ᠬᠤᠷᠴᠢᠨ ᠤ ᠣᠷᠠᠨ ᠬᠠᠳᠬᠤᠮᠠᠯᠴᠢᠨ ᠊᠊᠊᠊᠊᠊ ᠪᠣᠣ ᠴᠢ ᠶᠣᠸᠠᠢ
ᠨᠡᠶᠢᠲᠡᠯᠡᠭᠰᠡᠨ ᠴᠠᠭ᠄
2019/9/17
    ᠪᠣᠣ ᠴᠢ ᠶᠤᠸᠠᠢ᠂ ᠮᠣᠩᠭᠤᠯ ᠦᠨᠳᠦᠰᠦᠲᠡᠨ᠂ 80 ᠨᠠᠰᠣᠳᠠᠢ᠂ ᠲᠦᠩᠯᠢᠶᠣᠤ ᠬᠤᠲᠠ ᠶᠢᠨ ᠵᠠᠷᠣᠳ ᠬᠤᠰᠢᠭᠤᠨ ᠤ ᠦᠯᠵᠡᠶᠢᠮᠦ᠋ᠷᠡᠨ ᠰᠣᠮᠣ ᠶᠢᠨ ᠵᠢᠷ ᠤᠨ ᠨᠢᠭᠡᠨ ᠮᠠᠯᠴᠢᠨ ᠪᠦᠰᠡᠭᠦᠢ᠃ ᠬᠠᠷᠠᠬᠠᠨ ᠪᠠᠭ᠎ᠠ ᠠᠴᠠ ᠪᠠᠨ ᠡᠵᠢ ᠶᠢᠨ ᠢᠶᠠᠨ ᠨᠥᠯᠥᠭᠡ ᠶᠢ ᠬᠦᠷᠲᠡᠵᠦ᠂ ᠮᠣᠩᠭᠤᠯ ᠬᠠᠳᠬᠤᠮᠠᠯ ᠳᠤ ᠲᠤᠷ᠎ᠠ ᠪᠠᠭ᠋ᠠᠲᠠᠶ ᠪᠣᠯᠬᠤᠷ ᠨᠢᠭᠡ ᠯᠠ ᠰᠡᠳᠬᠢᠯ ᠢᠶᠠᠷ ᠬᠠᠳᠬᠤᠮᠠᠯ ᠣᠷᠠᠯᠠᠯ ᠢ ᠰᠣᠷᠣᠭᠰᠠᠨ ᠪᠠᠶᠢᠨ᠎ᠠ᠃ ᠲᠡᠷᠡ ᠠᠷᠪᠠᠨ ᠬᠤᠶᠠᠷ ᠨᠠᠰᠣᠨ ᠠᠴᠠ ᠪᠠᠨ ᠡᠬᠢᠯᠡᠨ ᠠᠶᠢᠯ ᠰᠠᠭᠠᠬᠠᠯᠲᠠ ᠳᠠᠭᠠᠨ ᠴᠠᠭᠠᠨ ᠰᠠᠷ᠎ᠠ ᠶᠢ ᠪᠡᠯᠭᠡᠳᠡᠭᠰᠡᠨ ᠰᠠᠨᠠᠭ᠎ᠠ ᠪᠦᠬᠦᠢ ᠬᠠᠳᠬᠤᠮᠠᠯ ᠣᠶᠣᠵᠦ ᠦᠭᠳᠡᠭ ᠪᠠᠶᠢᠵᠠᠢ᠃ ᠤᠳᠤ ᠪᠣᠯᠲᠠᠯ᠎ᠠ 200 ᠭᠠᠷᠤᠶ ᠦᠨᠳᠦᠰᠦᠲᠡᠨ ᠤ ᠪᠠ ᠬᠤᠰᠢᠭᠤ ᠨᠤᠲᠤᠭ ᠤᠨ ᠣᠨᠴᠠᠯᠢᠭ ᠢ ᠬᠠᠷᠠᠭᠤᠯᠣᠭᠰᠠᠨ ᠬᠠᠳᠬᠤᠮᠠᠯ ᠪᠠ ᠨᠠᠭᠠᠮᠠᠯ ᠬᠠᠳᠬᠤᠮᠠᠯ ᠤᠨ ᠪᠦᠳᠦᠭᠡᠯ ᠢ ᠣᠶᠣᠵᠦ ᠪᠦᠲᠦᠭᠡᠵᠡᠶ᠃     ᠪᠣᠣ ᠴᠢ ᠶᠣᠸᠠᠢ ᠬᠡᠳᠦ᠋ᠢᠪᠡᠷ ᠨᠠᠰᠣ ᠠᠬᠢᠭᠰᠠᠨ ᠪᠣᠯᠪᠠᠴᠦ ᠴᠢᠯᠦᠭᠡ ᠵᠠᠪ ᠲᠠᠢ ᠯᠠ ᠪᠣᠯ ᠬᠠᠳᠬᠤᠮᠠᠯ ᠢᠶᠠᠨ ᠬᠠᠳᠬᠤᠵᠤ᠂ ᠡᠯ᠎ᠡ ᠵᠦᠢᠯ ᠤᠨ ᠬᠦᠳᠡᠯᠭᠡᠭᠡᠨ ᠳᠤ ᠢᠳᠡᠪᠬᠢᠳᠠᠢ ᠣᠷᠣᠯᠴᠠᠵᠦ᠂ ᠬᠤᠰᠢᠭᠤ᠂ ᠬᠤᠳᠠ ᠶᠢᠨ ᠲᠡᠰ ᠤᠨ ᠱᠠᠩᠨᠠᠯ ᠢ ᠣᠯᠠᠨᠳᠠ ᠬᠦᠷᠳᠡᠭᠰᠡᠨ ᠢᠶᠠᠷ ᠪᠠᠷᠠᠬᠤ ᠦᠭᠡᠢ᠂ 2017 ᠣᠨ ᠳᠤ ᠲᠦᠩᠯᠢᠶᠣᠣ ᠬᠤᠲᠠ ᠶᠢᠨ ᠮᠦᠽᠧᠶ ᠳᠤ ᠬᠤᠪᠢ ᠬᠥᠮᠦᠨ ᠤ ᠪᠦᠲᠦᠭᠡᠯ ᠤᠨ ᠦᠵᠡᠭᠦᠯᠭᠡ ᠡᠷᠬᠢᠯᠡᠵᠦ᠂ ᠬᠠᠳᠬᠤᠮᠠᠯ ᠤᠨ ᠣᠷᠠᠨ ᠪᠦᠳᠦᠭᠡᠯ ᠢᠶᠠᠷ ᠢᠶᠠᠨ ᠬᠦᠮᠦᠰ ᠤᠨ ᠪᠠᠭ᠋ᠠᠷᠬᠠᠯ ᠢ ᠳᠠᠳᠠᠵᠠᠢ᠃ 2018 ᠣᠨ ᠪᠠ 2019 ᠣᠨ ᠤ ︽ᠬᠤᠷᠴᠢᠨ ᠣᠷᠠᠨ ᠪᠦᠰᠡᠭᠦᠢ᠂ ᠰᠠᠶᠢᠨ ᠴᠣᠭᠯᠠᠭ᠎ᠠ ᠮᠠᠶᠢᠮᠠᠢ︾ ᠵᠢᠴᠢ ᠪᠥᠬᠦ ᠬᠤᠲᠠ ᠶᠢᠨ ᠠᠩᠬᠠᠳᠣᠭᠠᠷ ᠪᠠ ᠬᠤᠶᠠᠳᠤᠭᠠᠷ ᠬᠤᠭᠤᠴᠠᠭᠠᠨ ᠤ ︽ᠡᠮᠡᠭᠲᠡᠶᠢᠴᠦᠳ ᠤᠨ ᠬᠤᠷᠣᠭᠤ ᠶᠢᠨ ᠦᠵᠦᠭᠦᠷ ᠬᠤᠷᠸ᠎ᠠ ᠪᠠᠶᠠᠰᠴᠦ᠂ ᠭᠠᠷ ᠤᠨ ᠣᠷ᠎ᠠ ᠳᠤ ᠰᠢᠨ᠎ᠡ ᠠᠮᠢᠳᠣᠷᠠᠯ ᠭᠤᠶᠣᠵᠢᠨᠠᠮ︾ ᠬᠡᠮᠡᠬᠦ ᠦᠢᠯᠡᠰ ᠪᠦᠳᠦᠭᠡᠬᠦ ᠰᠣᠶᠣᠯ ᠤᠨ ᠪᠦᠳᠦᠭᠡᠯᠴᠢ ᠪᠦᠳᠦᠭᠡᠭᠳᠡᠬᠦᠨ ᠤ ᠮᠦᠷᠦ᠋ᠢᠴᠡᠭᠡᠨ ᠳᠤ ᠲᠣᠰ ᠲᠣᠰ ᠬᠤᠶᠠᠳᠣᠭᠠᠷ ᠪᠠ ᠨᠢᠭᠡᠳᠦᠭᠡᠷ ᠲᠡᠰ ᠤᠨ ᠱᠠᠩᠨᠠᠯ ᠭᠠᠷᠳᠠᠭᠰᠠᠨ ᠶᠤᠮ᠃ ᠡᠭᠦᠨ ᠤ ᠬᠠᠮᠳᠦ ︽ᠬᠤᠷᠴᠢᠨ ᠤ ᠬᠠᠮᠤᠭ ᠭᠤᠶᠤ ᠣᠷᠠᠨ ᠪᠦᠰᠡᠬᠦᠢ︾᠂ ︽ᠭᠠᠪᠢᠶᠠᠳᠣ ᠡᠮᠡᠭᠲᠡᠶᠢᠴᠦᠳ ᠤᠨ ᠵᠢᠱᠢᠶᠡᠴᠢ︾ ᠵᠡᠷᠭᠡ ᠢᠷᠠᠭᠤ ᠠᠯᠳᠠᠷ ᠢ ᠬᠦᠷᠲᠡᠪᠡ᠃     ᠲᠡᠭᠦᠨ ᠤ ᠣᠶᠣᠭᠰᠠᠨ ︽ᠴᠢᠩᠭᠢᠰ ᠬᠠᠭᠠᠨ ᠲᠠᠶᠢᠨ ᠳᠤ ᠮᠣᠷᠳᠠᠭᠰᠠᠨ ᠨᠢ︾᠂ ︽ᠮᠠᠨᠳᠡᠷᠸ᠎ᠠ ᠴᠡᠴᠡᠭ︾᠂ ︽ᠦᠯᠵᠠᠶᠢᠳᠦ ᠮᠣᠩᠭᠤᠯ ᠲᠡᠷᠯᠢᠭ︾᠂ ︽ᠭᠠᠳᠠ ᠮᠠᠶᠢᠷᠠᠨ ᠪᠣᠯᠤᠨ ᠮᠦᠳᠠᠨ︾᠂ ︽ᠥᠯᠵᠡᠶᠢᠲᠦ ᠬᠤᠤᠰ ᠰᠢᠪᠠᠭᠤ︾ ᠂ ︽ᠪᠦᠭᠡ ᠪᠠᠷᠢᠯᠳᠣᠬᠤ︾᠂ ︽ᠮᠣᠷᠢᠨ ᠳᠡᠭᠡᠷ᠎ᠡ ᠠᠴᠠ ᠬᠤᠨᠢ ᠰᠢᠭᠦᠷᠡᠬᠦ︾᠂ ︽ᠮᠣᠩᠭᠤᠯ ᠭᠤᠲᠤᠯ︾᠂ ︽ᠲᠡᠷᠢᠭᠦᠯᠡᠭᠴᠢ ᠴᠡᠴᠡᠭ ᠳᠡᠭᠡᠷ᠎ᠡ ᠱᠠᠭᠠᠵᠠᠭᠠᠶ ᠲᠣᠭᠯᠠᠭᠰᠠᠨ︾᠂ ︽ᠠᠯ ᠰᠡᠭᠦᠯ ᠪᠦᠵᠢᠭᠯᠡᠵᠦ ᠪᠠᠶᠢᠭ᠎ᠠ ᠨᠢ︾ ᠵᠡᠷᠭᠡ ᠣᠯᠠᠨ ᠣᠯᠠᠨ ᠬᠠᠳᠬᠤᠮᠠᠯ ᠤᠨ ᠪᠦᠳᠦᠭᠡᠯ ᠨᠢ ᠬᠤᠷᠴᠢᠨ ᠮᠣᠩᠭᠤᠯ ᠬᠠᠳᠬᠤᠮᠠᠯ ᠤᠨ ᠣᠨᠴᠠᠯᠢᠭ ᠢ ᠣᠯᠠᠮᠵᠢᠯᠠᠵᠦ᠂ ᠨᠣᠳᠤᠭ ᠣᠰᠣᠨ ᠳᠠᠭᠠᠨ ᠨᠡᠷ᠎ᠡ ᠬᠦᠨᠳᠦᠳᠠᠢ ᠬᠠᠳᠬᠤᠮᠠᠯᠴᠢᠨ ᠡᠵᠢ ᠪᠣᠯᠣᠭᠰᠠᠨ ᠪᠠᠶᠢᠵᠠᠢ᠃
    ᠪᠣᠣ ᠴᠢ ᠶᠣᠸᠠᠢ ᠠᠴᠠ᠄ ︽ᠮᠠᠨ ᠤ ᠮᠣᠩᠭᠤᠯ ᠬᠠᠳᠬᠤᠮᠠᠯ ᠨᠢ ᠣᠷᠣᠨ ᠨᠣᠳᠤᠭ ᠤᠨ ᠣᠨᠴᠠᠯᠢᠭ ᠲᠠᠢ ᠮᠦᠷᠳᠡᠭᠡᠨ ᠨᠠᠰᠣ ᠵᠢᠯ᠂ ᠣᠷᠣᠭᠯᠠᠭᠰᠠᠨ ᠡᠰᠡᠬᠦ᠂ ᠭᠤᠶᠣᠯᠠᠯ ᠤᠨ ᠬᠤᠪᠴᠠᠰᠣ᠂ ᠶᠡᠷᠦᠳᠠ ᠶᠢᠨ ᠬᠤᠪᠴᠠᠰᠦ ᠵᠡᠷᠭᠡ ᠶᠢᠨ ᠢᠯᠭᠠᠭ᠎ᠠ ᠲᠠᠢ ᠪᠠᠶᠢᠵᠦ᠂ ᠬᠤᠸᠠᠷ ᠬᠠᠳᠬᠤᠮᠠᠯ ᠨᠢ ᠴᠦ ᠪᠦᠷ ᠣᠨᠳᠣᠥ ᠪᠠᠶᠢᠳᠠᠭ᠃ ᠶᠡᠷᠦ ᠳᠡᠭᠡᠨ ᠬᠡᠷᠡᠭᠴᠡᠭᠡ ᠳᠡᠭᠡᠨ ᠲᠣᠬᠢᠷᠠᠭᠤᠯᠵᠦ ᠪᠣᠳᠠᠰ ᠤᠨ ᠲᠦᠷᠰᠦ ᠶᠢ ᠣᠭ ᠬᠡᠪ ᠢᠶᠠᠷ ᠨᠢ ᠪᠣᠶᠣ ᠳᠠᠪᠠᠭᠤᠯᠣᠯ᠂ ᠬᠠᠷᠢᠴᠠᠭᠤᠯᠣᠯ᠂ ᠪᠡᠯᠭᠡᠳᠡᠯ ᠤᠨ ᠰᠠᠨᠠᠭ᠎ᠠ ᠲᠠᠢ ᠪᠠᠷ ᠣᠷᠠᠯᠠᠨ ᠪᠦᠳᠦᠭᠡᠨ᠎ᠡ᠃ ᠣᠯᠠᠨ ᠦᠩᠭᠡ ᠶᠢᠨ ᠲᠣᠷᠭᠠᠨ ᠣᠳᠠᠰᠦ ᠪᠠᠷ ᠲᠣᠷᠭ᠎ᠠ ᠲᠣᠷᠳᠣᠩ ᠳᠡᠭᠡᠷ᠎ᠡ ᠡᠯ᠎ᠡ ᠵᠦᠢᠯ ᠤᠨ ᠲᠦᠷᠰᠦ ᠬᠡᠯᠪᠡᠷᠢ ᠶᠢ ᠣᠷᠠᠨ ᠰᠠᠨᠠᠭ᠎ᠠ ᠪᠠᠷ ᠰᠡᠳᠬᠢᠮᠵᠢᠯᠡᠨ᠂ ᠮᠠᠰᠢ ᠠᠮᠢᠳᠣ ᠲᠦᠷᠰᠦᠯᠢᠭ ᠢᠶᠠᠷ ᠲᠡᠭᠰᠢᠭᠡᠨ ᠰᠠᠶᠢᠬᠠᠨ ᠬᠠᠳᠬᠤᠨ ᠣᠶᠣᠳᠠᠭ᠃ ᠬᠠᠣᠬᠠᠤᠮᠠᠯ ᠬᠠᠳᠬᠤᠬᠤ ᠳᠤ ᠶᠡᠷᠦ ᠳᠡᠭᠡᠨ ᠬᠤᠸᠠᠷ ᠰᠡᠶᠢᠯᠬᠦ᠂ ᠬᠤᠸᠠᠷ ᠨᠠᠭᠠᠬᠤ᠂ ᠣᠷᠢᠶᠠᠮᠠᠯ ᠣᠷᠢᠶᠠᠬᠤ᠂ ᠬᠤᠸᠠᠷ ᠬᠠᠳᠬᠤᠬᠤ ᠵᠡᠷᠭᠡ ᠣᠷ᠎ᠠ ᠮᠡᠷᠭᠡᠵᠢᠯ ᠢ ᠡᠵᠡᠮᠰᠢᠬᠦ ᠴᠢᠬᠤᠯᠠᠳᠠᠢ᠃ ᠮᠣᠩᠭᠤᠯ ᠦᠨᠳᠦᠰᠦᠳᠡᠨ ᠤ ᠬᠠᠳᠬᠤᠮᠠᠯ ᠨᠢ ᠦᠪᠡᠷᠮᠢᠴᠡ ᠭᠤᠴᠣ ᠣᠨᠴᠠᠯᠢᠭ ᠲᠠᠢ ᠪᠠᠶᠢᠵᠦ᠂ ᠬᠠᠳᠬᠤᠮᠠᠯᠴᠢᠨ ᠪᠦᠰᠡᠭᠦ᠋ᠢᠴᠣᠳ ᠪᠠᠶᠢᠭᠠᠯᠢ ᠶᠢᠨ ᠦᠵᠡᠭᠳᠡᠯ ᠪᠠ ᠠᠮᠢᠳᠣᠷᠠᠯ ᠠᠬᠤᠢ ᠪᠠᠨ ᠠᠮᠢᠳᠦ ᠲᠦᠷᠰᠦᠯᠢᠭ ᠢᠶᠠᠷ ᠬᠠᠳᠬᠤᠮᠠᠯ ᠤᠨ ᠪᠦᠳᠦᠭᠡᠯ ᠳᠡᠭᠡᠨ ᠲᠣᠰᠬᠠᠨ᠂ ᠠᠵᠦ ᠠᠮᠢᠳᠣᠷᠠᠯ ᠰᠠᠨᠠᠭ᠎ᠠ ᠰᠡᠳᠬᠢᠯᠭᠡ ᠪᠠᠨ ᠭᠤᠶᠣᠵᠦ ᠪᠠᠶᠠᠯᠢᠭᠵᠢᠭᠤᠯᠳᠠᠭ ᠶᠣᠮ ᠡ︾ ᠭᠡᠵᠦ ᠶᠠᠷᠢᠪᠠ᠃     ᠪᠣᠣ ᠴᠢ ᠶᠣᠸᠠᠢ ᠨᠠᠰᠣᠳᠠᠨ ᠡᠳᠦᠭᠡ ᠪᠣᠯᠳᠠᠯ᠎ᠠ᠂ ᠰᠢᠨᠳᠡᠷᠡᠰᠢ ᠦᠭᠡᠢ ᠵᠣᠷᠢᠭ ᠰᠠᠨᠠᠭ᠎ᠠ ᠪᠠᠷ ᠮᠣᠩᠭᠤᠯ ᠬᠠᠳᠬᠤᠮᠠᠯ ᠣᠷᠠᠯᠠᠯ ᠤᠨ ᠠᠵᠢᠯ ᠢᠶᠠᠨ ᠦᠷᠭᠦᠯᠵᠢᠯᠡᠨ ᠬᠢᠵᠦ ᠪᠠᠶᠢᠨ᠎ᠠ᠃ ᠲᠡᠷᠡ ᠦᠨᠳᠦᠰᠦᠳᠡᠨ ᠪᠠ ᠣᠷᠣᠨ ᠨᠣᠳᠤᠭ ᠤᠨ ᠢᠶᠠᠨ ᠣᠨᠴᠠᠯᠢᠭ ᠢ ᠪᠠᠷᠢᠮᠳᠠᠯᠠᠬᠤ ᠶᠢᠨ ᠳᠠᠭᠠᠥ᠂ ᠪᠠᠰᠠ ᠣᠳᠣ ᠦᠶ᠎ᠡ ᠶᠢᠨ ᠭᠠᠷ ᠣᠷᠠᠯᠠᠯ ᠤᠨ ᠰᠢᠨ᠎ᠡ ᠠᠷᠭ᠎ᠠ ᠮᠠᠶ᠋ᠢᠭ ᠲᠠᠢ ᠣᠶᠠᠯᠳᠣᠭᠤᠯᠣᠨ ᠣᠯᠠᠨ ᠠᠷᠪᠢᠨ ᠬᠠᠳᠬᠤᠮᠠᠯ ᠤᠨ ᠪᠦᠳᠦᠭᠡᠯ ᠣᠶᠣᠵᠦ ᠪᠦᠳᠦᠭᠡᠭᠰᠡᠭᠡᠷ ᠪᠣᠢ᠃ ᠨᠠᠰᠣᠳᠠᠨ ᠤ ᠡᠶᠢᠮᠦᠷᠬᠦᠦ ᠴᠣᠴᠠᠯᠳᠠ ᠦᠭᠡᠢ ᠵᠣᠷᠢᠭ ᠰᠠᠨᠠᠭ᠎ᠠ ᠶᠢ ᠦᠷᠭᠡᠨ ᠣᠯᠠᠨ ᠡᠮᠡᠭᠳᠡᠶᠢᠴᠣᠳ ᠰᠣᠷᠣᠯᠴᠠᠭᠤᠰᠢᠳᠠᠢ ᠶᠣᠮ᠃ ᠪᠢᠳᠡ ᠦᠨᠳᠦᠰᠦᠳᠡᠨ ᠤ ᠰᠢᠯᠢᠳᠡᠭ ᠦᠪ ᠰᠣᠶᠣᠯ ᠢᠶᠠᠨ ᠦᠨᠢ ᠡᠭᠦᠷᠢᠳᠡ ᠣᠯᠠᠮᠵᠢᠯᠠᠨ ᠬᠦᠭᠵᠢᠭᠦᠯᠵᠦ ᠶᠠᠪᠣᠵᠠᠭᠠᠶ᠎ᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号