| ᠊᠊᠊᠊᠊᠊ ᠵᠠᠷᠤᠳ ᠬᠤᠰᠢᠭᠤᠨ ᠤ ᠯᠦᠵᠢᠶᠧ ᠭᠠᠴᠠᠭ᠎ᠠ ᠶᠢᠨ ᠨᠡᠷ᠎ᠠ ᠶᠢᠨ ᠲᠤᠬᠠᠢ ᠲᠡᠮᠳᠡᠭᠯᠡᠪᠠ | ᠤᠯᠠᠩᠬᠢ ᠬᠦᠮᠦᠨ ᠯᠦᠵᠢᠶᠧ ᠭᠠᠴᠠᠭ᠎ᠠ ︵鲁杰嘎查︶ ᠶᠢᠨ ᠨᠡᠷ᠎ᠠ ᠶᠢ ᠰᠤᠨᠤᠰᠬᠤ ᠲᠠᠢ ᠵᠡᠷᠭᠡ ᠪᠠᠷ | ᠬᠢᠳᠠᠳ ᠦᠨᠳᠦᠰᠦᠳᠠᠨ ᠤ ᠲᠦᠪᠯᠡᠷᠡᠨ ᠰᠠᠭᠤᠬᠰᠠᠨ ᠭᠠᠵᠠᠷ ᠭᠡᠵᠦ ᠪᠤᠳᠤᠬᠤ ᠮᠠᠭᠠᠳ᠃ ᠪᠤᠳᠠᠳᠦ ᠪᠠᠶᠢᠳᠠᠯ | ᠡᠬᠦᠨ ᠲᠠᠢ ᠶᠠᠭ ᠡᠰᠡᠷᠬᠦ᠂ ᠯᠦᠵᠢᠶᠧ ᠭᠠᠴᠠᠭ᠎ᠠ ᠳᠤ 413 ᠡᠷᠦᠭᠡ 1067 ᠬᠦᠮᠦᠨ ᠠᠮᠠ ᠲᠠᠢ᠂ ᠡ᠊ᠨᠳᠠ | ᠬᠦᠷᠭᠡᠨ ᠢᠶᠠᠷ ᠢᠷᠡᠵᠦ ᠬᠤᠷᠢᠮᠯᠠᠨ ᠰᠠᠭᠤᠬᠰᠠᠨ ᠭᠠᠭᠴᠠ ᠬᠢᠳᠠᠳ ᠬᠦᠮᠦᠨ ᠢ ᠭᠠᠷᠭᠠᠪᠠᠯ ᠪᠤᠰᠤᠳ ᠨᠢ ᠴᠦᠮ | ᠮᠤᠩᠭᠤᠯ᠂ ᠤᠳᠤ ᠡᠨᠡ ᠬᠢᠳᠠᠳ ᠬᠦᠷᠭᠡᠨ ᠴᠦ ᠮᠤᠩᠭᠤᠯ ᠢᠶᠠᠷ ᠤᠷᠤᠰᠤᠮ᠎ᠠ ᠰᠠᠶᠢᠬᠠᠨ ᠶᠠᠷᠢᠳᠠᠭ ᠪᠤᠯᠵᠠᠢ᠃ | ᠲᠡᠭᠡᠪᠡᠯ᠂ ᠮᠤᠩᠭᠤᠯ ᠢᠶᠠᠷ ᠶᠠᠷᠢᠵᠦ᠂ ᠮᠤᠩᠭᠤᠯ ᠢᠶᠠᠷ ᠰᠡᠳᠬᠢᠵᠦ᠂ ᠮᠤᠩᠭᠤᠯ ᠢᠶᠠᠷ ᠠᠮᠢᠳᠤᠷᠠᠵᠦ ᠢᠷᠡᠭᠰᠡᠨ | ᠬᠦᠮᠦᠨ ᠠᠷᠠᠳ ᠤᠨ ᠭᠠᠵᠠᠷ ᠨᠤᠳᠤᠭ ᠶᠠᠭᠠᠬᠢᠭᠠᠳ ᠬᠢᠳᠠᠳ ᠨᠡᠷ᠎ᠠ ᠲᠠᠢ ᠪᠤᠯᠴᠢᠬᠠᠭᠰᠠᠨ ᠪᠤᠢ︖ | ᠊᠊᠊᠊᠊᠊ ᠭᠠᠵᠠᠷ ᠰᠢᠷᠤᠢ ᠶᠢᠨ ᠦᠭᠡᠷᠡᠴᠢᠯᠠᠯᠳᠠ ᠠᠴᠠ ᠡᠮᠦᠨ᠎ᠠ᠂ ᠮᠠᠨ ᠤ ᠭᠠᠴᠠᠭ᠎ᠠ ᠳᠤ ᠯᠦ ᠤᠪᠤᠭ ᠲᠠᠢ ᠨᠢᠬᠡ | ᠬᠢᠲᠠᠳ ᠮᠠᠶᠢᠮᠠᠶᠢᠴᠢᠨ ᠠᠮᠢᠳᠤᠷᠠᠵᠦ ᠪᠠᠶᠢᠵᠠᠢ᠃ ᠲᠡᠷᠡ ᠭᠤᠤᠯᠳᠠᠭᠤ ᠪᠦᠰ ᠪᠠᠷᠠᠭ᠎ᠠ᠂ ᠠᠮᠤ ᠪᠤᠳᠠᠭ᠎ᠠ᠂ ᠠᠶᠠᠭ᠎ᠠ | ᠰᠠᠪᠬ᠎ᠠ ᠵᠡᠷᠭᠡ ᠡᠳᠦᠷ ᠲᠤᠳᠤᠮ ᠤᠨ ᠠᠮᠢᠳᠤᠷᠠᠯ ᠳᠤ ᠤᠯᠠᠨ ᠭᠡᠷᠡᠭᠯᠡᠭᠳᠡᠬᠦ ᠵᠦᠢᠯ ᠢ ᠬᠤᠳᠠᠯᠳᠤᠵᠦ ᠪᠠᠶᠢᠪᠠ᠃ ᠯᠦ | ᠤᠪᠤᠬᠳᠦ ᠶᠢᠨ ᠬᠤᠳᠠᠯᠳᠤᠵᠦ ᠪᠠᠶᠢᠬᠰᠠᠨ ᠡᠳ᠋ ᠪᠠᠷᠠᠭ᠎ᠠ ᠶᠢᠨ ᠲᠦᠷᠦᠯ ᠵᠦᠢᠯ ᠤᠯᠠᠨ᠂ ᠦᠨ᠎ᠠ ᠬᠠᠨᠭ᠍ᠰᠢ ᠨᠢ | ᠲᠤᠬᠢᠷᠠᠮᠵᠢᠳᠠᠢ ᠤᠴᠢᠷ ᠠᠴᠠ ᠠᠷᠠᠯᠵᠢᠶ᠎ᠠ ᠮᠠᠶᠢᠮᠠᠢ ᠨᠢ ᠮᠠᠰᠢ ᠬᠦᠷ ᠬᠦᠭᠵᠢᠶᠠᠨ ᠲᠠᠢ ᠪᠠᠶᠢᠵᠠᠢ᠃ ᠤᠢᠢᠷ᠎ᠠ | ᠤᠷᠴᠢᠮ ᠤᠨ ᠭᠠᠴᠠᠭ᠎ᠠ ᠲᠤᠰᠬᠤᠨ ᠤ ᠮᠠᠯᠴᠢᠨ ᠲᠠᠷᠢᠶᠠᠴᠢᠳ ᠴᠦ ᠯᠦ ᠵᠢᠶᠠ ︵鲁家︶ ᠳᠤ ᠮᠠᠶᠢᠮᠠᠢ ᠬᠢᠬᠦ ᠪᠠᠷ | ᠤᠴᠢᠶ᠎ᠠ ᠭᠡᠵᠦ ᠮᠠᠨ ᠤ ᠠᠶᠢᠯ ᠢ ᠵᠤᠷᠢᠭᠠᠳ ᠢᠷᠡᠳᠡᠭ ᠪᠠᠶᠢᠪᠠ᠃ ᠬᠤᠵᠢᠮ ᠨᠢ ᠡᠨᠡ ᠬᠦ ᠲᠠᠭᠤᠳᠠᠯᠭ᠎ᠠ ᠨᠢ | ᠠᠭᠠᠵᠢᠮ ᠳᠠᠭᠠᠨ ᠮᠠᠨ ᠤ ᠠᠶᠢᠯ ᠤᠨ ᠨᠡᠷ᠎ᠠ ᠪᠤᠯᠵᠦ᠂ ︽ᠯᠦ ᠵᠢᠶᠠ︾ ᠨᠢ ᠠᠮᠠ ᠲᠠᠮᠵᠢᠨ ᠬᠤᠪᠢᠷᠠᠬᠰᠠᠭᠠᠷ ᠪᠠᠶᠢᠵᠦ | ︽ᠯᠦᠵᠢᠶ᠋ᠸ︾ ᠭᠡᠵᠦ ᠲᠠᠭᠤᠳᠠᠬᠤ ᠪᠤᠯᠤᠬᠰᠠᠨ ᠰᠢᠦ ᠭᠡᠵᠦ ᠯᠦᠵᠢᠶ᠋ᠸ ᠭᠠᠴᠠᠭ᠎ᠠ ᠶᠢᠨ ᠨᠠᠮ ᠤᠨ ᠡᠬᠦᠷ ᠤᠨ ᠱᠦᠵᠢ | ᠤᠯᠠᠭᠠᠨᠳᠤᠶᠠᠭ᠎ᠠ ᠠᠴᠠ ᠲᠠᠨᠢᠯᠴᠠᠭᠤᠯᠪᠠ᠃ | ᠤᠳᠤᠬᠠᠨ ᠳᠤ᠂ ᠯᠦᠵᠢᠶᠧ ᠭᠠᠴᠠᠭ᠎ᠠ ᠳᠤ ᠪᠤᠤ᠂ ᠪᠠᠢ᠂ ᠬᠤᠸᠠᠩ᠂ ᠲᠦᠡᠭ᠂ ᠹᠦ᠋ ᠵᠡᠷᠭᠡ ᠤᠪᠤᠬ ᠲᠠᠢ | ᠬᠦᠮᠦᠨ ᠤᠯᠠᠨ᠂ ᠭᠡᠪᠡᠴᠦ ᠲᠤᠬᠠᠢ ᠶᠢᠨ ᠦᠶ᠎ᠠ ᠶᠢᠨ ᠬᠤᠯᠠ ᠤᠢᠢᠷ᠎ᠠ ᠳᠠᠭᠠᠨ ᠨᠡᠷ᠎ᠠ ᠠᠯᠳᠠᠷᠳᠠᠢ ᠮᠠᠶᠢᠮᠠᠶᠢᠴᠢᠨ ᠤ | ᠬᠤᠶᠢᠴᠢ ᠦᠶ᠎ᠠ ᠪᠤᠯᠬᠤ ᠯᠦ ᠤᠪᠤᠭ ᠲᠠᠢ ᠬᠦᠮᠦᠨ ᠨᠢᠭᠡ ᠴᠦ ᠦᠭᠡᠢ ᠪᠤᠯᠤᠬᠰᠠᠨ ᠨᠢ ᠭᠠᠶᠢᠬᠠᠯᠳᠠᠢ᠃ ︽ᠯᠦᠵᠢᠶ᠋ᠸ︾ | ᠶᠢᠨ ᠲᠤᠬᠠᠢ ᠤᠯᠠᠮ ᠨᠢᠭᠡ ᠠᠯᠬᠤᠮ ᠤᠢᠢᠯᠠᠭᠠᠬᠤ ᠶᠢᠨ ᠲᠦᠯᠦᠭᠡ ᠰᠤᠷᠪᠤᠯᠵᠢᠯᠠᠬᠴᠢ ᠠᠶᠢᠯ ᠡᠷᠦᠭᠡ ᠪᠠᠷ | ᠬᠦᠨᠵᠡᠭᠡᠶᠢᠷᠡᠨ ᠤᠯᠠᠨ ᠬᠦᠮᠦᠨ ᠲᠠᠢ ᠬᠠᠷᠢᠯᠴᠠᠪᠠ᠃ ᠯᠦᠵᠢᠶᠧ ᠭᠠᠴᠠᠭ᠎ᠠ ᠶᠢᠨ ᠵᠤᠤ ᠮᠢᠩ ᠷᠦᠡᠭ ᠨᠠᠰᠤᠳᠠᠨ ᠤ | ᠡᠷᠬᠢᠴᠡᠬᠦᠯᠬᠦ ᠪᠠᠷ᠂ ᠯᠦ ᠤᠪᠤᠬᠳᠦ ᠶᠢᠨ ᠬᠤᠳᠠᠯᠳᠤᠭ᠎ᠠ ᠮᠠᠶᠢᠮᠠᠢ ᠨᠢᠭᠡ ᠦᠶ᠎ᠠ ᠬᠦᠷ ᠬᠦᠭᠵᠢᠶᠠᠨ ᠲᠠᠢ ᠪᠠᠶᠢᠵᠦ᠂ | ᠬᠤᠯᠠ ᠤᠢᠢᠷ᠎ᠠ ᠶᠢᠨ ᠬᠦᠮᠦᠰ ᠤᠨ ᠠᠩᠬᠠᠷᠤᠯ ᠢ ᠲᠠᠳᠠᠵᠦ ᠪᠠᠶᠢᠬᠰᠠᠨ ᠪᠤᠯᠪᠠᠴᠦ ᠮᠠᠶᠢᠮᠠᠶᠢᠴᠢᠨ ᠤᠯᠠᠰᠢᠷᠠᠬᠤ᠂ ᠵᠠᠮ | ᠬᠠᠷᠢᠯᠴᠠᠭ᠎ᠠ ᠰᠠᠶᠢᠵᠢᠷᠠᠬᠤ ᠵᠡᠷᠭᠡ ᠤᠯᠠᠨ ᠵᠦᠢᠯ ᠤᠨ ᠰᠢᠯᠳᠠᠭᠠᠨ ᠠᠴᠠ ᠪᠤᠯᠵᠦ ᠬᠤᠳᠠᠯᠳᠤᠭ᠎ᠠ ᠮᠠᠶᠢᠮᠠᠢ ᠨᠢ | ᠲᠤᠷᠦ᠋ᠢᠳᠠᠵᠦ ᠡᠬᠢᠯᠡᠵᠠᠢ᠃ ᠯᠦ ᠤᠪᠤᠬᠳᠦ ᠰᠢᠨ᠎ᠠ ᠭᠠᠷᠬᠤ ᠵᠠᠮ ᠡᠷᠢᠯᠬᠢᠯᠡᠬᠦ ᠶᠢᠨ ᠲᠦᠯᠦᠭᠡ ᠪᠦᠬᠦ ᠭᠡᠷ ᠢᠶᠠᠷ ᠢᠶᠠᠨ | ᠯᠦᠵᠢᠶ᠋ᠸ ᠭᠠᠴᠠᠭ᠎ᠠ ᠠᠴᠠ ᠨᠡᠬᠦᠵᠦ ᠶᠠᠪᠤᠬᠰᠠᠨ ᠪᠠᠶᠢᠨ᠎ᠠ᠃ | ᠤᠯᠠᠭᠠᠨᠳᠤᠶᠠᠭ᠎ᠠ᠂ ᠵᠤᠤ ᠮᠢᠩ ᠷᠦᠡᠭ ᠨᠠᠰᠤᠳᠠᠨ ᠪᠤᠯᠤᠨ ᠯᠦᠵᠢᠶ᠋ᠸ ᠭᠠᠴᠠᠭ᠎ᠠ ᠶᠢᠨ ᠲᠠᠷᠤᠭ᠎ᠠ ᠰᠠᠶᠢᠨᠪᠠᠶᠠᠷ | ᠵᠢᠴᠢ ᠯᠦᠵᠢᠶ᠋ᠸ ᠭᠠᠴᠠᠭ᠎ᠠ ᠶᠢᠨ ᠤᠯᠠᠩᠬᠢ ᠬᠦᠮᠦᠨ ᠴᠦᠮ ︽ᠯᠦᠵᠢᠶ᠋ᠸ︾ ᠨᠢ ᠬᠦᠮᠦᠨ ᠤ ᠤᠪᠤᠭ ᠠᠴᠠ ᠬᠤᠪᠢᠷᠠᠵᠦ | ᠢᠷᠡᠵᠠᠢ ᠭᠡᠵᠦ ᠦᠵᠡᠳᠡᠭ᠃ ᠭᠡᠪᠡᠴᠦ ᠯᠦᠵᠢᠶ᠋ᠸ ᠭᠠᠴᠠᠭ᠎ᠠ ᠶᠢᠨ ᠨᠡᠷ᠎ᠠ ᠶᠢᠨ ᠢᠷᠡᠯᠳᠠ ᠶᠢᠨ ᠲᠤᠬᠠᠢ ᠡᠷᠡᠰ ᠤᠨᠳᠤᠤ | ᠦᠵᠡᠯᠳᠠ ᠲᠠᠢ ᠨᠢᠭᠡ ᠪᠦᠯᠦᠭ ᠬᠦᠮᠦᠰ ᠪᠠᠶᠢᠳᠠᠭ᠃ | ᠊᠊᠊᠊᠊᠊ ᠮᠢᠨᠤ ᠠᠪᠤ ᠪᠤᠯ ᠯᠦᠵᠢᠶᠧ ᠭᠠᠴᠠᠭ᠎ᠠ ᠳᠤ ᠲᠦᠷᠦᠵᠦ ᠦᠰᠦᠭᠰᠡᠨ ᠬᠦᠮᠦᠨ᠂ ᠲᠡᠬᠦᠨ ᠤ ᠪᠠᠭ᠎ᠠ ᠶᠢᠨ | ᠦᠶ᠎ᠠ ᠳᠤ ᠴᠦ ︽ᠯᠦᠵᠢᠶᠧ︾ ᠭᠡᠬᠦ ᠨᠡᠷ᠎ᠠ ᠶᠢ ᠭᠡᠷᠡᠭᠯᠡᠵᠦ ᠪᠠᠶᠢᠵᠠᠢ᠃ ᠪᠠᠷᠤᠬᠴᠠᠭᠠᠯᠠᠵᠦ ᠪᠤᠳᠤᠪᠠᠯ᠂ ᠡᠨᠡ ᠨᠡᠷ᠎ᠠ ᠶᠢ | ᠭᠡᠷᠡᠭᠯᠡᠭᠡᠳ ᠠᠳᠠᠭ ᠲᠠᠭᠠᠨ ᠵᠠᠭᠤ ᠢᠯᠡᠬᠦᠦ ᠵᠢᠯ ᠪᠤᠯᠵᠦ ᠪᠠᠶᠢᠨ᠎ᠠ᠃ ᠯᠦᠵᠢᠶ᠋ᠸ ᠭᠠᠴᠠᠭ᠎ᠠ ᠶᠢᠨ ᠨᠠᠰᠤᠳᠠᠶᠢᠴᠤᠳ ᠤᠨ | ᠪᠠᠭ᠎ᠠ ᠶᠢᠨ ᠦᠶ᠎ᠠ ᠳᠤ᠂ ᠨᠡᠩ ᠴᠢᠨᠠᠬᠰᠢᠳᠠ ᠲᠡᠳᠡᠨᠤᠰ ᠤᠨ ᠲᠡᠭᠡᠷ᠎ᠠ ᠨᠢᠭᠡ ᠦᠶ᠎ᠠ ᠶᠢᠨ ᠬᠦᠮᠦᠰ ᠴᠦ ᠡᠨᠡ ᠨᠡᠷ᠎ᠠ ᠶᠢ | ᠭᠡᠷᠡᠭᠯᠡᠵᠦ ᠪᠠᠶᠢᠵᠠᠢ᠃ ᠡᠶᠢᠮᠦ ᠠᠴᠠ ᠭᠠᠵᠠᠷ ᠰᠢᠷᠤᠢ ᠶᠢᠨ ᠦᠭᠡᠷᠡᠴᠢᠯᠡᠯᠳᠠ ᠠᠴᠠ ᠡᠮᠦᠨ᠎ᠠ ︽ᠯᠦᠵᠢᠶᠧ︾ ᠭᠡᠬᠦ | ᠨᠡᠷ᠎ᠠ ᠶᠢ ᠡᠬᠢᠯᠡᠵᠦ ᠭᠡᠷᠡᠭᠯᠡᠭᠰᠡᠨ ᠭᠡᠬᠦ ᠭᠡᠯᠡᠯᠭᠡ ᠨᠢ ᠤᠨᠤᠪᠴᠢ ᠦᠭᠡᠢ᠃ ᠠᠪᠤ ᠶᠢᠨ ᠭᠡᠯᠡᠬᠦ ᠪᠠᠷ᠂ ᠪᠠᠭ᠎ᠠ ᠶᠢᠨ | ᠦᠶ᠎ᠠ ᠳᠤᠨᠢ ᠪᠦᠬᠦ ᠠᠶᠢᠯ ᠢᠶᠠᠷ ᠢᠶᠠᠨ ᠨᠡᠶᠢᠯᠡᠭᠡᠳ ᠰᠠᠶ᠋ᠢ ᠭᠡᠳᠦᠭᠡᠨ ᠡᠷᠦᠭᠡ ᠲᠠᠢ᠂ ᠡᠬᠦᠨ ᠳᠤ ᠯᠦ ᠤᠪᠤᠭ ᠲᠠᠢ | ᠬᠢᠳᠠᠳ ᠬᠦᠮᠦᠨ ᠪᠠᠶᠢᠬᠰᠠᠨ ᠦᠭᠡᠢ᠃ ᠯᠦᠵᠢᠶ᠋ᠸ ᠭᠠᠴᠠᠭ᠎ᠠ ᠤᠭ ᠲᠠᠭᠠᠨ ︽ᠮᠤᠳᠤᠨ ᠵᠢᠷᠭᠤᠭᠠᠨ ᠨᠤᠳᠤᠭ︾ | ᠭᠡᠰᠡᠨ ᠨᠡᠷ᠎ᠠ ᠲᠠᠢ ᠪᠠᠶᠢᠪᠠ᠂ ᠡᠳᠡᠭᠡᠷ ᠢ ᠵᠦᠪᠭᠡᠨ ᠤᠭ ᠰᠠᠭᠤᠭᠠᠯᠢ ᠠᠷᠠᠳ ᠨᠢ ᠰᠠᠶ᠋ᠢ ᠮᠡᠳᠡᠵᠦ ᠲᠡᠶᠢᠯᠦᠨ᠎ᠠ ᠭᠡᠵᠦ | ᠪᠠᠶᠠᠨᠮᠠᠩᠬ᠎ᠠ ᠰᠤᠮᠤ ᠶᠢᠨ ᠤᠤᠯ ᠤᠨ ᠲᠡᠳ᠋ ᠰᠤᠮᠤᠨ ᠲᠠᠷᠤᠭ᠎ᠠ ᠭᠠᠳᠠ ᠨᠠᠰᠤᠳᠠᠨ ᠠᠴᠠ ᠲᠠᠨᠢᠯᠴᠠᠭᠤᠯᠵᠠᠢ᠃ ᠭᠠᠳᠠ | ᠨᠠᠰᠤᠳᠠᠨ ᠤ ᠪᠠᠷᠤᠬᠴᠠᠭᠠᠯᠠᠬᠤ ᠪᠠᠷ᠂ ᠮᠠᠨᠵᠦ ᠴᠢᠩ ᠤᠨ ᠦᠶ᠎ᠠ ᠠᠴᠠ ︽ᠯᠦᠵᠢᠶᠧ︾ ᠭᠡᠬᠦ ᠨᠡᠷ᠎ᠠ ᠶᠢ ᠡᠬᠢᠯᠡᠵᠦ | ᠭᠡᠷᠡᠭᠯᠡᠵᠠᠢ᠃ ᠲᠡᠷᠡ ᠦᠶ᠎ᠠ ᠳᠤ ᠮᠤᠩᠭᠤᠯ ᠤᠷᠤᠨ ᠳᠤ ᠬᠤᠰᠢᠭᠤ ᠨᠤᠳᠤᠭ ᠬᠤᠪᠢᠶᠠᠨ ᠮᠤᠩᠭᠤᠯᠴᠤᠳ ᠢ | ᠲᠤᠬᠳᠠᠬᠰᠠᠨ ᠭᠠᠵᠠᠷ ᠨᠤᠳᠤᠬᠰᠢᠨ ᠰᠠᠭᠤᠯᠭᠠᠪᠠ᠃ ᠡᠬᠦᠨ ᠠᠴᠠ ᠪᠤᠯᠵᠦ ᠮᠤᠩᠭᠤᠯᠴᠤᠳ ᠬᠤᠭᠤᠷᠤᠨᠳᠦ ᠪᠠᠨ | ᠲᠠᠨᠢᠯᠴᠠᠬᠤ ᠳᠠᠭᠠᠨ ᠨᠤᠳᠤᠭ ᠤᠰᠤ ᠪᠠᠨ ᠮᠡᠳᠡᠯᠴᠡᠵᠦ ᠲᠠᠨᠢᠯᠴᠠᠬᠤ ᠪᠤᠯᠵᠦ᠂ ᠭᠡᠨ ᠨᠢ ᠠᠯᠢ ᠨᠤᠳᠤᠭ ᠤᠨ ᠬᠦᠮᠦᠨ | ᠭᠡᠵᠦ ᠭᠡᠯᠡᠬᠦ ᠪᠤᠯᠵᠠᠢ᠃ ︽ᠮᠤᠳᠤᠨ ᠵᠢᠷᠭᠤᠭᠠᠨ ᠨᠤᠳᠤᠭ︾ ᠭᠡᠬᠦ ᠨᠡᠷ᠎ᠠ ᠢᠡᠭᠬᠢᠵᠦ ᠡᠬᠦᠰᠦᠭᠰᠡᠨ ᠪᠤᠯᠤᠯᠴᠠᠭ᠎ᠠ ᠲᠠᠢ᠃ | ᠮᠠᠨᠵᠦ ᠴᠢᠩ ᠤᠨ ᠦᠶ᠎ᠠ ᠳᠤ ᠪᠦᠬᠦ ᠤᠯᠤᠰ ᠤᠨ ᠭᠡᠪᠴᠢᠶᠠᠨ ᠳᠡᠭᠡᠨ ᠬᠢᠳᠠᠳ ᠦᠰᠦᠭ ᠪᠢᠴᠢᠭ ᠢ ᠨᠡᠶᠢᠳᠡᠮ ᠤᠨ | ᠴᠢᠨᠠᠷᠳᠠᠢ ᠭᠡᠷᠡᠭᠯᠡᠵᠦ ᠪᠠᠶᠢᠵᠠᠢ᠂ ᠭᠠᠵᠠᠷ ᠤᠨ ᠵᠢᠷᠤᠭ ᠲᠡᠭᠡᠷ᠎ᠠ ᠴᠦ ᠬᠢᠳᠠᠳ ᠢᠶᠠᠷ ᠲᠡᠮᠳᠡᠭᠯᠡᠭᠰᠡᠨ ᠨᠢ ᠤᠯᠠᠨ᠃ | ᠭᠠᠵᠠᠷ ᠤᠨ ᠨᠡᠷ᠎ᠠ ᠶᠢ ᠪᠦᠷᠢᠳᠭᠡᠨ ᠲᠡᠮᠳᠡᠭᠯᠡᠬᠦ ᠳᠡᠭᠡᠨ ︽ᠮᠤᠳᠤᠨ ᠵᠢᠷᠭᠤᠭᠠᠨ ᠨᠤᠳᠤᠭ︾ ᠭᠡᠰᠡᠨ ᠨᠡᠷ᠎ᠠ ᠶᠢ | ᠬᠢᠳᠠᠳ ᠢᠶᠠᠷ ︽六家︾ ᠭᠡᠵᠦ ᠤᠷᠴᠢᠭᠤᠯᠤᠨ ᠪᠢᠴᠢᠵᠠᠢ᠃ ᠮᠤᠩᠭᠤᠯᠴᠤᠳ ᠴᠦ ᠰᠢᠭᠤᠳ ︽六家︾ | ᠭᠡᠵᠦ ᠲᠠᠭᠤᠳᠠᠬᠰᠠᠭᠠᠷ ᠪᠠᠶᠢᠵᠦ᠂ ᠤᠨ ᠵᠢᠯ ᠤᠨ ᠤᠳᠠᠭᠠᠨ ᠳᠤ ᠬᠤᠪᠢᠷᠠᠭᠠᠳ ︽ᠯᠦᠵᠢᠶ᠋ᠸ︾ ᠭᠡᠵᠦ ᠲᠠᠭᠤᠳᠠᠬᠤ | ᠪᠤᠯᠵᠠᠢ᠃ | ᠮᠤᠩᠭᠤᠯ ᠭᠠᠵᠠᠷ ᠢ ᠬᠦᠮᠦᠨ ᠪᠦᠬᠦᠳᠠ ᠭᠠᠵᠠᠷ ᠡᠯᠳᠡᠩ ᠬᠦᠮᠦᠨ ᠴᠦᠭᠡᠨ ᠭᠡᠳᠡᠭ᠂ ᠡᠷᠳᠡᠨ ᠳᠡᠭᠡᠨ ᠨᠡᠩ ᠴᠦ | ᠬᠦᠮᠦᠨ ᠴᠦᠭᠡᠨ ᠪᠠᠶᠢᠬᠰᠠᠨ ᠨᠢ ᠭᠠᠷᠴᠠᠭ᠎ᠠ ᠦᠭᠡᠢ᠃ ᠠᠷᠠᠯᠵᠢᠶ᠎ᠠ ᠮᠠᠶᠢᠮᠠᠢ ᠬᠢᠳᠡᠭ ᠬᠦᠮᠦᠰ ᠴᠦᠮ ᠬᠦᠮᠦᠨ ᠠᠮᠠ | ᠲᠦᠪᠯᠡᠷᠡᠨ ᠰᠠᠭᠤᠬᠰᠠᠨ ᠭᠠᠵᠠᠷ ᠢ ᠰᠤᠩᠭᠤᠳᠠᠭ᠃ ᠡᠶᠢᠮᠦ ᠠᠴᠠ ᠯᠦᠵᠢᠶ᠋ᠸ ᠭᠠᠴᠠᠭ᠎ᠠ ᠳᠤ ᠮᠠᠶᠢᠮᠠᠶᠢᠴᠢᠨ ᠰᠠᠭᠤᠵᠦ | ᠪᠠᠶᠢᠬᠰᠠᠨ ᠭᠡᠯᠡᠯᠭᠡ ᠨᠢ ᠢᠳᠡᠭᠡᠬᠦᠯᠬᠦ ᠬᠦᠴᠦᠨ ᠢᠶᠠᠷ ᠠᠨᠠᠢ᠃ ᠤᠤᠯ ᠳᠠᠭᠠᠨ ᠬᠤᠷᠴᠢᠨ ᠵᠡᠬᠦᠨ ᠭᠠᠷᠤᠨ ᠬᠤᠶᠢᠳᠦ | ᠬᠤᠰᠢᠭᠤ ᠶᠢ ᠡᠮᠦᠨ᠎ᠠ ᠮᠠᠩᠬ᠎ᠠ ᠭᠡᠵᠦ ᠨᠡᠷᠡᠶᠢᠳᠦᠭᠡᠳ ᠯᠦᠵᠢᠶ᠋ᠸ ᠭᠠᠴᠠᠭ᠎ᠠ ᠶᠢᠨ ᠡᠷᠬᠢᠨ ᠲᠤᠭᠤᠷᠢᠨ ᠤ ᠶᠡᠭᠡ ᠭᠡᠰᠡᠭ | ᠭᠠᠵᠠᠷ ᠢ ᠠᠷᠤ ᠮᠠᠩᠬ᠎ᠠ ᠭᠡᠵᠦ ᠲᠠᠭᠤᠳᠠᠵᠦ ᠪᠠᠶᠢᠪᠠ᠃ ᠠᠷᠤ ᠮᠠᠩᠬ᠎ᠠ ᠭᠡᠵᠦ ᠤᠢᠢᠷ᠎ᠠ ᠬᠠᠪᠢ ᠶᠢᠨ ᠪᠤᠰᠤᠳ | ᠭᠠᠵᠠᠷ ᠠᠴᠠ ᠴᠦ ᠬᠦᠮᠦᠨ ᠴᠦᠭᠡᠨ ᠲᠤᠯᠠ ︽ᠠᠷᠠᠤ ᠲᠠᠷᠠᠤ ᠠᠷᠤ ᠮᠠᠩᠬ᠎ᠠ︾ ᠭᠡᠵᠦ ᠮᠠᠯᠴᠢᠳ ᠲᠦᠷᠰᠦᠯᠢᠭ ᠢᠶᠠᠷ | ᠶᠠᠷᠢᠵᠦ ᠪᠠᠶᠢᠬᠰᠠᠨ ᠭᠡᠳᠡᠭ᠃ | ᠨᠤᠮᠢᠨᠳᠠᠯᠠᠢ ᠪᠤᠯ ᠯᠦᠵᠢᠶ᠋ᠸ ᠭᠠᠴᠠᠭ᠎ᠠ ᠪᠠᠷ ᠨᠤᠳᠤᠭ ᠲᠠᠢ ᠨᠡᠷ᠎ᠠ ᠬᠦᠨᠳᠦ ᠲᠠᠢ ᠯᠠᠮᠠ ᠪᠤᠯᠤᠨ᠎ᠠ᠂ ᠠᠮᠢᠳᠤ | ᠰᠡᠷᠡᠬᠦᠨ ᠪᠠᠶᠢᠬᠰᠠᠨ ᠪᠤᠯ ᠵᠠᠭᠤ ᠠᠷᠪᠠᠨ ᠨᠠᠰᠤ ᠶᠢ ᠲᠠᠪᠠᠵᠠᠢ᠃ ᠬᠤᠷᠢᠭᠠᠳ ᠵᠢᠯ ᠤᠨ ᠡᠮᠦᠨ᠎ᠠ ᠯᠦᠵᠢᠶ᠋ᠸ | ᠭᠠᠴᠠᠭ᠎ᠠ ᠶᠢᠨ ᠤᠢᠢᠷ᠎ᠠ ᠬᠠᠪᠢ ᠶᠢᠨ ᠬᠦᠮᠦᠰ ᠤᠯᠠᠭᠠᠨ ᠴᠠᠭᠠᠨ ᠤ ᠡᠳᠦᠷ ᠦᠵᠡᠬᠦᠯᠵᠦ᠂ ᠨᠤᠮ ᠤᠡᠭᠰᠢᠭᠤᠯᠬᠤ | ᠶᠠᠪᠤᠳᠠᠯ ᠳᠤ ᠴᠦᠮ ᠨᠤᠮᠢᠨᠳᠠᠯᠠᠢ ᠶᠢ ᠡᠷᠢᠵᠦ ᠤᠴᠢᠳᠠᠭ ᠠᠵᠢ᠃ ︽ᠨᠤᠮᠢᠨᠳᠠᠯᠠᠢ ᠮᠠᠮᠠ ᠪᠤᠯ ᠡᠷᠳᠡᠮ ᠮᠡᠳᠡᠯᠭᠡ | ᠪᠦᠷᠢᠳᠦᠭᠰᠡᠨ ᠶᠡᠭᠡ ᠪᠠᠭᠰᠢ᠂ ᠪᠢ ᠪᠠᠶᠠᠨᠮᠠᠩᠬ᠎ᠠ ᠪᠠᠯᠭᠠᠰᠤ ᠶᠢᠨ ᠵᠠᠰᠠᠭ ᠤᠨ ᠤᠷᠳᠤᠨ ᠳᠤ ᠠᠵᠢᠯᠯᠠᠵᠦ ᠪᠠᠶᠢᠬᠤ ᠳᠠᠭᠠᠨ | ᠠᠵᠢᠯ ᠤᠨ ᠶᠠᠪᠤᠳᠠᠯ ᠠᠴᠠ ᠪᠤᠯᠵᠦ ᠨᠢᠭᠡ ᠤᠳᠠᠭ᠎ᠠ ᠲᠤᠰᠬᠠᠢᠢᠯᠡᠨ ᠲᠡᠬᠦᠨ ᠠᠴᠠ ᠯᠦᠵᠢᠶ᠋ᠸ ᠭᠠᠴᠠᠭ᠎ᠠ ᠶᠢᠨ ᠨᠡᠷ᠎ᠠ ᠶᠢᠨ | ᠢᠷᠡᠯᠳᠠ ᠶᠢᠨ ᠲᠤᠬᠠᠢ ᠠᠰᠠᠭᠤᠵᠦ ᠦᠡᠭᠭᠡᠷᠡᠵᠠᠢ᠃ ᠲᠡᠬᠦᠨ ᠤ ᠪᠠᠭ᠎ᠠ ᠶᠢᠨ ᠦᠶ᠎ᠠ ᠳᠤ ︿ᠯᠦᠵᠢᠶ᠋ᠸ﹀ ᠭᠡᠬᠦ ᠨᠡᠷ᠎ᠠ ᠶᠢ | ᠭᠡᠷᠡᠭᠯᠡᠵᠦ ᠪᠠᠶᠢᠬᠰᠠᠨ ᠪᠤᠯᠪᠠᠴᠦ ᠯᠦ ᠤᠪᠤᠭ ᠲᠠᠢ ᠮᠠᠶᠢᠮᠠᠶᠢᠴᠢᠨ ᠪᠠᠶᠢᠬᠰᠠᠨ ᠦᠭᠡᠢ᠂ ᠪᠦᠬᠦ ᠠᠶᠢᠯ ᠳᠤᠨᠢ ᠲᠦᠷᠪᠡᠭᠡᠨ | ᠡᠷᠦᠭᠡ ᠲᠠᠢ ᠪᠠᠶᠢᠵᠠᠢ᠃ ᠲᠡᠬᠦᠨ ᠤ ᠭᠡᠯᠡᠬᠦ ᠪᠠᠷ᠂ ᠯᠦ ᠤᠪᠤᠭ ᠲᠠᠢ ᠮᠠᠶᠢᠮᠠᠶᠢᠴᠢᠨ ᠢᠷᠡᠵᠦ ᠰᠠᠭᠤᠵᠠᠢ ᠭᠡᠳᠡᠭ ᠭᠡᠯᠡᠯᠭᠡ | ᠪᠤᠯ ᠪᠤᠷᠤᠭᠤ᠂ ᠤᠴᠢᠷ ᠨᠢ ᠡᠷᠳᠡᠨ ᠳᠡᠭᠡᠨ ᠮᠠᠨ ᠤ ᠡ᠊ᠨᠳᠠ ᠬᠦᠮᠦᠨ ᠮᠠᠰᠢ ᠴᠦᠭᠡᠨ᠂ ᠨᠢᠭᠡ ᠡᠷᠦᠭᠡ ᠨᠢᠭᠡ ᠮᠠᠩᠬᠠᠨ | ᠬᠤᠳᠤᠭᠤᠷ ᠢ ᠡᠵᠡᠯᠡᠵᠦ ᠰᠠᠭᠤᠳᠠᠭ᠃ ᠨᠢᠭᠡ ᠡᠷᠦᠭᠡ ᠠᠴᠠ ᠨᠦᠬᠦᠭᠡ ᠡᠷᠦᠭᠡ ᠶᠢᠨ ᠬᠤᠯᠠᠩ ᠤᠨ ᠤᠳᠤᠭ᠎ᠠ ᠶᠢ | ᠤᠯᠵᠦ ᠦᠵᠡᠬᠦ ᠠᠴᠠ ᠪᠢᠰᠢ ᠭᠡᠷ ᠢ ᠨᠢ ᠤᠯᠵᠦ ᠬᠠᠷᠠᠬᠤ ᠦᠭᠡᠢ᠃ ᠡᠶᠢᠮᠦ ᠭᠠᠵᠠᠷ ᠮᠠᠶᠢᠮᠠᠶᠢᠴᠢᠨ ᠢᠷᠡᠭᠡᠳ ᠬᠦᠯ | ᠲᠤᠬᠳᠠᠵᠦ ᠲᠡᠶᠢᠯᠬᠦ ᠦᠭᠡᠢ᠂ ᠡᠨᠡ ᠠᠶᠢᠯ ᠤᠨ ᠵᠠᠭᠤᠨ ᠤ ᠶᠡᠷᠡᠨ ᠭᠡᠳᠦ ᠶᠢᠨ ᠬᠦᠮᠦᠨ ᠨᠢ ᠭᠠᠳᠠᠨ᠎ᠠ ᠤᠷᠤᠨ ᠠᠴᠠ | ᠨᠡᠬᠦᠵᠦ ᠢᠷᠡᠵᠠᠢ᠂ ᠡᠶᠢᠮᠦ ᠠᠴᠠ ᠲᠤᠬᠠᠢ ᠶᠢᠨ ᠭᠠᠵᠠᠷ ᠤᠨ ᠬᠦᠮᠦᠰ ᠤᠨ ᠲᠤᠮᠳᠠ ᠯᠦᠵᠢᠶ᠋ᠸ ᠭᠠᠴᠠᠭ᠎ᠠ ᠶᠢᠨ | ᠨᠡᠷ᠎ᠠ ᠶᠢᠨ ᠢᠷᠡᠯᠳᠠ ᠶᠢ ᠨᠢ ᠮᠡᠳᠡᠬᠦ ᠬᠦᠮᠦᠨ ᠮᠠᠰᠢ ᠴᠦᠭᠡᠨ︾ ᠭᠡᠵᠦ ᠭᠠᠳᠠ ᠨᠠᠰᠤᠳᠠᠨ ᠶᠠᠷᠢᠵᠦ ᠦᠭᠭᠦᠭᠰᠡᠨ ᠭᠡᠳᠡᠭ | ᠃ | ᠵᠠᠷᠤᠳ ᠬᠤᠰᠢᠭᠤᠨ ᠳᠤ ᠪᠠᠰᠠ ᠬᠤᠸᠠ ᠵᠢᠶᠧ ᠭᠠᠴᠠᠭ᠎ᠠ᠂ ᠬᠤ᠋ ᠵᠢᠶᠧ ᠭᠠᠴᠠᠭ᠎ᠠ ᠭᠡᠳᠡᠭ ᠬᠤᠶᠠᠷ ᠭᠠᠴᠠᠭ᠎ᠠ | ᠪᠠᠶᠢᠳᠠᠭ᠃ ᠵᠠᠷᠤᠳ ᠬᠤᠰᠢᠭᠤᠨ ᠤ ᠲᠡᠦᠭᠡ ᠶᠢᠨ ᠪᠢᠴᠢᠭ ᠮᠠᠲ᠋ᠧᠷᠢᠶᠠᠯ ᠳᠤ ᠲᠡᠮᠳᠡᠭᠯᠡᠭᠰᠡᠨ ᠢ ᠦᠨᠳᠦᠰᠦᠯᠡᠪᠡᠯ᠂ | ᠢᠷᠭᠡᠨ ᠤᠯᠤᠰ ᠤᠨ ᠡᠬᠢᠨ ᠳᠤ ᠬᠤᠸᠠ ᠤᠪᠤᠭ ᠲᠠᠢ ᠬᠦᠮᠦᠨ ᠤᠳᠤ ᠶᠢᠨ ᠬᠢᠨᠭ᠍ᠭᠠᠨ ᠠᠶᠢᠮᠠᠭ ᠤᠨ ᠲᠦᠴᠢᠤᠸᠠᠨ | ᠰᠢᠶᠠᠨ ᠠᠴᠠ ᠡ᠊ᠨᠳᠠ ᠢᠷᠡᠵᠦ ᠨᠤᠳᠤᠬᠰᠢᠭᠠᠳ ᠡᠨᠡ ᠭᠠᠵᠠᠷ ︽ᠬᠤᠸᠠ ᠵᠢᠶᠧ︾ ᠭᠡᠳᠡᠭ ᠨᠡᠷ᠎ᠠ ᠲᠠᠢ ᠪᠤᠯᠤᠬᠰᠠᠨ | ᠪᠠᠶᠢᠨ᠎ᠠ᠃ ᠬᠤ᠋ ᠵᠢᠶᠧ ᠭᠠᠴᠠᠭ᠎ᠠ ᠳᠤ ᠬᠠᠮᠤᠭ ᠠᠩᠬᠠᠨ ᠳᠠᠭᠠᠨ ᠤᠳᠤ ᠶᠢᠨ ᠬᠢᠨᠭ᠍ᠭᠠᠨ ᠠᠶᠢᠮᠠᠭ ᠤᠨ ᠬᠤᠷᠴᠢᠨ | ᠪᠠᠷᠠᠭᠤᠨ ᠭᠠᠷᠤᠨ ᠲᠤᠮᠳᠠᠳᠦ ᠬᠤᠰᠢᠭᠤ ᠠᠴᠠ ᠬᠤ᠋ ᠤᠪᠤᠭ ᠲᠠᠢ ᠬᠦᠮᠦᠨ ᠨᠡᠬᠦᠨ ᠢᠷᠡᠵᠦ ᠰᠠᠭᠤᠬᠰᠠᠨ ᠠᠴᠠ ︽ | ᠬᠤ᠋ ᠵᠢᠶᠧ︾ ᠭᠡᠬᠦ ᠨᠡᠷ᠎ᠠ ᠡᠬᠦᠰᠦᠭᠰᠡᠨ ᠪᠠᠶᠢᠨ᠎ᠠ᠃ ᠡᠨᠡ ᠬᠤᠶᠠᠷ ᠭᠠᠴᠠᠭ᠎ᠠ ᠶᠢᠨ ᠨᠡᠷ᠎ᠠ ᠯᠦᠵᠢᠶ᠋ᠸ ᠭᠠᠴᠠᠭ᠎ᠠ ᠶᠢᠨ | ᠨᠡᠷ᠎ᠠ ᠲᠠᠢ ᠲᠦᠰᠤᠭᠡᠳᠠᠢ ᠪᠤᠯᠪᠠᠴᠦ ᠨᠡᠷ᠎ᠠ ᠶᠢᠨ ᠢᠷᠡᠯᠳᠠ ᠨᠢ ᠦᠰᠦᠳ ᠤᠨᠳᠤᠤ ᠪᠠᠶᠢᠨ᠎ᠠ᠃ | | | ᠊᠊᠊᠊᠊᠊ ᠪᠢ ᠰᠤᠶᠤᠯ ᠤᠨ ᠠᠵᠢᠯ ᠬᠢᠵᠦ ᠪᠠᠶᠢᠬᠰᠠᠨ ᠲᠤᠯᠠ ᠭᠠᠴᠠᠭ᠎ᠠ ᠳᠤᠰᠬᠤᠨ ᠤ ᠨᠡᠷ᠎ᠠ ᠶᠢᠨ ᠢᠷᠡᠯᠳᠠ ᠶᠢ | ᠠᠩᠬᠠᠷᠴᠤ ᠪᠠᠶᠢᠵᠠᠢ᠃ ᠤᠯᠠᠩᠬᠢ ᠬᠦᠮᠦᠨ ᠯᠦᠵᠢᠶ᠋ᠸ ᠭᠠᠴᠠᠭ᠎ᠠ ᠶᠢᠨ ᠨᠡᠷ᠎ᠠ ᠶᠢ ᠬᠦᠮᠦᠨ ᠤ ᠤᠪᠤᠭ ᠠᠴᠠ ᠢᠷᠡᠯᠳᠠᠢ | ᠭᠡᠳᠡᠭ᠃ ᠯᠦᠵᠢᠶᠧ ᠭᠠᠴᠠᠭ᠎ᠠ ᠪᠤᠯ ᠴᠤᠯ ᠮᠤᠩᠭᠤᠯ ᠭᠠᠴᠠᠭ᠎ᠠ᠂ ᠯᠦ ᠤᠪᠤᠭ ᠲᠠᠢ ᠮᠤᠩᠭᠤᠯ ᠬᠦᠮᠦᠨ ᠪᠠᠷᠤᠭ | ᠦᠭᠡᠢ᠃ ᠡᠶᠢᠮᠦ ᠠᠴᠠ ᠬᠦᠮᠦᠨ ᠤ ᠤᠪᠤᠭ ᠠᠴᠠ ᠢᠷᠡᠯᠳᠠᠢ ᠭᠡᠬᠦ ᠦᠵᠡᠯᠳᠠ ᠪᠤᠯ ᠪᠤᠷᠤᠭᠤ ᠪᠤᠯᠤᠨ᠎ᠠ᠂ ᠯᠦᠵᠢᠶ᠋ᠸ | ᠭᠠᠴᠠᠭ᠎ᠠ ᠬᠠᠮᠤᠭ ᠠᠩᠬᠠᠨ ᠳᠠᠭᠠᠨ ︽ᠮᠤᠳᠤᠨ ᠵᠢᠷᠭᠤᠭᠠᠨ ᠨᠤᠳᠤᠭ︾ ᠭᠡᠰᠡᠨ ᠨᠡᠷ᠎ᠠ ᠲᠠᠢ ᠭᠡᠵᠦ ᠰᠤᠨᠤᠰᠴᠠᠢ᠃ | ᠬᠤᠸᠠ ᠵᠢᠶ᠋ᠸ ᠭᠠᠴᠠᠭ᠎ᠠ ᠪᠤᠯᠤᠨ ᠬᠦ ᠵᠢᠶ᠋ᠸ ᠭᠠᠴᠠᠭ᠎ᠠ ᠶᠢᠨ ᠨᠡᠷ᠎ᠠ ᠶᠢᠨ ᠢᠷᠡᠯᠳᠠ ᠨᠢ ᠬᠦᠮᠦᠨ ᠤ ᠤᠪᠤᠭ ᠲᠠᠢ | ᠬᠤᠯᠪᠤᠭ᠎ᠠ ᠲᠠᠢ ᠤᠴᠢᠷ ᠠᠴᠠ ᠬᠦᠮᠦᠰ ᠯᠦᠵᠢᠶ᠋ᠸ ᠭᠠᠴᠠᠭ᠎ᠠ ᠶᠢᠨ ᠨᠡᠷ᠎ᠠ ᠶᠢ ᠴᠦ ᠢᠡᠭᠬᠢᠵᠦ ᠡ᠊ᠨᠳᠡᠬᠦᠷᠡᠭᠰᠡᠨ | ᠪᠤᠯᠤᠯᠴᠠᠭ᠎ᠠ ᠲᠠᠢ ᠭᠡᠵᠦ ᠵᠠᠷᠤᠳ ᠬᠤᠰᠢᠭᠤ ᠶᠢᠨ ᠵᠢᠭᠠᠬᠤ ᠶᠢ ᠰᠤᠳᠤᠯᠬᠤ ᠠᠯᠪᠠᠨ ᠭᠡᠷ ᠠᠴᠠ ᠠᠵᠢᠯ ᠤᠨ | ᠠᠮᠠᠷᠠᠯᠳᠠ ᠪᠠᠨ ᠠᠪᠤᠬᠰᠠᠨ ᠪᠤᠤ ᠬᠠᠢ ᠨᠠᠰᠤᠳᠠᠨ ᠠᠴᠠ ᠤᠴᠢᠷᠳᠠᠢ ᠰᠠᠶᠢᠬᠠᠨ ᠲᠠᠶᠢᠯᠪᠤᠷᠢᠯᠠᠬᠰᠠᠨ ᠠᠵᠢ᠃ | ᠶᠠᠭ ᠡᠶᠢᠮᠦ ᠪᠠᠷ ᠢᠶᠠᠨ ︽ᠵᠢᠶᠧ︾ ᠦᠰᠦᠭ ᠤᠷᠤᠭᠰᠠᠨ ᠭᠠᠵᠠᠷ ᠤᠨ ᠨᠡᠷ᠎ᠡ ᠪᠤᠯᠭᠠᠨ ᠬᠦᠮᠦᠨ ᠤ ᠤᠪᠤᠭ | ᠨᠡᠷ᠎ᠡ ᠲᠠᠢ ᠬᠤᠯᠪᠤᠭ᠎ᠠ ᠲᠠᠢ ᠪᠤᠯᠪᠡᠦ︖ ᠭᠡᠬᠦ ᠮᠠᠨ ᠤ ᠶᠡᠷᠦᠲᠡ ᠶᠢᠨ ᠤᠢᠢᠯᠠᠭᠠᠯᠲᠠ ᠪᠤᠷᠤᠭᠤ ᠭᠡᠳᠡᠭ ᠢ ᠡᠨᠡ ᠵᠢᠱᠢᠶ᠎ᠡ | ᠪᠢᠳᠡᠨ ᠳᠤ ᠬᠡᠯᠡᠵᠦ ᠦᠭᠴᠦ ᠪᠠᠶᠢᠨ᠎ᠠ᠃ ᠭᠠᠵᠠᠷ ᠤᠨ ᠨᠡᠷ᠎ᠡ ᠭᠡᠳᠡᠭ ᠡᠶᠢᠮᠦᠷᠬᠦᠤ ᠡᠴᠢᠨ᠎ᠡ ᠬᠦᠨ ᠰᠤᠶᠤᠯ ᠤᠨ | ᠠᠭᠤᠯᠬᠤᠨ ᠲᠠᠢ ᠪᠠᠶᠢᠳᠠᠭ ᠠᠴᠠ ᠪᠢᠳᠡ ᠵᠦᠪᠬᠡᠨ ᠲᠡᠬᠦᠨ ᠤ ᠦᠡᠭᠭᠡᠨ ᠲᠠᠯ᠎ᠠ ᠠᠴᠠ ᠨᠢ ᠦᠵᠡᠬᠦ ᠪᠤᠶᠤ ᠳᠦᠬᠦᠮ | ᠬᠢᠯᠪᠠᠷ ᠢᠶᠠᠷ ᠰᠡᠳᠬᠢᠬᠦ ᠳᠤ ᠬᠦᠷᠪᠡᠯ ᠲᠡᠬᠦᠨ ᠤ ᠤᠴᠢᠷ ᠤᠳᠬ᠎ᠠ ᠶᠢ ᠦᠬᠡᠷᠡᠲᠦᠬᠦᠯᠬᠦ ᠪᠤᠶᠦ ᠤᠭ ᠢᠷᠡᠯᠲᠡ ᠶᠢ ᠨᠢ | ᠭᠠᠵᠢᠭᠤᠳᠠᠭᠤᠯᠵᠦ ᠮᠡᠳᠡᠨ᠎ᠡ᠃ | | |