| ᠊᠊᠊᠊᠊᠊ ᠵᠠᠷᠤᠳ ᠬᠤᠰᠢᠭᠤᠨ ᠤ ᠳᠤᠯᠤᠳᠤ ᠰᠤᠮᠤ ᠪᠤᠶᠤ ᠳᠤᠯᠤᠳᠤ ᠭᠠᠴᠠᠭ᠎ᠠ ᠶᠢᠨ ᠨᠡᠷ᠎ᠡ ᠶᠢᠨ | ᠲᠤᠬᠠᠢ ᠲᠡᠮᠲᠡᠭᠯᠡᠪᠡ | | ᠵᠠᠷᠤᠳ ᠬᠤᠰᠢᠭᠤᠨ ᠤ ᠵᠡᠬᠦᠨ ᠡᠮᠦᠨ᠎ᠡ ᠪᠡᠶ᠎ᠡ ᠪᠠᠷ ᠳᠤᠯᠤᠲᠤ ᠰᠤᠮᠤ ᠬᠡᠮᠡᠬᠦ ᠨᠢᠬᠡᠨ ᠰᠠᠶᠢᠬᠠᠨ ᠨᠤᠲᠤᠭ | ᠪᠠᠶᠢᠳᠠᠭ᠃ ᠮᠤᠩᠭᠤᠯ ᠢᠶᠠᠷ ᠲᠤᠯᠤᠲᠦ ᠭᠡᠵᠦ᠂ ᠬᠢᠲᠠᠳ ᠢᠶᠠᠷ ︽道老杜︾ ᠭᠡᠵᠦ ᠪᠢᠴᠢᠵᠦ ᠵᠠᠩᠰᠢᠵᠠᠢ᠃ | ᠲᠡᠭᠡᠪᠡᠯ ᠡᠨᠡ ᠳᠤᠯᠤᠲᠤ ᠭᠡᠳᠡᠭ ᠨᠢ ᠴᠤᠬᠤᠮ ᠶᠠᠮᠠᠷ ᠦᠬᠡ ᠪᠤᠢ︖ ᠡᠨᠡ ᠨᠡᠷ᠎ᠡ ᠶᠠᠭᠠᠬᠢᠵᠦ ᠢᠷᠡᠭᠰᠡᠨ ᠪᠤᠢ︖ | ᠶᠠᠭ ᠳᠤᠯᠤᠳᠤ ᠭᠡᠳᠡᠭ ᠡᠨᠡ ᠬᠦ ᠪᠢᠴᠢᠯᠬᠡ ᠠᠴᠠ ᠨᠢ ᠤᠴᠢᠷ ᠢ ᠨᠢ ᠤᠯᠬᠤ ᠳᠤ ᠮᠦᠨ ᠬᠦᠴᠢᠷᠳᠡᠬᠦ ᠪᠤᠯᠤᠭᠰᠠᠨ ᠨᠢ | ᠮᠡᠳᠡᠭᠡᠵᠢ᠃ ᠡᠨᠡ ᠲᠤᠬᠠᠢ ᠪᠠᠶᠢᠲᠠᠯ ᠢ ᠤᠢᠢᠯᠠᠭᠠᠬᠤ ᠪᠠᠷ ᠪᠢᠳᠡ ᠳᠤᠯᠤᠳᠤ ᠰᠤᠮᠤ ᠳᠤ ᠬᠦᠷᠴᠦ ᠳᠤᠯᠤᠲᠤ | ᠭᠠᠴᠠᠭ᠎ᠠ ᠶᠢᠨ ᠨᠠᠰᠤᠲᠠᠨ ᠪᠤᠭᠤᠷᠤᠯ ᠤᠳ ᠢ ᠰᠤᠷᠪᠤᠯᠵᠢᠯᠠᠪᠠ᠃ ᠡᠨᠡ ᠵᠢᠯ ᠳᠠᠯᠠᠨ ᠭᠤᠷᠪᠠᠲᠠᠢ ᠲᠤᠭᠲᠠᠨᠪᠠᠶᠠᠷ | ᠨᠠᠰᠤᠲᠠᠨ ᠪᠤᠯ ᠳᠤᠯᠤᠲᠤ ᠭᠠᠴᠠᠭ᠎ᠠ ᠳᠤ ᠲᠦᠷᠦᠵᠦ ᠦᠰᠦᠭᠰᠡᠨ ᠬᠦᠮᠦᠨ᠃ ᠬᠦᠷᠦᠰᠦᠯᠢᠭ ᠪᠤᠷᠤ ᠴᠢᠷᠠᠢ ᠲᠠᠢ᠂ | ᠨᠠᠮᠬᠠᠨ ᠪᠡᠶ᠎ᠡ ᠲᠠᠢ ᠲᠡᠷᠡ ᠡᠪᠦᠬᠡᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠢᠡᠭᠭᠢᠵᠦ ᠶᠠᠷᠢᠯ᠎ᠠ᠃ | | | ᠊᠊᠊᠊ ᠮᠠᠨ ᠤ ᠳᠡᠭᠡᠳᠦ ᠶᠢᠨ ᠨᠤᠲᠤᠭ ᠪᠤᠯ ᠲᠦᠮᠡᠳ᠂ ᠮᠢᠨᠦ ᠡᠪᠦᠭᠡ ᠶᠢᠨ ᠦᠶ᠎ᠡ ᠳᠤ ᠡᠨᠡ ᠨᠤᠲᠤᠭ ᠲᠤ | ᠨᠡᠬᠦᠵᠦ ᠢᠷᠡᠵᠡᠢ᠃ ᠡ᠊ᠨᠳᠡ ᠢᠷᠡᠬᠦ ᠳᠤ ᠮᠢᠨᠦ ᠠᠪᠤ ᠰᠠᠶ᠋ᠢ ᠶᠢᠰᠦᠨ ᠨᠠᠰᠤᠲᠠᠢ ᠪᠠᠶᠢᠭᠰᠠᠨ ᠭᠡᠳᠡᠭ᠃ ᠠᠪᠤ ᠮᠢᠨᠢ | ᠳᠠᠯᠠᠢ ᠭᠡᠳᠡᠭ ᠨᠡᠷ᠎ᠡ ᠲᠠᠢ᠂ ᠲᠦᠮᠡᠳ ᠠᠴᠠ ᠢᠷᠡᠭᠰᠡᠨ ᠪᠤᠯᠬᠤᠷ ᠨᠤᠲᠤᠭ ᠤᠨ ᠬᠦᠮᠦᠰ ᠪᠦᠷ ᠲᠦᠮᠡᠳ ᠳᠠᠯᠠᠢ ᠭᠡᠵᠦ | ᠳᠠᠭᠤᠳᠠᠳᠠᠭ ᠪᠠᠶᠢᠭᠰᠠᠨ ᠶᠤᠮ᠃ ᠠᠪᠤ ᠮᠢᠨᠢ ᠪᠠᠶᠢᠭᠰᠠᠨ ᠪᠤᠯ 108 ᠨᠠᠰᠤᠲᠠᠢ᠂ ᠢᠡᠭᠭᠢᠵᠦ ᠪᠤᠳᠤᠪᠠᠯ ᠪᠢᠳᠡ ᠴᠢᠨᠢ | ᠡᠨᠡ ᠨᠤᠲᠤᠭ ᠲᠤ ᠪᠠᠰᠠ ᠪᠠᠷᠤᠭ ᠵᠠᠭᠤᠨ ᠤᠨ ᠪᠤᠯᠴᠢᠬᠠᠭᠰᠠᠨ ᠶᠤᠮ ᠪᠠᠶᠢᠨ᠎ᠠ᠃ ᠮᠢᠨᠦ ᠨᠠᠭᠠᠴᠤ ᠡᠮᠡᠭᠡ ᠪᠤᠯ | ᠪᠠᠷᠠᠭᠤᠨ ᠭᠠᠷ ᠵᠠᠷᠤᠳ ᠸᠠᠩ ᠤᠨ ᠦᠬᠢᠨ᠂ ᠪᠠᠰᠠᠬᠦᠦ ᠭᠡᠳᠡᠭ ᠨᠡᠷ᠎ᠡ ᠲᠠᠢ᠂ ᠦᠯᠢᠬᠡᠷ ᠲᠡᠦᠬᠡ ᠶᠡᠭᠡ ᠮᠡᠳᠡᠳᠡᠭ | ᠬᠦᠮᠦᠨ᠃ ᠮᠡᠦ ᠲᠡᠷᠢᠬᠦᠯᠡᠭᠴᠢ ᠠᠴᠠ 12 ᠨᠠᠰᠤ ᠠᠬ᠎ᠠ ᠭᠡᠰᠡᠨ ᠢᠶᠠᠷ ᠨᠢ ᠪᠤᠳᠤᠪᠠᠯ ᠵᠠᠭᠤ ᠳᠦᠴᠢ ᠤᠷᠴᠢᠮ ᠤᠨ | ᠵᠢᠯ ᠤᠨ ᠡᠮᠦᠨᠡᠬᠢ ᠬᠦᠮᠦᠨ ᠳ᠋ᠠ᠃ ᠲᠡᠬᠦᠨ ᠤ ᠬᠡᠯᠡᠬᠦ ᠪᠠᠷ ᠮᠠᠨ ᠤ ᠡᠨᠡ ᠳᠤᠯᠤᠲᠤ ᠭᠡᠳᠡᠭ ᠨᠡᠷ᠎ᠡ ᠤᠳᠤ ᠶᠢᠨ | ᠰᠢᠯᠢᠩᠬᠤᠲᠠ ᠶᠢᠨ ᠠᠷᠤ ᠳᠠᠬᠢ ᠳᠤᠯᠤᠨᠨᠠᠭᠤᠷ ᠰᠢᠶᠠᠨ ᠤ ᠨᠡᠷ᠎ᠡ ᠲᠠᠢ ᠬᠠᠮᠢᠶᠠᠲᠠᠢ᠂ ᠲᠡᠨᠳᠡ ᠠᠴᠠ ᠰᠠᠯᠵᠦ ᠭᠠᠷᠴᠦ | ᠢᠷᠡᠭᠰᠡᠨ ᠨᠢᠬᠡ ᠪᠦᠯᠦᠭ ᠬᠦᠮᠦᠰ ᠡ᠊ᠨᠳᠡ ᠰᠠᠭᠤᠭᠰᠠᠨ ᠠᠴᠠ ᠳᠤᠯᠤᠳᠤ ᠭᠡᠬᠦ ᠨᠡᠷ᠎ᠡ ᠲᠠᠢ ᠪᠤᠯᠤᠭᠰᠠᠨ ᠭᠡᠨ᠎ᠡ ᠭᠡᠵᠦ | ᠲᠤᠭᠲᠠᠨᠪᠠᠶᠠᠷ ᠨᠠᠰᠤᠲᠠᠨ ᠨᠠᠭᠠᠴᠤ ᠡᠮᠡᠭᠡ ᠠᠴᠠ ᠪᠠᠨ ᠰᠤᠨᠤᠰᠤᠭᠰᠠᠨ ᠢᠶᠠᠨ ᠪᠢᠳᠡᠨ ᠳᠤ ᠬᠡᠯᠡᠵᠦ ᠦᠭᠪᠡ᠃ | ᠲᠤᠭᠲᠠᠨᠪᠠᠶᠠᠷ ᠨᠠᠰᠤᠲᠠᠨ ᠪᠠᠰᠠ ᠳᠤᠯᠤᠳᠤ ᠭᠡᠳᠡᠭ ᠭᠠᠵᠠᠷ ᠨᠡᠯᠢᠶᠡᠳ ᠬᠡᠳᠦ ᠪᠠᠶᠢᠬᠤ ᠪᠦᠬᠡᠳ ᠳᠡᠭᠡᠷ᠎ᠡ᠂ | ᠳᠤᠮᠳᠠ᠂ ᠳᠤᠤᠷ᠎ᠠ ᠭᠡᠵᠦ ᠬᠤᠪᠢᠶᠠᠨ᠎ᠠ᠂ ᠵᠠᠷᠤᠳ ᠬᠤᠰᠢᠭᠤᠨ ᠤ ᠡᠨᠡ ᠲᠤᠯᠤᠳᠤ ᠶᠢ ᠳᠡᠭᠡᠷ᠎ᠡ ᠳᠤᠯᠤᠳᠤ ᠭᠡᠵᠦ | ᠬᠡᠯᠡᠳᠡᠭ ᠪᠦᠬᠡᠳ ᠳᠤᠮᠳᠠ ᠳᠤᠯᠤᠳᠤ ᠨᠢ ᠤᠳᠤ ᠶᠢᠨ ᠲᠦᠡᠭᠯᠢᠶᠤᠤ ᠶᠢᠨ ᠠᠷᠤ ᠶᠢᠨ ᠶᠤᠤ ᠪᠤᠷᠤᠳᠤ ᠶᠢᠨ ᠤᠷᠴᠢᠮ | ᠪᠠᠶᠢᠭᠰᠠᠨ᠂ ᠳᠤᠤᠷ᠎ᠠ ᠳᠤᠯᠤᠳᠤ ᠨᠢ ᠬᠤᠷᠴᠢᠨ ᠵᠡᠬᠦᠨ ᠭᠠᠷᠤᠨ ᠬᠤᠶᠢᠳᠦ ᠬᠤᠰᠢᠭᠤ ᠳᠤ ᠪᠠᠶᠢᠵᠦ᠂ | ᠬᠤᠭᠤᠷᠤᠨᠳᠦ ᠪᠠᠨ ᠪᠦᠷ ᠬᠠᠷᠢᠴᠠᠭ᠎ᠠ ᠲᠠᠢ ᠭᠡᠵᠦ ᠰᠤᠨᠤᠰᠴᠠᠢ᠃ | ᠬᠠᠨ ᠴᠢ ᠶᠢᠨ ᠭᠤᠸᠠᠢ ᠡᠨᠡ ᠵᠢᠯ 70 ᠨᠠᠰᠤᠲᠠᠢ᠂ ᠲᠡᠳᠡᠨ ᠤ ᠬᠢᠨ ᠴᠤ ᠡᠨᠡ ᠲᠤᠯᠤᠳᠤ ᠭᠠᠴᠠᠭ᠎ᠠ ᠳᠤ | ᠰᠠᠭᠤᠷᠢᠰᠢᠭᠠᠳ ᠭᠤᠷᠪᠠᠨ ᠦᠶ᠎ᠡ ᠪᠤᠯᠵᠦ ᠪᠠᠶᠢᠨ᠎ᠠ᠃ ᠬᠠᠨ ᠴᠢ ᠶᠢᠨ ᠭᠤᠸᠠᠢ ᠲᠤᠭᠲᠠᠨᠪᠠᠶᠠᠷ ᠨᠠᠰᠤᠲᠠᠨ ᠤ | ᠦᠵᠡᠯᠲᠡ ᠶᠢ ᠶᠠᠭ ᠵᠦᠪᠰᠢᠶᠡᠷᠡᠬᠦ ᠦᠬᠡᠢ᠂ ᠡᠶᠢᠮᠦ ᠲᠠᠶᠢᠯᠪᠤᠷᠢ ᠶᠢ ᠲᠡᠷᠡ ᠰᠠᠶ᠋ᠢ ᠰᠤᠨᠤᠰᠴᠤ ᠪᠠᠶᠢᠭ᠎ᠠ ᠶᠤᠮ ᠭᠡᠨ᠎ᠡ᠃ | ᠲᠡᠬᠦᠨ ᠤ ᠰᠤᠨᠤᠰᠤᠭᠰᠠᠨ ᠢᠶᠠᠷ ᠪᠤᠯ᠂ ᠡᠨᠡ ᠳᠤᠯᠤᠲᠤ ᠳᠤ ᠬᠠᠮᠤᠭ ᠡᠷᠲᠡ ᠳᠡᠭᠡᠨ ᠪᠤᠤ ᠤᠪᠤᠭᠲᠤ ᠠᠬ᠎ᠠ ᠳᠡᠬᠦᠦ | ᠲᠤᠯᠤᠭᠤᠯᠠ ᠪᠠᠨ ᠳᠤᠯᠤᠭᠠᠨ ᠡᠷᠦᠬᠡ ᠪᠤᠯᠵᠦ ᠰᠠᠭᠤᠵᠦ ᠪᠠᠶᠢᠭᠰᠠᠨ ᠪᠦᠬᠡᠳ ᠬᠠᠮᠤᠭ ᠪᠠᠭ᠎ᠠ ᠶᠢᠨ ᠬᠢᠨᠢ ᠨᠡᠷ᠎ᠡ ᠨᠢ | ᠳᠤᠯᠤᠭᠠᠳᠠᠢ ᠭᠡᠳᠡᠭ᠃ ᠵᠠᠷᠢᠮ ᠨᠠᠰᠤᠲᠠᠨ ᠪᠤᠭᠤᠷᠤᠯ ᠤᠳ ᠨᠢ ᠲᠡᠳᠡᠭᠡᠷ ᠠᠬ᠎ᠠ ᠳᠡᠬᠦᠦ ᠲᠤᠯᠤᠭᠤᠯᠠ ᠶᠢ ᠪᠠᠰᠠ | ᠵᠤᠷᠢᠬᠲᠤ ᠸᠠᠩ ᠤᠭᠱᠠᠨ ᠤ ᠦᠷ᠎ᠡ ᠬᠡᠦᠬᠡᠳ ᠪᠤᠶᠤ ᠬᠤᠶᠢᠴᠢ ᠦᠶ᠎ᠡ ᠨᠢ ᠭᠡᠬᠦ ᠮᠡᠲᠦ ᠪᠠᠷ ᠶᠠᠷᠢᠳᠠᠭ ᠠᠵᠢ᠃ | ᠊᠊᠊᠊ ᠮᠢᠨᠦ ᠡᠮᠡᠭᠡ ᠡᠵᠢ ᠶᠢᠨ ᠨᠡᠷ᠎ᠡ ᠶᠢ ᠰᠠᠮᠠᠭ᠎ᠠ ᠭᠡᠳᠡᠭ᠂ ᠳᠠᠷᠤᠢ ᠲᠡᠳᠡᠭᠡᠷ ᠪᠤᠤ ᠤᠪᠤᠭᠲᠤ ᠳᠤᠯᠤᠭᠠᠨ | ᠡᠷᠦᠬᠡ ᠶᠢᠨ ᠬᠤᠶᠢᠴᠢᠰ ᠪᠤᠯᠤᠨ᠎ᠠ᠃ ᠪᠢ ᠦᠪᠡᠷ ᠢᠶᠠᠨ ᠪᠠᠢ ᠤᠪᠤᠭ ᠲᠠᠢ᠂ ᠮᠢᠨᠦ ᠡᠯᠦᠨᠴᠡ ᠶᠢᠨ ᠦᠶ᠎ᠡ ᠳᠤ ᠤᠯᠠᠭ᠎ᠠ | ᠦᠷᠲᠡᠭᠡ ᠳᠠᠮᠵᠢᠨ ᠮᠤᠷᠢ ᠤᠨᠤᠵᠦ ᠪᠢᠴᠢᠭ ᠬᠦᠷᠭᠡᠳᠡᠭ ᠪᠠᠶᠢᠭᠰᠠᠨ ᠭᠡᠳᠡᠭ᠃ ᠲᠠᠪᠢᠨ ᠭᠠᠵᠠᠷ ᠤᠨ ᠦᠵᠦᠬᠦᠷ ᠲᠤ | ᠨᠢᠬᠡ ᠦᠷᠲᠡᠭᠡ ᠪᠠᠶᠢᠳᠠᠭ ᠪᠦᠬᠡᠳ ᠲᠠᠪᠢᠨ ᠭᠠᠵᠠᠷ ᠪᠤᠯᠪᠠᠯ ᠨᠢᠬᠡ ᠮᠤᠷᠢ ᠰᠤᠯᠢᠵᠦ ᠤᠨᠤᠳᠠᠭ ᠪᠠᠶᠢᠭᠰᠠᠨ ᠢᠶᠠᠷ | ᠪᠢᠳᠡᠨ ᠢ ᠬᠦᠮᠦᠰ ᠪᠠᠰᠠ ᠤᠶᠠᠭᠠᠨ ᠲᠠᠪᠢᠨ ᠤ ᠪᠠᠢ ᠤᠪᠤᠭᠲᠠᠨ ᠭᠡᠳᠡᠭ ᠭᠡᠵᠦ ᠳᠤᠯᠤᠳᠤ ᠭᠠᠴᠠᠭᠠᠨ ᠤ ᠭᠠᠴᠠᠭᠠᠨ | ᠳᠠᠷᠤᠭ᠎ᠠ ᠡᠷᠳᠡᠨᠢᠪᠠᠶᠠᠷ ᠶᠠᠷᠢᠵᠦ ᠪᠠᠶᠢᠪᠠ᠃ | | ᠡᠨᠡ ᠵᠢᠯ ᠵᠢᠷᠠᠨ ᠲᠠᠪᠤᠲᠠᠢ ᠪᠤᠤ ᠬᠤᠤᠰᠪᠠᠶᠠᠷ ᠪᠤᠯ ᠳᠠᠷᠤᠢ ᠡ᠊ᠨᠳᠡ ᠬᠠᠮᠤᠭ ᠡᠷᠲᠡ ᠢᠷᠡᠵᠦ ᠰᠠᠭᠤᠷᠢᠰᠢᠭᠰᠠᠨ | ᠲᠡᠷᠡ ᠳᠤᠯᠤᠭᠠᠨ ᠡᠷᠦᠬᠡ ᠶᠢᠨ ᠬᠤᠶᠢᠴᠢ ᠦᠶ᠎ᠡ ᠭᠡᠨ᠎ᠡ᠃ ᠡᠷᠲᠡ ᠳᠡᠭᠡᠨ ᠬᠦᠮᠦᠨ ᠦᠬᠦᠪᠡᠯ ᠤᠡᠭᠭᠤᠨ ᠪᠤᠯᠠᠰᠢ | ᠲᠤᠭᠲᠠᠭᠠᠳᠠᠭ ᠦᠬᠡᠢ ᠪᠠᠶᠢᠭᠰᠠᠨ ᠪᠤᠯᠬᠤᠷ ᠡᠨᠡ ᠨᠤᠲᠤᠭ ᠲᠤ ᠢᠷᠡᠭᠡᠳ ᠴᠤᠬᠤᠮ ᠬᠡᠳᠦᠢ ᠦᠶ᠎ᠡ ᠰᠠᠭᠤᠵᠦ | ᠪᠠᠶᠢᠬᠤ ᠪᠠᠨ ᠴᠤ ᠮᠡᠳᠡᠬᠦ ᠪᠠᠨ ᠪᠤᠯᠢᠵᠡᠢ᠃ ᠶᠠᠭᠤ ᠴᠤ ᠭᠡᠰᠡᠨ ᠲᠡᠳᠡᠨ ᠤ ᠳᠡᠭᠡᠳᠦᠰ ᠡᠨᠡ ᠨᠤᠲᠤᠭ ᠲᠤ ᠬᠠᠮᠤᠭ | ᠡᠷᠲᠡ ᠢᠷᠡᠵᠦ ᠰᠠᠭᠤᠷᠢᠰᠢᠭᠰᠠᠨ ᠭᠡᠳᠡᠭ ᠢᠶᠠᠨ ᠲᠡᠷᠡ ᠮᠡᠳᠡᠨ᠎ᠡ᠃ ᠲᠡᠳᠡᠨ ᠤ ᠤᠭᠰᠠᠭᠠᠨ ᠠᠴᠠ ᠪᠠᠰᠠ ᠮᠠᠩᠬᠠᠨ | ᠬᠦᠡᠭ ᠭᠡᠳᠡᠭ ᠨᠢᠬᠡ ᠬᠦᠡᠭ ᠭᠠᠷᠤᠭᠰᠠᠨ ᠪᠦᠬᠡᠳ ᠲᠡᠷᠡ ᠨᠢ ᠪᠤᠤ ᠬᠤᠤᠰᠪᠠᠶᠠᠷ ᠤᠨ ᠡᠯᠦᠨᠴᠡ ᠲᠠᠢ ᠨᠢ ᠠᠬ᠎ᠠ | ᠳᠡᠬᠦᠦ ᠬᠤᠶᠠᠭᠤᠯᠠ ᠶᠢᠨ ᠬᠡᠦᠬᠡᠳ ᠭᠡᠳᠡᠭ ᠢ ᠪᠤᠤ ᠬᠤᠤᠰᠪᠠᠶᠠᠷ ᠡᠪᠦᠭᠡ ᠠᠴᠠ ᠪᠠᠨ ᠰᠤᠨᠤᠰᠴᠠᠢ᠃ | ᠊᠊᠊᠊ ᠤᠤᠯ ᠨᠢ ᠳᠤᠯᠤᠲᠤ ᠶᠢ ᠪᠠᠭᠲᠠᠭᠠᠭᠰᠠᠨ ᠨᠡᠯᠢᠶᠡᠳ ᠶᠡᠭᠡ ᠬᠡᠪᠴᠢᠶ᠎ᠡ ᠲᠠᠢ ᠭᠠᠵᠠᠷ ᠢ ᠠᠷᠤ ᠮᠠᠩᠬ᠎ᠠ ᠭᠡᠵᠦ | ᠬᠡᠯᠡᠳᠡᠭ ᠪᠠᠶᠢᠭᠰᠠᠨ ᠪᠦᠬᠡᠳ ᠮᠠᠨ ᠤ ᠲᠡᠷᠡ ᠬᠦᠡᠭ ᠪᠤᠯᠤᠭᠰᠠᠨ ᠡᠯᠦᠨᠴᠡ ᠶᠢ ᠠᠷᠤ ᠮᠠᠩᠬ᠎ᠠ ᠬᠦᠡᠭ ᠪᠤᠶᠤ ᠮᠠᠩᠬᠠᠨ | ᠬᠦᠡᠭ ᠭᠡᠵᠦ ᠳᠠᠭᠤᠳᠠᠳᠠᠭ ᠪᠠᠶᠢᠵᠠᠢ᠃ ᠨᠡᠷ᠎ᠡ ᠶᠢ ᠨᠢ ᠪᠢ ᠳᠤᠳᠤᠷᠬᠠᠢ ᠮᠡᠳᠡᠬᠦ ᠦᠬᠡᠢ ᠪᠤᠯᠵᠠᠢ᠃ ᠡ᠊ᠨᠳᠡ ᠠᠴᠠ | ᠨᠡᠯᠢᠶᠡᠳ ᠬᠤᠶᠢᠰᠢ ᠪᠠᠨ ᠶᠠᠪᠤᠪᠠᠯ ᠠᠭᠤᠯᠠ ᠬᠦᠡᠭ ᠤᠨ ᠨᠤᠲᠤᠭ ᠪᠤᠯᠴᠢᠬᠠᠳᠠᠭ ᠪᠦᠬᠡᠳ ᠲᠡᠨᠳᠡᠬᠢ ᠬᠦᠡᠭ | ᠨᠤᠶᠠᠨ ᠢ ᠨᠢ ᠠᠭᠤᠯᠠ ᠬᠦᠡᠭ ᠭᠡᠵᠦ ᠳᠠᠭᠤᠳᠠᠵᠦ ᠪᠠᠶᠢᠵᠠᠢ᠃ ᠪᠤᠳᠤᠪᠠᠯ ᠡᠵᠡᠯᠡᠭᠰᠡᠨ ᠭᠠᠵᠠᠷ ᠤᠨ ᠪᠠᠶᠢᠳᠠᠯ ᠢᠶᠠᠷ ᠨᠢ | ᠲᠡᠭᠡᠵᠦ ᠬᠡᠯᠡᠭᠰᠡᠨ ᠪᠠᠶᠢᠬ᠎ᠠ᠂ ᠮᠠᠨ ᠤ ᠡᠨᠡ ᠨᠤᠲᠤᠭ ᠲᠤ ᠮᠠᠩᠬ᠎ᠠ ᠵᠢᠯᠠᠭ᠎ᠠ ᠠᠷᠪᠢᠨ ᠪᠠᠶᠢᠬᠤ ᠳᠤ ᠬᠤᠶᠢᠰᠢ ᠪᠠᠨ | ᠶᠠᠪᠤᠪᠠᠯ ᠠᠭᠤᠯᠠ ᠠᠷᠪᠢᠨ ᠪᠤᠯᠴᠢᠬᠠᠨ᠎ᠠ ᠭᠡᠵᠦ ᠪᠤᠤ ᠬᠤᠤᠰᠪᠠᠶᠠᠷ ᠨᠠᠰᠤᠲᠠᠨ ᠰᠤᠷᠪᠤᠯᠵᠢᠯᠠᠭ᠎ᠠ ᠬᠦᠯᠢᠶᠡᠬᠦ ᠳᠡᠭᠡᠨ | ᠬᠡᠯᠡᠵᠦ ᠪᠠᠶᠢᠪᠠ᠃ | | |