬᠤ | ᠪᠤᠯᠤᠨ᠎ᠠ᠃ | | ︽ᠪᠢᠯᠢᠭ ᠤᠨ ᠨᠢᠳᠦᠳᠦ︾ ᠣᠢ ᠬᠠᠮᠠᠭᠠᠯᠠᠭᠴᠢ | ᠡᠨᠡ ᠵᠢᠯ 45 ᠨᠠᠰᠤᠲᠠᠶ ᠳ᠋ᠦᠩ ᠵᠢᠶᠦ᠋ᠨ ᠪᠣᠯ ᠨᠢᠭᠡᠨ ᠣᠢ ᠬᠠᠮᠠᠭᠠᠯᠠᠭᠴᠢ ᠪᠣᠯᠤᠨ᠎ᠠ᠂ ᠲᠡᠭᠦᠨ ᠤ ᠡᠳᠦᠷ | ᠪᠦᠷᠢ ᠶᠢᠨ ᠠᠵᠢᠯ ᠪᠣᠯ ᠣᠷᠭᠢᠯ ᠤᠨ ᠣᠷᠣᠢ ᠳᠡᠭᠡᠷ᠎ᠡ ᠵᠣᠭᠰᠣᠵᠤ᠂ ᠣᠢ ᠰᠢᠭᠤᠶ ᠳᠤ ᠭᠠᠯ ᠭᠠᠷᠤᠭᠰᠠᠨ ᠡᠰᠡᠬᠦ ᠶᠢ | ᠬᠢᠨᠠᠨ ᠬᠡᠮᠵᠢᠬᠦ ᠪᠤᠯᠤᠨ᠎ᠠ᠃ ᠣᠨᠴᠠᠭᠠᠶᠢᠯᠠᠨ ᠭᠠᠯ ᠰᠡᠷᠭᠡᠶᠢᠯᠡᠬᠦ ᠬᠤᠭᠤᠴᠠᠭ᠎ᠠ ᠪᠣᠯᠤᠭᠰᠠᠭᠠᠷ ᠡᠳᠦᠷ ᠪᠦᠷᠢ ᠬᠡᠲᠦ | ᠤᠳᠠᠭ᠎ᠠ ᠦᠵᠡᠭᠡᠳ ᠰᠠᠶ᠋ᠢ ᠰᠠᠨᠠᠭ᠎ᠠ ᠠᠮᠠᠷᠠᠳᠠᠭ᠃ ᠭᠠᠯ ᠲᠦᠢᠮᠡᠷ ᠢ ᠲᠡᠷᠡ ᠳᠣᠤᠷ᠎ᠠ ᠨᠢ ᠣᠯᠵᠤ ᠮᠡᠳᠡᠬᠦ ᠪᠥᠭᠡᠳ | ᠳᠡᠭᠡᠭᠰᠢ ᠮᠡᠳᠡᠬᠦᠯᠳᠡᠭ ᠲᠤᠯᠠ᠂ ᠪᠠᠷᠠᠯᠠᠬᠤ ᠠᠵᠢᠯᠲᠠᠳ ᠴᠤ ︽ᠪᠢᠯᠢᠭ ᠤᠨ ᠨᠢᠳᠦᠳᠦ︾ ᠭᠡᠰᠡᠨ ᠢᠷᠠᠭᠤ ᠠᠯᠳᠠᠷ | ᠲᠠᠢ ᠪᠤᠯᠪᠠ᠃ | ᠡᠳᠦᠷ ᠪᠦᠷᠢ 1444.2 ᠮᠧᠲᠷ ᠦᠨᠳᠦᠷ ᠬᠠᠨ ᠠᠭᠤᠯᠠ ᠶᠢᠨ ᠣᠷᠭᠢᠯ ᠲᠡᠭᠡᠷ᠎ᠡ ᠠᠮᠢᠳᠤᠷᠠᠵᠤ᠂ ᠨᠢᠳᠦ ᠪᠠᠨ | ᠨᠡᠭᠡᠭᠡᠪᠡᠯ ᠨᠣᠮᠢᠨ ᠨᠣᠭᠤᠭᠠᠨ ᠣᠢ ᠬᠥᠪᠴᠢ᠂ ᠡᠭᠦᠯᠡ ᠮᠠᠨ᠎ᠠ ᠪᠦᠷᠬᠦᠵᠦ ᠪᠠᠶᠢᠭ᠎ᠠ ᠠᠭᠤᠯᠨ ᠣᠷᠭᠢᠯ᠂ ᠲᠠᠪᠠᠳᠠᠶᠢᠬᠠᠨ | ᠠᠮᠢᠳᠤᠷᠠᠵᠦ ᠪᠠᠶᠢᠭ᠎ᠠ ᠠᠷᠢᠶᠠᠳᠠᠨ ᠢ ᠣᠯᠵᠤ ᠬᠠᠷᠠᠨ᠎ᠠ᠃ ᠬᠥᠮᠦᠰ ᠤᠨ ᠦᠵᠡᠬᠦ ᠪᠠᠷ᠂ ᠳ᠋ᠦᠩ ᠵᠢᠶᠦ᠋ᠨ ᠶᠠᠭ ᠯᠠ | ᠬᠥᠮᠦᠨ ᠤ ᠣᠷᠴᠢᠯᠠᠩ ᠤᠨ ᠠᠷᠰᠢ ᠶᠢᠨ ᠣᠷᠣᠨ᠂ ᠵᠢᠷᠭᠠᠯ ᠤᠨ ᠤᠷᠳᠤᠨ ᠳᠤ ᠠᠮᠢᠳᠤᠷᠠᠵᠤ ᠪᠠᠶᠢᠬᠤ ᠰᠢᠭ᠋᠃ | ᠭᠡᠲᠡᠯ᠎ᠡ᠂ ︽ᠣᠷᠭᠢᠯ ᠳᠤ ᠲᠤᠯᠤᠭᠰᠠᠨ ᠬᠥᠮᠦᠨ ᠤ ᠠᠮᠢᠳᠤᠷᠠᠯ︾ ᠤᠨ ᠠᠷᠤ ᠳᠤ ᠳ᠋ᠦᠩ ᠵᠢᠶᠦ᠋ᠨ ᠤ 10 ᠵᠢᠯ ᠤᠨ | ᠲᠤᠷᠰᠢᠬᠢ ᠠᠭᠤᠯᠠ ᠠᠪᠠᠷᠢᠵᠤ᠂ ᠴᠠᠰᠤ ᠢᠳᠡᠵᠦ᠂ ᠲᠡᠭ ᠠᠴᠠ ᠳᠣᠷᠣᠭᠰᠢ 40 ᠭᠷᠠᠳᠦ᠋ᠰ ᠤᠨ ᠬᠦᠢᠲᠡᠨ ᠢ | ᠲᠡᠰᠪᠦᠷᠢᠯᠡᠬᠦ ᠪᠠᠷᠢᠮᠲᠠᠯᠠᠯ ᠪᠠ ᠬᠦᠯᠢᠴᠡᠯ ᠪᠤᠢ᠃ ᠬᠠᠨ ᠠᠭᠤᠯᠠ ᠶᠢ ᠰᠠᠬᠢᠨ ᠬᠠᠮᠠᠭᠠᠯᠠᠭᠰᠠᠨ 10 ᠵᠢᠯ ᠳᠤ᠂ ᠳ᠋ᠦᠩ | ᠵᠢᠶᠦ᠋ᠨ ᠨᠠᠷᠠ ᠮᠠᠨᠳᠤᠬᠤ ᠪᠠ ᠨᠠᠷᠠ ᠵᠢᠷᠭᠠᠬᠤ ᠶᠢᠨ ᠬᠠᠮᠤᠭ ᠭᠤᠶᠤ ᠦᠵᠡᠮᠵᠢ ᠶᠢ ᠣᠯᠵᠤ ᠬᠠᠷᠠᠨ᠂ ᠡᠬᠡ ᠪᠠᠶᠢᠭᠠᠯᠢ | ᠶᠢᠨ ᠬᠠᠮᠤᠭ ᠤᠨ ᠢᠷᠠᠭᠤ ᠰᠠᠶᠢᠬᠠᠨ ᠳᠠᠭᠤᠨ ᠢ ᠰᠣᠨᠣᠰᠴᠤ᠂ ᠠᠭᠤᠯᠠ ᠪᠣᠯᠭᠠᠨ ᠤ ᠨᠡᠷ᠎ᠡ ᠶᠢ ᠴᠡᠭᠡᠵᠢᠯᠡᠵᠦ᠂ | ᠠᠭᠤᠯᠠᠨ ᠳᠡᠭᠡᠷᠡᠬᠢ ᠡᠪᠡᠰᠦ ᠮᠣᠳᠣ ᠪᠦᠬᠦᠨ᠂ ᠬᠠᠮᠠᠭᠠᠯᠠᠯᠲᠠ ᠶᠢᠨ ᠣᠷᠣᠨ ᠳᠠᠬᠢ ᠭᠠᠵᠠᠷ ᠪᠤᠯᠭᠠᠨ ᠤ ᠪᠠᠶᠢᠷᠢᠰᠢᠯ ᠢ | ᠪᠦᠬᠦᠨ ᠢ ᠴᠡᠭᠡᠵᠢᠯᠡᠵᠡᠶ᠃ ᠬᠠᠷ᠎ᠠ ᠪᠤᠷᠤ ᠴᠢᠷᠠᠢ ᠨᠢ ᠵᠢᠭᠠᠬᠠᠨ ᠤᠯᠠᠶᠢᠰᠬᠢᠵᠦ᠂ ᠳᠠᠭᠤ ᠨᠢ ᠰᠦᠬᠡᠩᠬᠢᠷᠡᠨ᠂ ᠮᠡᠯ | ᠬᠠᠷ᠎ᠠ ᠬᠡᠵᠢᠬᠡᠨ ᠳᠤ ᠮᠦᠩᠬᠦᠨ ᠬᠢᠷᠠᠭᠤ ᠤᠨᠠᠭᠰᠠᠨ ᠪᠣᠯᠪᠠᠴᠤ᠂ ᠲᠡᠭᠦᠨ ᠤ ᠬᠠᠷᠠᠴᠠ ᠨᠢ ᠮᠥᠨ ᠯᠡ ᠢᠲᠡᠭᠡᠯ | ᠵᠤᠷᠢᠭᠳᠠᠢ ᠪᠠᠲᠤ ᠴᠢᠩᠭ᠎ᠠ ᠬᠡᠪ ᠢᠶᠠᠷ ᠢᠶᠠᠨ ᠪᠠᠶᠢᠪᠠ᠃ ᠨᠣᠮᠢᠨ ᠨᠣᠭᠤᠭᠠᠨ ᠤᠢ ᠮᠣᠳᠣ᠂ ᠰᠢᠨ᠎ᠡ ᠰᠤᠷᠭᠤᠭ | ᠬᠤᠸᠠᠷ ᠴᠡᠴᠡᠭ᠂ ᠴᠡᠩᠬᠡᠷ ᠬᠥᠬᠡ ᠣᠭᠲᠠᠷᠭᠤᠶ᠂ ᠴᠡᠩᠭᠡᠭ ᠲᠤᠩᠭᠠᠯᠠᠭ ᠭᠤᠤᠯ ᠮᠥᠷᠡᠨ ᠨᠢ ᠥᠷᠭᠡᠨ ᠣᠯᠠᠨ ᠣᠢ | ᠬᠠᠮᠠᠭᠠᠯᠠᠭᠴᠢ ᠶᠢᠨ ᠤᠷᠮ᠎ᠠ ᠪᠠᠬ᠎ᠠ ᠦᠭᠡᠢ ᠭᠠᠭᠴᠠᠭᠠᠷᠳᠠᠭᠰᠠᠨ ᠠᠮᠢᠳᠤᠷᠠᠯ ᠳᠤ ᠥᠩᠭᠡ ᠪᠤᠳᠤᠭ ᠨᠡᠮᠡᠷᠢᠯᠡᠭᠰᠡᠨ | ᠪᠠᠶᠢᠨ᠎ᠠ᠃ ᠲᠡᠳᠡ ᠬᠡᠵᠢᠶᠡᠳᠡ ᠦᠭᠡ ᠲᠠᠭᠤ ᠴᠦᠬᠡᠨᠳᠡᠢ᠂ ᠭᠡᠪᠡᠴᠦ ᠦᠪᠡᠷ ᠤᠨ ᠦᠢᠯᠡ ᠠᠵᠢᠯᠯᠠᠭ᠎ᠠ ᠪᠠᠷ ᠢᠶᠠᠨ | ᠴᠠᠭ ᠮᠦᠴᠡ ᠦᠭᠡᠢ ᠬᠦᠭᠡ ᠠᠭᠤᠯᠠ ᠬᠦᠭᠡᠮᠳᠦᠭ ᠤᠰᠤ ᠲᠠᠢ ᠭᠤᠶᠤ ᠰᠠᠶᠢᠬᠠᠨ ᠵᠢᠷᠤᠭ ᠵᠢᠷᠤᠭᠯᠠᠵᠤ᠂ ᠬᠦᠮᠦᠰ | ᠤᠨ ᠰᠡᠳᠬᠢᠯ ᠢ ᠳᠣᠭᠳᠣᠯᠤᠭᠤᠯᠤᠮ᠎ᠠ ᠬᠠᠨ ᠠᠭᠤᠯᠠ ᠶᠢᠨ ᠳᠣᠮᠤᠭ ᠢ ᠶᠠᠷᠢᠵᠤ ᠪᠤᠢ᠃ | |