ᠢᠳᠡᠬᠡᠨ ᠢ ᠳᠤᠬᠢᠷᠠᠭᠤᠯᠬᠤ ᠳᠤ ᠪᠠᠨ ᠬᠠᠷᠢᠯᠴᠠᠨ ᠬᠠᠷᠭᠤᠯᠳᠤᠭᠤᠯᠵᠤ ᠪᠤᠯᠬᠤ ᠦᠬᠡᠢ
ᠨᠡᠶᠢᠲᠡᠯᠡᠭᠰᠡᠨ ᠴᠠᠭ᠄
2021/1/7
     ᠡᠸᠦ᠋ᠷᠤᠫᠡ ᠢᠳᠡᠬᠡᠨ ᠤ ᠵᠦᠢᠯ ᠪᠦᠷᠢ ᠶᠢᠨ ᠰᠠᠯᠠᠳ᠋ ᠳᠤᠳᠤᠷ᠎ᠠ ᠳᠦᠬᠦᠬᠡᠢ ᠨᠤᠭᠤᠭ᠎ᠠ ᠬᠢᠳᠡᠭ ᠯᠠ ᠶᠤᠮ ᠪᠤᠯ ᠴᠦᠮ  ᠦᠷᠬᠡᠰᠤᠳᠤ ᠬᠡᠮᠬᠡ ᠶᠢ ᠨᠡᠮᠡᠳᠡᠭ᠃ ᠬᠡᠬᠦ ᠳᠤ ᠰᠢᠮ᠎ᠠ ᠳᠡᠵᠢᠬᠡᠯ ᠤᠨ ᠰᠤᠳᠤᠯᠤᠯ ᠤᠨ ᠳᠠᠯ᠎ᠠ ᠠᠴᠠ ᠦᠵᠡᠪᠡᠯ ᠡ᠊ᠨᠠ ᠨᠢ  ᠬᠠᠷᠢᠨ ᠵᠤᠬᠢᠰ ᠦᠬᠡᠢ ᠶᠤᠮ᠃ ᠵᠢᠱᠢᠶᠡᠯᠡᠪᠡᠯ ᠵᠦᠷᠵᠢ ᠪᠠ ᠦᠷᠬᠡᠰᠤᠳᠤ ᠬᠡᠮᠬᠡ ᠪᠠᠷ ᠰᠠᠯᠠᠳ᠋ ᠬᠢᠪᠠᠯ᠂ ᠵᠦᠷᠵᠢ ᠶᠢᠨ  ᠳᠤᠳᠤᠷ᠎ᠠ ᠠᠭᠤᠯᠬᠤ ᠸᠢᠲ᠋ᠠᠮᠢᠨ C ᠨᠢ ᠦᠷᠬᠡᠰᠤᠳᠤ ᠬᠡᠮᠬᠡ ᠳᠤᠳᠤᠷ᠎ᠠ ᠠᠭᠤᠯᠤᠭᠳᠠᠳᠠᠭ ︽ᠸᠢᠲ᠋ᠠᠮᠢᠨ C ᠶᠢᠨ  ᠵᠠᠳᠠᠷᠠᠭᠤᠯᠬᠤ ᠢᠰᠬᠡᠬᠦᠷ︾ ᠲᠤ ᠡᠪᠳᠡᠭᠳᠡᠨ᠎ᠠ᠃          ᠬᠡᠷᠪᠠ ᠦᠷᠬᠡᠰᠤᠳᠤ ᠬᠡᠮᠬᠡ ᠲᠠᠢ ᠬᠤᠯᠢᠵᠤ ᠢᠳᠡᠬᠦ ᠢᠳᠡᠰᠢᠨ ᠨᠤᠭᠤᠭᠠᠨ ᠤ ᠸᠢᠲ᠋ᠠᠮᠢᠨ C ᠨᠢ ᠡᠪᠳᠡᠭᠳᠡᠬᠦ ᠳᠤ  ᠬᠦᠷᠪᠠᠯ ᠪᠤᠰᠤᠳ ᠨᠤᠭᠤᠭ᠎ᠠ ᠰᠤᠯᠢᠵᠤ ᠳᠤᠬᠢᠷᠠᠭᠤᠯᠵᠤ ᠢᠳᠡᠬᠦ ᠶᠢ ᠬᠦᠷᠬᠦ ᠦᠬᠡᠢ ᠶᠤᠮ᠃ ᠵᠢᠱᠢᠶᠡᠯᠡᠪᠡᠯ ᠸᠢᠲ᠋ᠠᠮᠢᠨ C  ᠠᠭᠤᠯᠬᠤ ᠳᠤᠬᠢᠶᠠᠯᠢᠬ ᠵᠠᠮᠠᠭ ᠮᠡᠳᠤ ᠶᠢᠨ ᠢᠳᠡᠬᠡᠨ ᠢ ᠰᠤᠩᠭᠤᠬᠤ ᠬᠡᠷᠡᠭᠳᠡᠢ᠂ ᠳᠤᠬᠢᠶᠠᠯᠢᠬ ᠵᠠᠮᠠᠭ ᠳᠤᠳᠤᠷ᠎ᠠ ᠸᠢᠲ᠋ᠠᠮᠢᠨ  A ᠶᠢᠨ ᠡᠬᠢ᠂ ᠨᠢᠺᠤᠲ᠋ᠢᠨ ᠬᠦᠴᠢᠯ᠂ ᠺᠠᠯᠼ ᠪᠠ ᠢᠤᠳ᠋ ᠵᠡᠷᠬᠡ ᠡᠯᠪᠡᠭ ᠠᠭᠤᠯᠬᠤ ᠪᠦᠬᠡᠳ ᠸᠢᠲ᠋ᠠᠮᠢᠨ ᠢ ᠵᠠᠳᠠᠷᠠᠭᠤᠯᠬᠤ  ᠢᠰᠬᠡᠬᠦᠷ ᠳᠡᠬᠦᠨ ᠳᠤ ᠦᠴᠤᠬᠡᠨ ᠴᠤ ᠤᠢᠢᠯᠡᠳᠤᠯ ᠦᠬᠡᠢ ᠶᠤᠮ᠃          ᠸᠢᠲ᠋ᠠᠮᠢᠨ C ᠶᠢᠨ ᠵᠠᠳᠠᠷᠠᠭᠤᠯᠬᠤ ᠢᠰᠬᠡᠬᠦᠷ ᠠᠭᠤᠯᠬᠤ ᠢᠳᠡᠰᠢᠨ ᠨᠤᠭᠤᠭᠠᠨ ᠳᠤ ᠦᠷᠬᠡᠰᠤᠳᠤ ᠬᠡᠮᠬᠡ ᠠᠴᠠ  ᠭᠠᠳᠠᠨ᠎ᠠ ᠪᠠᠰᠠ ᠬᠤ᠋ ᠯᠤᠤᠪᠠᠨᠭ᠌᠂ ᠯᠠᠩᠭᠤᠸᠠ ᠪᠤᠢ᠃ ᠡᠳᠡᠬᠡᠷ ᠨᠤᠭᠤᠭ᠎ᠠ ᠶᠢ ᠳᠦᠬᠦᠬᠡᠢ ᠪᠠᠷ ᠢᠳᠡᠬᠦ ᠳᠤ ᠪᠠᠨ ᠵᠢᠭᠠᠬᠠᠨ  ᠼᠤᠤ ᠬᠢᠪᠠᠯ ᠸᠢᠲ᠋ᠠᠮᠢᠨ C ᠶᠢᠨ ᠢᠰᠬᠡᠬᠦᠷ ᠤᠨ ᠬᠦᠨᠤᠬᠡᠯ ᠠᠴᠠ ᠵᠠᠶᠢᠯᠠᠰᠬᠢᠵᠤ ᠴᠢᠳᠠᠨ᠎ᠠ᠃ ᠯᠠᠩᠭᠤᠸᠠ ᠶᠢ ᠳᠦᠬᠦᠬᠡᠢ ᠪᠠᠷ  ᠢᠳᠡᠬᠦ ᠶᠢᠨ ᠠᠷᠭ᠎ᠠ ᠦᠬᠡᠢ ᠪᠤᠯᠬᠤᠷ 50 ᠭᠷᠠᠳᠦ᠋ᠰ ᠬᠦᠷᠳᠡᠯ᠎ᠠ ᠬᠠᠯᠠᠭᠠᠭᠰᠠᠭᠠᠷ ᠵᠠᠳᠠᠷᠠᠭᠤᠯᠬᠤ ᠢᠰᠬᠡᠬᠦᠷ ᠢ  ᠤᠰᠠᠳᠬᠠᠴᠢᠬᠠᠨ᠎ᠠ᠃ ᠪᠦᠬᠡᠷᠡᠩᠬᠡᠢ ᠰᠤᠩᠬᠢᠨ᠎ᠠ᠂ ᠦᠷᠬᠡᠰᠤᠳᠤ ᠨᠤᠭᠤᠭ᠎ᠠ᠂ ᠳᠤᠰᠤᠨ ᠨᠤᠭᠤᠭ᠎ᠠ᠂ ᠬᠦᠵᠡᠯᠵᠡᠬᠡᠨ᠎ᠠ᠂  ᠵᠦᠷᠵᠢ᠂ ᠳᠦᠪᠡᠳ ᠬᠠᠰᠢ ᠵᠡᠷᠬᠡ ᠨᠤᠭᠤᠭ᠎ᠠ ᠶᠢᠨ ᠳᠤᠳᠤᠷ᠎ᠠ ᠸᠢᠲ᠋ᠠᠮᠢᠨ C ᠡᠯᠪᠡᠭ ᠠᠭᠤᠯᠤᠨ᠎ᠠ᠃ ᠡᠳᠡᠬᠡᠷ ᠤᠳ ᠢ  ᠦᠷᠬᠡᠰᠤᠳᠤ ᠬᠡᠮᠬᠡ᠂ ᠬᠤ᠋ ᠯᠤᠤᠪᠠᠨᠭ᠌ ᠲᠠᠢ ᠬᠠᠮᠳᠤ ᠢᠳᠡᠬᠦ ᠳᠤ ᠬᠦᠷᠪᠠᠯ ᠠᠯᠢ ᠪᠤᠯᠬᠤ ᠪᠠᠷ ᠬᠠᠯᠠᠭᠠᠵᠤ ᠢᠳᠡᠪᠡᠯ ᠵᠤᠬᠢᠨ᠎ᠠ᠃            ᠢᠳᠡᠬᠡᠨ ᠢ ᠵᠤᠬᠢᠰ ᠲᠠᠢ ᠳᠤᠬᠢᠷᠠᠭᠤᠯᠵᠤ ᠴᠢᠳᠠᠬᠤ ᠦᠬᠡᠢ ᠪᠤᠯ ᠸᠢᠲ᠋ᠠᠮᠢᠨ ᠢ ᠡᠪᠳᠡᠬᠦ ᠪᠤᠯᠤᠨ᠎ᠠ᠃ ᠬᠦᠪᠤᠷᠠᠯ ᠤᠨ  ᠨᠠᠬᠢᠶ᠎ᠠ ᠲᠠᠢ ᠳᠤᠳᠤᠷᠭ᠎ᠠ᠂ ᠰᠢᠷ᠎ᠠ ᠪᠤᠷᠴᠠᠭ᠂ ᠬᠤᠸᠠᠱᠸᠡᠭ᠂ ᠬᠦᠬᠡ ᠪᠤᠷᠴᠠᠭ᠂ ᠦᠬᠡᠷ ᠤᠨ ᠡᠯᠢᠬᠡ᠂ ᠭᠠᠭ᠋ᠠᠢ ᠶᠢᠨ ᠮᠢᠬ᠎ᠠ᠂  ᠬᠢᠷᠤᠮᠴᠠᠭ ᠵᠡᠷᠬᠡ ᠢᠳᠡᠬᠡᠨ ᠳᠤᠳᠤᠷ᠎ᠠ ᠸᠢᠲ᠋ᠠᠮᠢᠨ B1 ᠠᠭᠤᠯᠤᠨ᠎ᠠ᠃ ᠸᠢᠲ᠋ᠠᠮᠢᠨ B1 ᠨᠢ ᠴᠠᠷᠳᠠᠭᠤᠯ ᠪᠤᠶᠤ ᠰᠢᠬᠢᠷ  ᠵᠡᠷᠬᠡ ᠶᠢ ᠳᠤᠰᠠᠯᠠᠨ ᠢᠯᠴᠢ ᠡᠬᠦᠰᠬᠡᠬᠦ ᠴᠢᠬᠤᠯᠠ ᠰᠢᠮ᠎ᠠ ᠳᠡᠵᠢᠬᠡᠯᠳᠤ ᠪᠤᠳᠠᠰ ᠮᠦᠨ᠂ ᠸᠢᠲ᠋ᠠᠮᠢᠨ B1 ᠳᠤᠳᠠᠭᠳᠠᠪᠠᠯ  ᠠᠮᠠᠷᠬᠠᠨ ᠶᠠᠳᠠᠷᠠᠵᠤ ᠵᠦᠳᠡᠷᠡᠬᠦ ᠪᠠ ᠵᠠᠩ ᠠᠭᠠᠰᠢ ᠶᠢ ᠳᠤᠭᠰᠢᠷᠠᠭᠤᠯᠤᠨ᠎ᠠ᠃             ᠸᠢᠲ᠋ᠠᠮᠢᠨ B1 ᠶᠢ ᠡᠪᠳᠡᠳᠡᠭ ᠢᠰᠬᠡᠬᠦᠷ ᠢ ︽ᠸᠢᠲ᠋ᠠᠮᠢᠨ B1 ᠶᠢᠨ ᠵᠠᠳᠠᠷᠠᠭᠤᠯᠬᠤ ᠢᠰᠬᠡᠬᠦᠷ︾ ᠬᠡᠳᠡᠭ᠂ ᠤᠢᠢᠮ᠎ᠠ᠂ ᠬᠠᠪᠳᠠᠭᠠᠢ ᠬᠢᠰᠤᠭ᠎ᠠ᠂ ᠵᠢᠷᠠᠰᠤ᠂ ᠨᠠᠶᠢᠮᠠᠯᠵᠢ᠂ ᠬᠠᠪ᠂ ᠨᠠᠷᠢᠨ ᠵᠤᠷᠠᠭᠠᠳᠤ ᠬᠠᠪ ᠵᠡᠷᠬᠡ ᠵᠢᠭᠠᠰᠤᠨ ᠬᠢᠰᠤᠭᠠᠨ ᠳᠦᠷᠤᠯ ᠪᠠ  ᠮᠦᠷᠬᠦ ᠵᠢᠭᠠᠰᠤ ᠮᠡᠳᠤ ᠶᠢᠨ ᠴᠡᠩᠬᠡᠭ ᠤᠰᠤᠨ ᠤ ᠵᠢᠭᠠᠰᠤᠨ ᠳᠦᠷᠤᠯ ᠤᠨ ᠳᠤᠳᠤᠭᠠᠳᠤ ᠡᠷᠬᠡᠳᠡᠨ ᠳᠤᠳᠤᠷ᠎ᠠ ᠨᠡᠯᠢᠶᠡᠳ  ᠠᠷᠪᠢᠨ ᠠᠭᠤᠯᠤᠨ᠎ᠠ᠃ ᠸᠢᠲ᠋ᠠᠮᠢᠨ B1 ᠶᠢᠨ ᠵᠠᠳᠠᠷᠠᠭᠤᠯᠬᠤ ᠢᠰᠬᠡᠬᠦᠷ ᠬᠠᠯᠠᠭᠠᠭᠳᠠᠭᠰᠠᠭᠠᠷ ᠬᠡᠳᠦ᠋ᠢᠪᠡᠷ ᠤᠢᠢᠯᠡᠳᠤᠯ ᠢᠶᠠᠨ  ᠠᠯᠳᠠᠬᠤ ᠪᠤᠯᠪᠠᠴᠤ ᠵᠢᠭᠠᠰᠤᠨ ᠤ ᠳᠦᠷᠤᠯ ᠪᠤᠶᠤ ᠬᠢᠰᠤᠭᠠᠨ ᠳᠦᠷᠤᠯ ᠢ ᠳᠦᠬᠦᠬᠡᠢ ᠪᠠᠷ ᠢᠳᠡᠬᠦ ᠦᠶᠡᠰ ᠠᠯᠢ ᠪᠤᠯᠬᠤ ᠪᠠᠷ  ᠼᠤᠤ ᠪᠠᠷ ᠤᠯᠠᠨ ᠬᠠᠴᠢᠷᠯᠠᠬᠤ ᠪᠤᠶᠤ ᠤᠷᠢᠳᠠᠪᠡᠷ ᠤᠰᠤᠨ ᠳᠤᠳᠤᠷ᠎ᠠ ᠪᠤᠴᠠᠯᠭᠠᠭᠠᠳ ᠢᠳᠡᠪᠡᠯ ᠳᠡᠬᠡᠷ᠎ᠠ ᠶᠤᠮ᠃           ᠳᠡᠬᠡᠷᠡᠬᠢ ᠶᠠᠷᠢᠭᠰᠠᠨ ᠬᠤᠶᠠᠷ ᠵᠦᠢᠯ ᠤᠨ ᠵᠠᠳᠠᠷᠠᠭᠤᠯᠬᠤ ᠢᠰᠬᠡᠬᠦᠷ ᠢ ᠤᠢᠢᠯᠠᠭᠠᠴᠢᠬᠠᠪᠠᠯ ᠵᠠᠷᠢᠮ ᠢᠳᠡᠰᠢᠨ  ᠨᠤᠭᠤᠭ᠎ᠠ ᠶᠢ ᠢᠳᠡᠬᠦ ᠳᠤ ᠪᠠᠨ ᠸᠢᠲ᠋ᠠᠮᠢᠨ ᠤ ᠠᠯᠳᠠᠭᠳᠠᠯ ᠠᠴᠠ ᠵᠠᠶᠢᠯᠠᠰᠬᠢᠵᠤ ᠪᠤᠯᠤᠨ᠎ᠠ᠂ ᠵᠢᠱᠢᠶᠡᠯᠡᠪᠡᠯ ᠳᠦᠬᠦᠬᠡᠢ ᠴᠡᠴᠡᠭᠳᠤ  ᠴᠠᠭᠠᠨ ᠨᠤᠭᠤᠭ᠎ᠠ ︵ᠼᠠᠶᠢᠬᠤᠸᠠ︶ ᠪᠤᠯᠤᠨ ᠴᠤᠭᠤᠷ ᠢ ᠬᠠᠮᠳᠤ ᠢᠳᠡᠵᠤ ᠪᠤᠯᠤᠨ᠎ᠠ᠂ ᠴᠡᠴᠡᠭᠳᠤ ᠴᠠᠭᠠᠨ ᠨᠤᠭᠤᠭ᠎ᠠ ᠶᠢᠨ  ᠳᠤᠳᠤᠷ᠎ᠠ ᠸᠢᠲ᠋ᠠᠮᠢᠨ C ᠡᠯᠪᠡᠭ ᠠᠭᠤᠯᠤᠭᠳᠠᠬᠤ ᠪᠦᠬᠡᠳ ᠴᠤᠭᠤᠷ ᠨᠤᠭᠤᠭ᠎ᠠ ᠳᠤ ᠸᠢᠲ᠋ᠠᠮᠢᠨ B1 ᠪᠠ ᠸᠢᠲ᠋ᠠᠮᠢᠨ B2  ᠡᠯᠪᠡᠭ ᠠᠭᠤᠯᠤᠨ᠎ᠠ︔ ᠦᠷᠬᠡᠰᠤᠳᠤ ᠬᠡᠮᠬᠡ ᠶᠢ ᠮᠠᠨᠵᠢᠨ ᠲᠠᠢ ᠬᠠᠮᠳᠤ ᠢᠳᠡᠵᠤ ᠪᠤᠯᠤᠨ᠎ᠠ᠂ ᠬᠦᠯᠡᠮᠵᠢ ᠳᠤᠳᠤᠷ᠎ᠠ ᠳᠠᠷᠢᠭᠰᠠᠨ  ᠦᠷᠬᠡᠰᠤᠳᠤ ᠬᠡᠮᠬᠡ ᠶᠢᠨ ᠳᠤᠳᠤᠷ᠎ᠠ ᠳᠠᠷᠢᠶᠠᠨ ᠡᠮ ᠠᠷᠪᠢᠨ ᠪᠤᠯᠪᠠᠴᠤ ᠮᠠᠨᠵᠢᠨ ᠤ ᠨᠠᠪᠴᠢᠨ ᠳᠤ ᠠᠭᠤᠯᠤᠭᠳᠠᠬᠤ ᠸᠢᠲ᠋ᠠᠮᠢᠨ  B2 ᠨᠢ ᠬᠤᠤᠷᠳᠤ ᠡᠳ᠋ ᠢ ᠵᠠᠳᠠᠷᠠᠭᠤᠯᠬᠤ ᠳᠤ ᠳᠤᠰᠠ ᠲᠠᠢ᠃ ᠮᠠᠨᠵᠢᠨ ᠤ ᠦᠨᠳᠤᠰᠤᠨ ᠳᠠᠬᠢ ᠰᠢᠷᠬᠡᠭ ᠨᠢ ᠴᠤ ᠪᠡᠶ᠎ᠠ  ᠳᠤᠳᠤᠷᠠᠬᠢ ᠬᠠᠶᠠᠭᠳᠠᠮᠠᠯ ᠡᠳ᠋ ᠢ ᠭᠠᠳᠠᠭᠰᠢᠯᠠᠭᠤᠯᠬᠤ ᠶᠢ ᠳᠤᠰᠠᠯᠠᠨ᠎ᠠ᠃ ᠢᠡᠭᠬᠢᠵᠤ ᠳᠤᠬᠢᠷᠠᠭᠤᠯᠵᠤ ᠢᠳᠡᠪᠡᠯ ᠸᠢᠲ᠋ᠠᠮᠢᠨ  ᠵᠠᠳᠠᠷᠠᠭᠳᠠᠬᠤ ᠠᠴᠠ ᠵᠠᠶᠢᠯᠠᠰᠬᠢᠵᠤ ᠴᠢᠳᠠᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号