ᠴᠠᠭᠠᠨ ᠤᠪᠤᠭ᠎ᠠ
ᠨᠡᠶᠢᠲᠡᠯᠡᠭᠰᠡᠨ ᠴᠠᠭ᠄
2021/11/26
    ᠠᠯᠳᠠᠨ ᠰᠢᠷᠭᠤᠭᠤᠯ ᠠᠭᠤᠯᠠᠨ ᠳᠤ ᠦᠨᠳᠤᠷ ᠪᠤᠭᠤᠨᠢ 9 ᠤᠷᠬᠢᠯ ᠲᠠᠢ ᠪᠠᠶᠢᠳᠠᠭ᠃ ᠲᠡᠭᠦᠨ ᠤ ᠭᠤᠤᠯ ᠤᠷᠬᠢᠯ ᠨᠢ ᠠᠯᠳᠠᠨ ᠰᠢᠷᠭᠤᠭᠤᠯ ᠤᠨ ᠤᠷᠤᠢ ᠶᠢᠨ ᠵᠡᠭᠦᠨ ᠲᠠᠯ᠎ᠠ ᠳᠤ ᠪᠠᠷᠤᠭ150 ᠮᠧᠲᠷ ᠵᠠᠶᠢᠳᠠᠢ ᠪᠠᠶᠢᠳᠠᠭ ᠪᠦᠭᠡᠳ 9 ᠤᠷᠤᠢ ᠶᠢᠨ ᠬᠠᠮᠤᠭ ᠦᠨᠳᠤᠷ ᠨᠢ ᠪᠤᠯᠤᠨ᠎ᠠ᠃ ᠲᠡᠷᠡ ᠤᠷᠤᠢ ᠶᠢᠨ ᠲᠡᠭᠡᠷ᠎ᠡ ᠡᠷᠳᠡᠨ ᠤ ᠬᠦᠮᠤᠰ ᠤᠨ ᠪᠤᠰᠬᠠᠭᠰᠠᠨ ᠨᠢᠭᠡᠨ ᠲᠤᠮᠤ ᠴᠢᠯᠠᠭᠤᠨ ᠤᠪᠤᠭ᠎ᠠ ᠪᠠᠶᠢᠳᠠᠭ᠃ ᠲᠡᠷᠡ ᠤᠪᠤᠭ᠎ᠠ ᠶᠢ ︽ᠴᠠᠭᠠᠨ ᠤᠪᠤᠭ᠎ᠠ︾ ᠭᠡᠳᠡᠭ᠃ ᠬᠤᠷᠮᠤᠰᠳᠠ ᠲᠡᠭᠷᠢ᠂ ᠭᠡᠰᠡᠷ ᠪᠤᠭᠳᠠ ᠵᠢᠴᠢ ᠦᠬᠢᠨ ᠲᠡᠭᠷᠢ ᠶᠢ ᠲᠤᠮᠳᠠᠳᠤ ᠶᠢᠷᠳᠢᠨᠴᠤ ᠳᠤ ᠪᠠᠭᠤᠯᠭᠠᠵᠦ ᠮᠠᠩᠭᠤᠰ ᠢ ᠲᠠᠷᠤᠭᠤᠯᠤᠭᠰᠠᠨ ᠪᠦᠭᠡᠳ ᠦᠬᠢᠨ ᠲᠡᠭᠷᠢ ᠬᠤᠪᠢᠯᠭᠠᠨ ᠰᠤᠮᠤ ᠪᠠᠷ ᠢᠶᠠᠨ ᠠᠯᠳᠠᠨ ᠰᠢᠷᠭᠤᠭᠤᠯ ᠢ  ᠬᠦᠮᠤᠨ ᠤ ᠤᠷᠴᠢᠯᠠᠩ ᠳᠤ ᠪᠦᠳᠤᠭᠡᠵᠦ ᠦᠭᠭᠦᠭᠰᠡᠨ ᠲᠤᠯᠠ᠂ ᠡᠷᠳᠡᠨ ᠤ ᠬᠦᠮᠤᠰ ᠭᠡᠰᠡᠷ ᠪᠤᠭᠳᠠ ᠶᠢ ᠲᠤᠷᠠᠰᠬᠠᠨ᠂ ᠦᠬᠢᠨ ᠲᠡᠭᠷᠢ ᠶᠢ ᠰᠢᠳᠤᠵᠦ ᠡᠨᠡ ᠬᠦ ᠤᠪᠤᠭ᠎ᠠ ᠶᠢ ᠪᠤᠰᠬᠠᠨ ᠵᠢᠯ ᠪᠦᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠲᠠᠬᠢᠳᠠᠭ ᠪᠦᠭᠡᠳ ᠯᠠᠮᠠ ᠬᠤᠸᠠᠷᠠᠭ ᠤᠳ ᠲᠤᠩ ᠴᠠᠭᠠᠨ ᠯᠠᠪᠠᠢ ᠪᠠᠷᠢᠵᠦ ᠤᠪᠤᠭ᠎ᠠ ᠶᠢ ᠲᠤᠭᠤᠷᠢᠨ ᠬᠤᠷᠤᠢ ᠲᠠᠯᠠᠯᠭ᠎ᠠ ᠬᠢᠵᠦ ᠬᠤᠷ᠎ᠠ ᠪᠤᠷᠤᠭᠠᠨ ᠭᠤᠶᠤᠳᠠᠭ᠃ ᠠᠷᠠᠳ ᠤᠯᠠᠨ ᠠᠯᠳᠠᠨ ᠰᠢᠷᠭᠤᠭᠤᠯ ᠳᠤ ᠰᠢᠷᠭᠤᠬᠤ ᠳᠠᠭᠠᠨ ᠡᠷᠬᠡᠪᠰᠢ ᠡᠨᠡ ᠤᠪᠤᠭᠠᠨ ᠳᠤ ᠴᠢᠯᠠᠭᠤ ᠨᠡᠮᠡᠨ ᠰᠦᠰᠤᠭ᠍ᠯᠡᠨ ᠲᠠᠬᠢᠵᠦ᠂ ᠭᠡᠰᠡᠷ ᠪᠤᠭᠳᠠ ᠪᠠᠨ ᠲᠤᠷᠠᠰᠬᠠᠨ ᠦᠬᠢᠨ ᠲᠡᠭᠷᠢ ᠠᠴᠠ ᠠᠪᠤᠷᠠᠯ ᠭᠤᠶᠤᠳᠠᠭ ᠠᠵᠢ᠃                                          ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号