| | | | | | | | ᠤᠭ ᠰᠠᠨᠠᠭ᠎ᠠ ᠪᠠᠨ ᠮᠠᠷᠳᠠᠬᠤ ᠦᠭᠡᠢ ᠪᠤᠯ ᠰᠠᠶ᠋ᠢ ᠯᠠᠪᠳᠠᠭᠤᠨ ᠪᠠᠳᠤᠳᠠᠢ ᠬᠤᠯᠠ ᠠᠶᠠᠯᠠᠵᠤ ᠴᠢᠳᠠᠨ᠎ᠠ᠂ ᠡᠭᠦᠷᠭᠡ | ᠬᠠᠷᠢᠭᠤᠴᠠᠯᠭ᠎ᠠ ᠪᠠᠨ ᠪᠠᠲᠤ ᠴᠡᠭᠡᠵᠢᠯᠡᠪᠡᠯ ᠰᠠᠶ᠋ᠢ ᠢᠷᠡᠭᠡᠳᠦᠶ ᠪᠠᠨ ᠨᠡᠭᠡᠭᠡᠵᠦ ᠴᠢᠳᠠᠨ᠎ᠠ᠃ ᠤᠶᠢᠷ᠎ᠠ ᠶᠢᠨ ᠵᠢᠯ ᠠᠴᠠ | ᠨᠠᠰᠢ᠂ ᠵᠠᠷᠤᠳ ᠬᠤᠰᠢᠭᠤᠨ ᠳᠤ ᠨᠢᠭᠡ ᠪᠦᠯᠦᠭ ᠰᠢᠯᠢᠳᠡᠭ ᠡᠪ ᠬᠠᠮᠲᠤ ᠨᠠᠮ ᠤᠨ ᠭᠡᠰᠢᠭᠦᠨ ᠴᠣᠯᠭᠤᠷᠠᠨ ᠭᠠᠷᠪᠠ᠂ | ᠲᠡᠳᠡ ᠠᠵᠢᠯ ᠤᠨ ᠪᠠᠶᠢᠷᠢ ᠳᠠᠭᠠᠨ ᠰᠠᠭᠤᠷᠢᠯᠠᠵᠤ᠂ ᠢᠳᠡᠪᠬᠢᠲᠡᠶ ᠪᠠᠷ ᠦᠢᠯᠡᠴᠢᠯᠡᠬᠡᠨ ᠤ ᠲᠠᠪᠴᠠᠩ ᠪᠠᠶᠢᠭᠤᠯᠵᠦ᠂ | ᠬᠤᠰᠢᠭᠤᠴᠢ ᠲᠠᠭᠠᠭᠤᠯᠤᠭᠴᠢ ᠶᠢᠨ ᠦᠢᠯᠡᠳᠦᠯ ᠢᠶᠠᠨ ᠪᠠᠳᠠᠷᠠᠭᠤᠯᠪᠠ︔ ᠢᠳᠡᠪᠬᠢᠳᠡᠢ ᠪᠠᠷ ᠣᠯᠠᠨ ᠲᠦᠮᠡᠨ ᠳᠤ | ᠰᠠᠶᠢᠨ ᠶᠠᠪᠤᠳᠠᠯ ᠬᠢᠵᠦ᠂ ᠪᠣᠳᠠᠲᠠᠶ ᠶᠠᠪᠤᠳᠠᠯ ᠬᠢᠵᠦ ᠥᠭᠴᠦ᠂ ᠲᠡᠳᠡᠨ ᠤ ᠦᠢᠯᠡ ᠠᠵᠢᠯᠯᠠᠭ᠎ᠠ ᠨᠢ ᠬᠥᠮᠦᠰ ᠤᠨ | ᠰᠡᠳᠬᠢᠯ ᠢ ᠳᠣᠭᠳᠣᠯᠤᠭᠤᠯᠵᠤ᠂ ᠡᠷᠴᠢ ᠵᠣᠷᠢᠭ ᠢ ᠬᠥᠪᠴᠢᠯᠡᠪᠡ᠃ ᠥᠷᠭᠡᠨ ᠣᠯᠠᠨ ᠨᠠᠮ ᠤᠨ ᠭᠡᠰᠢᠭᠦᠨ | ᠺᠠᠳ᠋ᠷᠴᠤᠳ ᠤᠨ ᠦᠯᠢᠭᠡᠷ ᠳᠠᠭᠤᠷᠢᠶᠠᠯ ᠤᠨ ᠵᠣᠷᠢᠭ ᠰᠠᠨᠠᠭ᠎ᠠ ᠶᠢ ᠰᠤᠷᠤᠯᠴᠠᠬᠤ ᠶᠢ ᠤᠷᠮᠠᠰᠢᠭᠤᠯᠵᠤ᠂ ᠦᠯᠢᠭᠡᠷ | ᠳᠠᠭᠤᠷᠢᠶᠠᠯ ᠠᠴᠠ ᠬᠦᠴᠦᠨ ᠴᠢᠳᠠᠯ ᠤᠯᠬᠤ ᠶᠢᠨ ᠲᠥᠯᠥᠭᠡ᠂ ᠵᠠᠷᠤᠳ ᠬᠠᠮ ᠵᠠᠭᠤᠴᠢᠯᠠᠭᠤᠷ ᠤᠨ ᠲᠥᠪ | ᠵᠠᠷᠤᠳ ᠤᠨ ᠰᠣᠨᠢᠨ ᠮᠡᠳᠡᠭᠡ ᠵᠢᠴᠢ ᠵᠠᠷᠤᠳ ᠤᠨ ᠨᠡᠶᠢᠲᠡᠯᠡᠭᠰᠡᠨ ᠲᠦᠷᠭᠡᠨ ᠮᠡᠳᠡᠭᠡ᠂ ᠵᠠᠷᠤᠳ ᠤᠨ ᠦᠷᠯᠦᠬᠡᠨ ᠤ | ᠮᠡᠳᠡᠭᠡ ᠵᠡᠷᠬᠡ ᠳᠤ ︽ᠮᠢᠨᠦ ᠰᠡᠳᠬᠢᠯ ᠳᠠᠬᠢ ᠰᠢᠯᠢᠳᠡᠭ ᠡᠪ ᠬᠠᠮᠲᠤ ᠨᠠᠮ ᠤᠨ ᠭᠡᠰᠢᠭᠦᠨ︾ ᠭᠡᠬᠦ ᠲᠤᠰᠬᠠᠶ ᠪᠤᠯᠤᠩ | ᠨᠡᠭᠡᠭᠡᠵᠦ᠂ ᠥᠪᠡᠷᠮᠢᠴᠡ ᠬᠠᠷᠠᠭᠠᠰᠤ ᠠᠴᠠ ᠡᠪ ᠬᠠᠮᠲᠤ ᠨᠠᠮ ᠤᠳ ᠬᠡᠰᠢᠬᠦᠨ ᠤ ︽ᠤᠭ ᠰᠠᠨᠠᠭ᠎ᠠ ᠪᠠᠨ ᠦᠯᠦ | ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ ᠡᠷᠡᠰ ᠪᠠᠲᠤ ᠪᠠᠷᠢᠮᠳᠠᠯᠠᠯ ᠢ ᠢᠯᠡᠷᠡᠭᠦᠯᠵᠦ᠂ ᠡᠪ | ᠬᠠᠮᠲᠤ ᠨᠠᠮ ᠤᠨ ᠬᠡᠰᠢᠬᠦᠨ ᠤ ︽ᠣᠯᠠᠨ ᠲᠦᠮᠡᠨ ᠲᠠᠢ ᠰᠡᠳᠬᠢᠯ ᠵᠢᠷᠦᠬᠡ ᠪᠠᠨ ᠬᠤᠯᠪᠣᠬᠤ᠂ ᠵᠣᠷᠢᠭᠲᠠᠶ ᠪᠠᠷ | ᠬᠠᠷᠢᠭᠤᠴᠠᠯᠭ᠎ᠠ ᠡᠭᠦᠷᠭᠡᠯᠡᠬᠦ᠂ ᠰᠢᠨ᠎ᠡ ᠶᠢ ᠡᠭᠦᠳᠴᠦ ᠬᠤᠪᠢ ᠨᠡᠮᠡᠷᠢ ᠦᠵᠡᠭᠦᠯᠬᠦ︾ ᠵᠣᠷᠢᠭ ᠰᠠᠨᠠᠭᠠᠨ ᠤ ᠬᠡᠪ | ᠨᠠᠮᠪᠠᠭ᠎ᠠ ᠶᠢ ᠭᠠᠶᠢᠬᠠᠭᠤᠯᠪᠠ᠃ | ᠡᠤ ᠶᠦᠨ ᠪᠥᠸᠧ᠂ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠵᠠᠷᠤᠳ ᠬᠤᠰᠢᠭᠤᠨ ᠤ ᠪᠠᠶᠠᠨᠲᠠᠯ᠎ᠠ ᠰᠤᠮᠤ ᠶᠢᠨ ᠵᠡᠭᠦᠨ | ᠰᠠᠯᠠᠭ᠎ᠠ ᠭᠠᠴᠠᠭ᠎ᠠ ᠶᠢᠨ ᠨᠠᠮ ᠤᠨ ᠡᠭᠦᠷ ᠤᠨ ᠱᠦᠵᠢ᠂ ᠮᠠᠯᠴᠢᠨ ᠠᠶᠢᠯ ᠦᠬᠡᠷ ᠲᠡᠵᠢᠭᠡᠬᠦ ᠲᠤᠰᠬᠠᠶ ᠬᠤᠷᠰᠢᠶᠠᠵᠢᠯ | ᠤᠨ ᠬᠡᠷᠡᠭ ᠡᠷᠬᠢᠯᠡᠭᠴᠢᠳ ᠤᠨ ᠳᠠᠷᠤᠭ᠎ᠠ᠃ ᠨᠠᠮ ᠤᠨ ᠡᠭᠦᠷ ᠤᠨ ᠱᠦᠵᠢ ᠶᠢᠨ ᠲᠤᠰᠢᠶᠠᠯ ᠢ ᠬᠠᠷᠢᠭᠤᠴᠠᠭᠰᠠᠨ ᠠᠴᠠ | ᠨᠠᠰᠢ᠂ ᠡᠤ ᠶᠦᠨ ᠪᠥᠸᠧ ᠮᠠᠯᠴᠢᠳ ᠢ ᠳᠠᠭᠠᠭᠤᠯᠤᠨ ᠦᠬᠡᠷ ᠲᠡᠵᠢᠭᠡᠵᠦ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠪᠠ᠂ | ᠲᠡᠭᠦᠨ ᠤ ᠳᠠᠭᠠᠭᠤᠯᠤᠨ ᠪᠠᠶᠢᠭᠤᠯᠤᠭᠰᠠᠨ ᠮᠠᠯᠴᠢᠨ ᠠᠶᠢᠯ ᠦᠬᠡᠷ ᠲᠡᠵᠢᠭᠡᠬᠦ ᠲᠤᠰᠬᠠᠶ ᠬᠤᠷᠰᠢᠶᠠᠵᠢᠯ ᠳᠤ ᠴᠠᠭᠠᠨ | ᠢᠳᠡᠭᠡᠨ ᠤ ᠦᠢᠯᠡᠳᠪᠦᠷᠢ᠂ ᠢᠳᠡᠭᠡᠨ ᠤᠮᠳᠠᠭᠠᠨ ᠤ ᠦᠢᠯᠡᠴᠢᠯᠡᠬᠡᠨ ᠤ ᠺᠣᠮᠫᠠᠨᠢ᠂ ᠪᠣᠬᠢᠷᠲᠤᠯ ᠦᠭᠡᠢ ᠦᠬᠡᠷ ᠤᠨ | ᠮᠢᠬᠠᠨ ᠤ ᠰᠢᠭᠤᠳ ᠡᠵᠡᠩᠨᠡᠯᠲᠡ ᠶᠢᠨ ᠲᠥᠪ᠂ ᠦᠬᠡᠷ ᠤᠨ ᠬᠠᠪᠢᠷᠭ᠎ᠠ ᠶᠢᠨ ᠳᠡᠯᠭᠡᠭᠦᠷ ᠲᠠᠢ ᠪᠠᠶᠢᠵᠦ᠂ ᠲᠡᠵᠢᠬᠡᠬᠦ᠂ | ᠪᠣᠷᠳᠣᠬᠤ᠂ ᠨᠢᠲᠤᠯᠬᠤ᠂ ᠨᠠᠷᠢᠯᠢᠭ ᠡᠳ᠋ᠰᠢᠭᠦᠯᠬᠦ᠂ ᠰᠢᠭᠤᠳ ᠡᠵᠡᠩᠨᠡᠨ ᠲᠤᠰᠬᠠᠶ ᠬᠤᠳᠠᠯᠳᠤᠬᠤ ᠠᠴᠠ ᠢᠳᠡᠭᠡᠨ | ᠤᠮᠳᠠᠭᠠᠨ ᠬᠦᠷᠲᠡᠯᠡᠬᠢ ᠪᠦᠬᠦ ᠠᠵᠤ ᠦᠢᠯᠡᠰ ᠤᠨ ᠬᠡᠯᠬᠢᠶ᠎ᠡ ᠶᠢᠨ ᠲᠤᠭᠳᠠᠴᠠ ᠶᠢ ᠪᠦᠷᠢᠯᠳᠦᠭᠦᠯᠵᠡᠶ᠃ ᠬᠤᠷᠰᠢᠶᠠᠵᠢᠯ | ᠨᠢ ︽ᠨᠠᠮ ᠤᠨ ᠡᠭᠦᠷ + ᠬᠤᠷᠰᠢᠶᠠᠵᠢᠯ︾ ᠢᠶᠠᠷ ᠠᠵᠤ ᠦᠢᠯᠡᠰ ᠤᠨ ᠬᠥᠭᠵᠢᠯᠲᠡ ᠶᠢᠨ ᠳᠠᠭᠠᠭᠤᠯᠤᠭᠴᠢ ᠪᠣᠯᠭᠠᠵᠤ᠂ | ︽ᠠᠵᠦ ᠦᠢᠯᠡᠰ + ᠵᠠᠯᠭᠠᠮᠵᠢ ᠠᠵᠦ ᠦᠢᠯᠡᠰ︾ ᠢᠶᠠᠷ ᠠᠵᠤ ᠦᠢᠯᠡᠰ ᠤᠨ ᠬᠡᠯᠬᠢᠶ᠎ᠡ ᠪᠠᠨ ᠤᠷᠳᠤᠳᠬᠠᠵᠦ᠂ ︽ | ᠠᠵᠤ ᠦᠢᠯᠡᠰ ᠤᠨ ᠬᠡᠯᠬᠢᠶ᠎ᠡ + ᠶᠠᠳᠠᠭᠤ ᠬᠦᠴᠢᠷᠳᠡᠯᠲᠡᠶ ᠡᠷᠦᠬᠡ︾ ᠶᠢᠨ ᠶᠠᠳᠠᠭᠤ ᠶᠢ ᠲᠡᠳᠬᠦᠬᠦ ᠵᠠᠭᠪᠤᠷ ᠢ ᠬᠠᠶᠢᠨ | ᠰᠦᠪᠡᠭᠴᠢᠯᠡᠵᠦ᠂ ᠤᠨᠤᠴᠢᠳᠠᠢ ᠪᠠᠷ ᠶᠠᠳᠠᠭᠤ ᠠᠴᠠ ᠠᠩᠭᠢᠵᠢᠷᠠᠭᠤᠯᠬᠤ ᠳᠤ ᠰᠢᠨ᠎ᠡ ᠵᠠᠮ ᠭᠠᠷᠭᠠᠵᠤ ᠥᠭᠴᠡᠶ᠃ | ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠣᠯᠤᠭᠰᠠᠨ ᠤ | ᠬᠤᠪᠢ ᠳᠤ᠂ 2019 ᠤᠨ ᠤ ᠪᠦᠬᠦ ᠤᠯᠤᠰ ᠤᠨ ᠬᠤᠶᠠᠷ ᠬᠤᠷᠠᠯ ᠳᠡᠭᠡᠷ᠎ᠡ᠂ ᠦ᠋ ᠶᠦᠨ ᠪᠥᠸᠧ ᠶᠡᠷᠦᠩᠬᠡᠶ ᠱᠦᠵᠢ | ᠰᠢ ᠶᠢᠨ ᠫᠢᠩ ᠳᠤ ᠵᠡᠭᠦᠨ ᠰᠠᠯᠠᠭ᠎ᠠ ᠭᠠᠴᠠᠭ᠎ᠠ ᠶᠢᠨ ᠦᠢᠯᠡᠳᠪᠦᠷᠢᠯᠡᠯ ᠬᠥᠭᠵᠢᠯᠲᠡ ᠶᠢᠨ ᠪᠠᠶᠢᠳᠠᠯ ᠪᠣᠯᠤᠨ ᠮᠠᠯᠴᠢᠨ | ᠠᠶᠢᠯ ᠤᠨ ᠦᠬᠡᠷ ᠲᠡᠵᠢᠭᠡᠬᠦ ᠲᠤᠰᠬᠠᠶ ᠬᠤᠷᠰᠢᠶᠠᠵᠢᠯ ᠤᠨ ᠪᠠᠶᠠᠵᠢᠨ ᠴᠢᠨᠡᠭᠡᠯᠢᠭᠵᠢᠭᠰᠡᠨ ᠰᠢᠨ᠎ᠡ ᠵᠠᠭᠪᠤᠷ ᠤᠨ ᠲᠤᠬᠠᠶ | ᠬᠠᠷᠢᠭᠤ ᠮᠡᠳᠡᠭᠦᠯᠦᠯᠲᠡ ᠬᠢᠭᠡᠳ ᠨᠠᠩ ᠴᠤ ᠶᠡᠷᠦᠩᠬᠡᠶ ᠱᠦᠵᠢ ᠶᠢᠨ ᠰᠠᠶᠢᠨ ᠦᠨᠡᠯᠡᠯᠳᠡ ᠶᠢ ᠣᠯᠵᠠᠶ᠂ ᠶᠡᠷᠦᠩᠬᠡᠶ | ᠱᠦᠵᠢ ᠰᠢ ᠶᠢᠨ ᠫᠢᠩ ᠦ᠋ ᠶᠦᠨ ᠪᠥᠸᠧ ᠶᠢ ᠬᠤᠶᠢᠰᠢᠳᠠ ᠦᠷᠭᠦᠯᠵᠢᠯᠡᠨ ᠴᠢᠷᠮᠠᠶᠢᠵᠤ᠂ ᠵᠥᠪ ᠵᠠᠮ ᠢᠶᠠᠷ ᠵᠠᠮᠨᠠᠵᠤ᠂ | ᠱᠤᠰᠢᠭ᠎ᠠ ᠲᠡᠮᠳᠡᠭᠲᠦ ᠶᠢ ᠳᠠᠭᠤᠷᠢᠰᠬᠠᠵᠤ᠂ ᠨᠠᠩ ᠣᠯᠠᠨ ᠶᠠᠳᠠᠭᠤ ᠬᠦᠴᠢᠷᠳᠡᠯᠲᠡᠶ ᠣᠯᠠᠨ ᠲᠦᠮᠡᠨ ᠢ ᠳᠠᠭᠠᠭᠤᠯᠤᠨ | ᠶᠠᠳᠠᠭᠤ ᠠᠴᠠ ᠠᠩᠭᠢᠵᠢᠷᠠᠭᠤᠯᠵᠤ᠂ ᠪᠠᠶᠠᠵᠢᠨ ᠴᠢᠨᠡᠭᠡᠯᠢᠭᠵᠢᠬᠦ ᠬᠡᠷᠡᠭᠲᠡᠶ ᠬᠡᠵᠦ ᠵᠤᠷᠢᠭᠵᠢᠭᠤᠯᠪᠠ᠃ | ᠠᠷᠪᠠᠨ ᠵᠢᠯ ᠤᠨ ᠬᠤᠭᠤᠴᠠᠭᠠᠨ ᠳᠤ᠂ ᠡᠤ ᠶᠦᠨ ᠪᠥᠸᠧ ᠪᠤᠯ ᠣᠭ ᠰᠠᠨᠠᠭ᠎ᠠ ᠪᠠᠨ ᠪᠠᠷᠢᠮᠳᠠᠯᠠᠵᠦ᠂ ᠠᠮᠠᠯᠠᠯᠳᠠ | ᠪᠠᠨ ᠰᠠᠬᠢᠭᠰᠠᠨ᠂ ᠬᠦᠮᠦᠨ ᠴᠢᠨᠠᠷ ᠲᠠᠢ᠂ ᠦᠨᠡᠨᠴᠢ ᠪᠣᠷᠣᠭᠵᠢᠭᠤᠨ᠂ ᠲᠦᠪ ᠰᠢᠳᠤᠷᠭᠤ ᠮᠣᠩᠭᠤᠯ ᠡᠷ᠎ᠡ ᠪᠤᠯᠤᠨ᠎ᠠ᠃ | ᠲᠡᠷᠡ ᠪᠤᠳᠠᠳᠦ ᠠᠵᠢᠯᠯᠠᠭ᠎ᠠ ᠪᠠ ᠣᠶᠤᠨ ᠤᠬᠠᠭᠠᠨ᠂ ᠬᠠᠯᠠᠭᠤᠨ ᠴᠢᠰᠤ ᠪᠠ ᠬᠦᠴᠦ ᠬᠥᠯᠥᠰᠥ ᠪᠠᠷ ᠢᠶᠠᠨ | ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠡᠮᠦᠨ᠎ᠡ ᠹᠷᠣᠨᠲ ᠲᠤ ᠵᠠᠯᠠᠭᠤ ᠨᠠᠰᠤᠨ ᠤ ᠢᠷᠠᠭᠤ | ᠰᠠᠶᠢᠬᠠᠨ ᠬᠠᠭᠤᠳᠠᠰᠤ ᠶᠢ ᠪᠢᠴᠢᠭᠯᠡᠵᠦ ᠪᠤᠢ᠃ | | |