2022 ᠣᠨ ᠤ ᠰᠢᠨ᠎ᠡ ᠵᠢᠯ ᠴᠠᠭᠠᠨ ᠰᠠᠷ᠎ᠠ ᠶᠢᠨ ᠬᠤᠭᠤᠴᠠᠭᠠᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠬᠦ ᠲᠤᠬᠠᠶ ᠮᠡᠳᠡᠭᠡ
ᠨᠡᠶᠢᠲᠡᠯᠡᠭᠰᠡᠨ ᠴᠠᠭ᠄
2021/12/31
   2022 ᠣᠨ ᠤ ᠰᠢᠨ᠎ᠡ ᠵᠢᠯ᠂ ᠴᠠᠭᠠᠨ ᠰᠠᠷ᠎ᠠ ᠤᠳᠠᠯ ᠥᠬᠡᠶ ᠬᠦᠷᠴᠦ ᠢᠷᠡᠬᠦ ᠪᠣᠯᠤᠯ᠎ᠠ᠂ ᠬᠥᠮᠦᠰ ᠤᠨ ᠶᠠᠪᠤᠵᠦ ᠰᠠᠭᠤᠬᠤ ᠪᠠ ᠴᠤᠭᠯᠠᠷᠠᠬᠤ ᠲᠤᠬᠢᠶᠠᠯ ᠨᠡᠮᠡᠭᠳᠡᠬᠦ ᠶᠢ ᠲᠠᠭᠠᠯᠳᠤᠨ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠳᠡᠯᠭᠡᠷᠡᠬᠦ ᠠᠶᠤᠯ ᠲᠦᠭᠰᠢᠭᠦᠷᠢ ᠴᠦ ᠨᠡᠮᠡᠭᠳᠡᠪᠡ᠃ ︽ᠰᠢᠨ᠎ᠡ ᠵᠢᠯ ᠴᠠᠭᠠᠨ ᠰᠠᠷ᠎ᠠ︾ ᠶᠢᠨ ᠬᠤᠭᠤᠴᠠᠭᠠᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠰᠢᠨᠵᠢᠯᠡᠬᠦ ᠤᠬᠠᠭᠠᠨᠴᠢ ᠪᠠᠷ ᠨᠠᠷᠢᠯᠢᠭ ᠣᠨᠣᠪᠴᠢᠲᠠᠶ ᠰᠠᠶᠢᠲᠤᠷ ᠬᠢᠵᠦ᠂ ᠪᠥᠬᠦ ᠬᠤᠲᠠ ᠶᠢᠨ ᠠᠷᠠᠳ ᠲᠦᠮᠡᠨ ᠤ ᠡᠷᠡᠭᠦᠯ ᠮᠡᠨᠳᠦ ᠠᠮᠤᠷ ᠲᠦᠪᠰᠢᠨ ᠢᠶᠠᠷ ᠰᠢᠨ᠎ᠡ ᠵᠢᠯ ᠴᠠᠭᠠᠨ ᠰᠠᠷ᠎ᠠ ᠶᠢ ᠥᠩᠭᠡᠷᠡᠭᠦᠯᠬᠦ ᠶᠢ ᠪᠠᠲᠤᠯᠠᠬᠤ ᠶᠢᠨ ᠲᠥᠯᠥᠭᠡ ᠂ ᠡᠳᠦᠭᠡ ᠬᠤᠯᠪᠣᠭᠳᠠᠯ ᠪᠥᠬᠦᠶ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ  ᠲᠠᠷᠠᠭᠠᠬᠢ ᠮᠡᠲᠦ ᠮᠡᠳᠡᠭᠳᠡᠶ᠎ᠡ᠄    ᠨᠢᠭᠡ᠂ ᠲᠦᠩᠯᠢᠶᠤᠤ ᠠᠴᠠ ᠭᠠᠷᠬᠤ ᠬᠥᠮᠦᠰ ᠤᠨ ᠬᠠᠮᠢᠶᠠᠷᠤᠯᠲᠠ ᠪᠠᠨ ᠴᠢᠩᠭᠠᠳᠬᠠᠨ᠎ᠠ᠃ ᠥᠷᠭᠡᠨ ᠣᠯᠠᠨ ᠬᠤᠲᠠ ᠶᠢᠨ ᠠᠷᠠᠳ ︽ᠴᠢᠬᠤᠯᠠ ᠥᠬᠡᠶ ᠪᠣᠯ ᠲᠦᠩᠯᠢᠶᠤᠤ ᠠᠴᠠ ᠭᠠᠷᠬᠤ ᠥᠬᠡᠶ︾ ᠪᠠᠶᠢᠵᠤ᠂ ᠳᠤᠮᠳᠠ᠂ ᠥᠨᠳᠥᠷ ᠲᠦᠭᠰᠢᠭᠦᠷᠢᠲᠡᠶ ᠭᠠᠵᠠᠷ ᠣᠷᠣᠨ ᠵᠢᠴᠢ ᠬᠠᠷᠢᠶ᠎ᠠ ᠰᠢᠶᠠᠨ ︵ᠬᠤᠲᠠ᠂ ᠲᠣᠭᠤᠷᠢᠭ᠂ ᠬᠤᠰᠢᠭᠤ︶ ᠳᠤ ᠣᠴᠢᠬᠤ ᠶᠢ ᠴᠢᠩᠭ᠎ᠠ  ᠬᠤᠷᠢᠭᠯᠠᠨ᠎ᠠ᠂ ᠴᠢᠬᠤᠯᠠ ᠥᠬᠡᠶ ᠪᠣᠯ ᠳᠤᠮᠳᠠ᠂ ᠥᠨᠳᠥᠷ ᠲᠦᠭᠰᠢᠭᠦᠷᠢᠲᠡᠶ ᠭᠠᠵᠠᠷ ᠣᠷᠣᠨ  ᠤ ᠪᠤᠰᠤᠳ ᠰᠢᠶᠠᠨ ︵ᠬᠤᠲᠠ᠂ ᠲᠣᠭᠤᠷᠢᠭ᠂ ᠬᠤᠰᠢᠭᠤ︶ ᠳᠤ ᠪᠢᠳᠡᠬᠡᠢ ᠤᠴᠢᠭᠠᠷᠠᠢ᠃ ᠬᠠᠯᠠᠭᠤᠷᠠᠭᠰᠠᠨ ᠡᠪᠡᠳᠴᠢᠲᠡᠨ᠂ ᠡᠷᠡᠭᠦᠯ ᠮᠡᠨᠳᠦ ᠶᠢᠨ ᠺᠣᠳ᠋ ᠪᠤᠶᠤ ᠠᠶᠠᠯᠠᠯ ᠤᠨ ᠺᠣᠳ᠋ ᠨᠢ ᠬᠡᠪ ᠤᠨ ᠪᠤᠰᠤ ᠬᠥᠮᠦᠰ ᠤᠨᠤᠰᠢᠯᠠᠨ ᠲᠤᠳᠤᠯᠠᠬᠤ ᠠᠴᠠ ᠡᠮᠤᠨ᠎ᠡ ᠲᠤᠷ᠎ᠠ ᠲᠠᠪᠠ ᠪᠠᠷ ᠢᠶᠠᠷ ᠶᠠᠪᠤᠵᠤ ᠰᠠᠭᠤᠵᠤ ᠪᠣᠯᠬᠤ ᠥᠬᠡᠶ᠃    ᠬᠤᠶᠠᠷ᠂ ᠲᠦᠩᠯᠢᠶᠤᠤ ᠳᠤ ᠢᠷᠡᠬᠦ ᠪᠤᠴᠠᠬᠤ ᠬᠥᠮᠦᠰ ᠤᠨ ᠬᠠᠮᠢᠶᠠᠷᠤᠯᠲᠠ ᠪᠠᠨ ᠴᠢᠩᠭᠠᠳᠬᠠᠨ᠎ᠠ᠃ ᠣᠶᠢᠷ᠎ᠠ  ᠶᠢᠨ 14 ᠡᠳᠦᠷ ᠤᠨ ᠳᠣᠲᠣᠷ᠎ᠠ᠂ ᠬᠢᠵᠢᠭ ᠲᠡᠯᠭᠡᠷᠡᠭᠰᠡᠨ ᠭᠠᠵᠠᠷ ᠣᠷᠣᠨ ᠳᠤ ᠵᠢᠭᠤᠯᠴᠢᠯᠠᠭᠰᠠᠨ ᠲᠡᠦᠬᠡ ᠲᠠᠢ ᠬᠥᠮᠦᠰ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠬᠠᠯᠳᠠᠪᠤᠷᠢᠯᠠᠭᠳᠠᠭᠰᠠᠳ ᠤᠨ ᠠᠵᠢᠯᠯᠠᠭᠠᠨ ᠤ ᠵᠠᠮ ᠮᠥᠷ ᠲᠠᠢ ᠳᠠᠪᠬᠤᠴᠠᠭᠰᠠᠨ ᠬᠥᠮᠦᠰ ᠲᠦᠩᠯᠢᠶᠤᠤ ᠳᠤ ᠢᠷᠡᠭᠰᠡᠨ ᠤ ᠳᠠᠷᠠᠭ᠎ᠠ ᠰᠠᠭᠤᠭ᠎ᠠ ᠨᠡᠶᠢᠭᠡᠮ ᠲᠣᠭᠤᠷᠢᠭ ︵ᠭᠠᠴᠠᠭ᠎ᠠ ᠲᠣᠰᠬᠤᠨ︶᠂ ᠪᠠᠶᠢᠭᠤᠯᠠᠭ᠎ᠠ ᠨᠢᠭᠡᠴᠡ ᠪᠤᠶᠤ ᠪᠠᠭᠤᠭᠰᠠᠨ ᠪᠠᠭᠤᠳᠠᠯ ᠳᠤ ᠪᠠᠨ ᠳᠠᠷᠤᠶᠢᠬᠠᠨ ᠮᠡᠳᠡᠭᠦᠯᠵᠦ᠂ ᠲᠤᠬᠠᠢ ᠭᠠᠵᠠᠷ ᠤᠨ ᠬᠢᠵᠢᠭ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠲᠠᠢ ᠬᠠᠮᠵᠢᠯᠴᠠᠨ ᠬᠢᠵᠢᠭ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ ᠬᠤᠪᠢ ᠬᠥᠮᠦᠨ ᠤ ᠡᠷᠡᠭᠦᠯ ᠮᠡᠨᠳᠦ ᠪᠠᠨ ᠬᠢᠨᠠᠨ ᠬᠡᠮᠵᠢᠬᠦ ᠶᠢ ᠰᠠᠶᠢᠲᠤᠷ ᠬᠢᠬᠦ ᠬᠡᠷᠡᠭᠲᠡᠶ᠃ ᠤᠶᠤᠲᠠᠳ᠂ ᠬᠦᠴᠤᠨ ᠤ ᠠᠵᠢᠯᠴᠢᠨ ᠨᠤᠲᠤᠭ ᠲᠠᠭᠠᠨ ᠪᠤᠴᠠᠵᠤ  ᠢᠷᠡᠭᠰᠡᠨ ᠤ ᠳᠠᠷᠠᠭ᠎ᠠ ᠰᠠᠭᠤᠭ᠎ᠠ ᠨᠡᠶᠢᠭᠡᠮ ᠲᠣᠭᠤᠷᠢᠭ ︵ᠭᠠᠴᠠᠭ᠎ᠠ ᠲᠣᠰᠬᠤᠨ︶ ᠲᠠᠭᠠᠨ ᠳᠠᠷᠤᠶᠢᠬᠠᠨ ᠮᠡᠳᠡᠭᠦᠯᠦᠨ ᠳᠠᠩᠰᠠᠯᠠᠭᠤᠯᠵᠤ᠂ ᠨᠡᠶᠢᠭᠡᠮ ᠲᠣᠭᠤᠷᠢᠭ ︵ᠭᠠᠴᠠᠭ᠎ᠠ ᠲᠣᠰᠬᠤᠨ︶ ᠤᠨ ᠭᠠᠷᠭᠠᠵᠦ ᠥᠭᠭᠦᠭᠰᠡᠨ ᠮᠡᠳᠡᠭᠦᠯᠦᠨ ᠲᠠᠩᠰᠠᠯᠠᠭᠤᠯᠤᠭᠰᠠᠨ ᠭᠡᠷᠡᠴᠢ ᠪᠠᠨ ᠠᠪᠴᠤ ᠪᠥᠭᠡᠮ ᠬᠦᠴᠢᠯ ᠪᠠᠶᠢᠴᠠᠭᠠᠨ ᠰᠢᠨᠵᠢᠬᠦ ᠪᠠᠶᠢᠭᠤᠯᠤᠮᠵᠢ ᠳᠤ ᠬᠦᠷᠴᠦ ᠲᠥᠯᠥᠪᠦᠷᠢ ᠥᠬᠡᠶ ᠪᠠᠷ ᠪᠥᠭᠡᠮ ᠬᠦᠴᠢᠯ ᠪᠠᠶᠢᠴᠠᠭᠠᠨ ᠰᠢᠯᠭᠠᠬᠤ ᠬᠡᠷᠡᠭᠲᠡᠶ᠃    ᠭᠤᠷᠪᠠ᠂ ᠴᠤᠭᠯᠠᠷᠠᠬᠤ ᠴᠢᠨᠠᠷᠲᠠᠶ ᠠᠵᠢᠯᠯᠠᠭ᠎ᠠ ᠶᠢᠨ ᠬᠠᠮᠢᠶᠠᠷᠤᠯᠲᠠ ᠪᠠᠨ ᠴᠢᠩᠭᠠᠳᠬᠠᠨ᠎ᠠ᠃ ᠲᠣᠮᠣ ᠬᠡᠯᠪᠡᠷᠢ  ᠶᠢᠨ ᠤᠷᠠᠨ ᠰᠠᠶᠢᠬᠠᠨ ᠤ ᠲᠣᠭᠯᠠᠯᠲᠠ᠂ ᠳᠡᠯᠭᠡᠨ ᠪᠣᠷᠣᠯᠠᠭᠤᠯᠬᠤ  ᠠᠵᠢᠯᠯᠠᠭ᠎ᠠ᠂ ᠪᠡᠯᠭᠡᠯᠡᠬᠦ ᠶᠣᠰᠣᠯᠠᠯ᠂ ᠠᠵᠤ ᠠᠬᠤᠶᠢᠯᠠᠯ ᠤᠨ ᠣᠨ ᠤ ᠬᠤᠷᠠᠯ᠂ ᠲᠣᠮᠣ ᠬᠤᠷᠠᠯ᠂ ᠪᠣᠯᠪᠠᠰᠤᠷᠠᠭᠤᠯᠤᠯ ᠲᠠᠶᠢᠯᠤᠮᠵᠢ ᠵᠡᠷᠭᠡ ᠠᠵᠢᠯᠯᠠᠭ᠎ᠠ ᠶᠢ ᠰᠢᠨᠵᠢᠯᠡᠬᠦ ᠤᠬᠠᠭᠠᠨᠴᠢ ᠪᠠᠷ ᠵᠦᠶ ᠵᠣᠬᠢᠰᠲᠠᠶ ᠡᠵᠡᠮᠳᠡᠵᠦ᠂ 50 ᠬᠥᠮᠦᠨ ᠠᠴᠠ ᠳᠡᠭᠡᠭᠰᠢᠬᠢ ᠠᠵᠢᠯᠯᠠᠭ᠎ᠠ ᠳᠤ ᠪᠦᠷᠢᠨ ᠲᠡᠭᠦᠯᠳᠡᠷ ᠰᠡᠷᠭᠡᠶᠢᠯᠡᠨ ᠡᠵᠡᠮᠳᠡᠬᠦ ᠲᠥᠰᠦᠯ ᠪᠣᠯᠤᠨ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠬᠡᠯ ᠲᠥᠰᠦᠯ ᠲᠤᠭᠳᠠᠭᠠᠵᠦ ᠵᠢᠴᠢ ᠲᠤᠰ ᠱᠠᠲᠤᠨ ᠤ ᠬᠢᠵᠢᠭ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠲᠤ ᠮᠡᠳᠡᠭᠦᠯᠦᠨ ᠬᠢᠨᠠᠨ ᠵᠥᠪᠰᠢᠶᠡᠷᠡᠭᠦᠯᠬᠦ ᠬᠡᠷᠡᠭᠲᠡᠶ᠃ ᠢᠳᠡᠭᠡᠨ ᠤᠮᠳᠠᠭᠠᠨ ᠤ  ᠨᠢᠭᠡᠴᠡ 5 ᠰᠢᠷᠡᠭᠡ ᠠᠴᠠ ᠳᠡᠭᠡᠭᠰᠢᠬᠢ ᠳᠠᠶᠢᠯᠠᠯᠭ᠎ᠠ  ᠶᠢᠨ ᠠᠵᠢᠯᠯᠠᠭ᠎ᠠ ᠶᠢ ᠳᠠᠭᠠᠭᠠᠴᠢᠯᠠᠨ ᠡᠷᠬᠢᠯᠡᠬᠦ ᠳᠡᠭᠡᠨ ᠬᠠᠷᠢᠶ᠎ᠠ ᠭᠠᠵᠠᠷ ᠤᠨ ᠬᠢᠵᠢᠭ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠲᠤ ᠤᠷᠢᠳᠴᠢᠯᠠᠨ ᠮᠡᠳᠡᠭᠦᠯᠵᠦ ᠳᠠᠩᠰᠠᠯᠠᠭᠤᠯᠬᠤ ᠬᠡᠷᠡᠭᠲᠡᠢ︔ ᠦᠪᠡᠰᠤᠪᠡᠨ 5 ᠰᠢᠷᠡᠭᠡ ᠠᠴᠠ ᠳᠡᠭᠡᠭᠰᠢ ᠳᠠᠶᠢᠯᠠᠯᠭ᠎ᠠ ᠬᠢᠬᠦ ᠳᠤ ᠡᠷᠬᠡᠪᠰᠢ ᠬᠠᠷᠢᠶ᠎ᠠ ᠭᠠᠵᠠᠷ ᠤᠨ ᠢᠶᠠᠨ ᠨᠡᠶᠢᠭᠡᠮ ᠲᠣᠭᠤᠷᠢᠭ ︵ᠭᠠᠴᠠᠭ᠎ᠠ ᠲᠣᠰᠬᠤᠨ︶  ᠲᠤ ᠤᠷᠢᠳᠴᠢᠯᠠᠨ ᠮᠡᠳᠡᠭᠦᠯᠵᠦ ᠳᠠᠩᠰᠠᠯᠠᠭᠤᠯᠬᠤ ᠬᠡᠷᠡᠭᠲᠡᠶ᠃    ᠳᠥᠷᠪᠡ᠂ ᠭᠤᠤᠯᠳᠠᠯᠭ᠎ᠠ ᠲᠠᠢ ᠲᠠᠯᠠᠪᠤᠷ ᠭᠠᠵᠠᠷ ᠤᠨ ᠰᠡᠷᠭᠡᠶᠢᠯᠡᠨ ᠡᠵᠡᠮᠳᠡᠬᠦ ᠠᠵᠢᠯ ᠢ ᠴᠢᠩᠭᠠᠳᠬᠠᠨ᠎ᠠ᠃ ᠬᠤᠳᠠᠯᠳᠤᠭᠠᠨ ᠤ ᠲᠠᠯᠠᠪᠠᠶ᠂ ᠬᠡᠲᠦ ᠳᠡᠯᠭᠡᠭᠦᠷ᠂ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ᠂ ᠵᠤᠭ᠎ᠠ ᠴᠡᠩᠭᠡᠯ ᠰᠡᠯᠡᠭᠦᠴᠡᠯ ᠵᠡᠷᠭᠡ ᠡᠯ᠎ᠡ ᠲᠥᠷᠥᠯ ᠤᠨ ᠭᠤᠤᠯᠳᠠᠯᠭ᠎ᠠ ᠲᠠᠢ ᠲᠠᠯᠠᠪᠤᠷ ᠭᠠᠵᠠᠷ ᠲᠤ ᠡᠷᠡᠭᠦᠯ ᠬᠠᠮᠠᠭᠠᠯᠠᠯ ᠬᠢᠵᠢᠭ ᠰᠡᠷᠭᠡᠶᠢᠯᠡᠬᠦ ᠬᠢᠨᠠᠭᠴᠢ ᠪᠠ ᠲᠤᠰᠬᠠᠶ ᠠᠷᠢᠭᠤᠳᠬᠠᠭᠴᠢ ᠲᠣᠬᠢᠷᠠᠭᠤᠯᠵᠤ᠂ ᠪᠡᠶ᠎ᠡ ᠶᠢᠨ ᠬᠠᠯᠠᠭᠤᠨ ᠢ ᠪᠠᠶᠢᠴᠠᠭᠠᠨ ᠬᠡᠮᠵᠢᠬᠦ᠂ ᠠᠮᠠᠪᠴᠢ ᠵᠡᠭᠦᠬᠦ᠂ ᠠᠷᠢᠭᠤᠳᠬᠠᠵᠤ ᠴᠡᠪᠡᠷᠯᠡᠬᠦ ᠵᠡᠷᠭᠡ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠵᠢᠷᠤᠮᠵᠢᠯᠳᠠᠢ ᠬᠢᠵᠦ᠂ ᠵᠢᠴᠢ ᠠᠵᠢᠯᠯᠠᠭᠰᠠᠳ ᠤᠨ ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢ ᠰᠠᠶᠢᠲᠤᠷ ᠬᠢᠬᠦ ᠬᠡᠷᠡᠭᠲᠡᠶ᠃ ᠵᠣᠴᠢᠳ ᠤᠨ ᠪᠠᠭᠤᠳᠠᠯ᠂  ᠠᠷᠢᠬᠢᠨ ᠪᠠᠭᠤᠳᠠᠯ᠂ ᠠᠷᠠᠳ ᠤᠨ ᠪᠠᠭᠤᠴᠠ ᠵᠡᠷᠭᠡ ᠬᠤᠨᠣᠭᠯᠠᠬᠤ ᠭᠠᠵᠠᠷ  ᠤᠨ ᠬᠢᠨ ᠣᠷᠣᠵᠤ ᠰᠠᠭᠤᠬᠤ ᠬᠥᠮᠦᠰ ᠢ ᠳᠠᠩᠰᠠᠯᠠᠨ ᠲᠡᠮᠳᠡᠭᠯᠡᠬᠦ ᠪᠠ ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢ ᠰᠠᠶᠢᠲᠤᠷ ᠬᠢᠵᠦ᠂ ᠡᠳᠦᠷ ᠪᠦᠷᠢ ᠬᠠᠷᠢᠶ᠎ᠠ ᠣᠷᠣᠨ ᠤ ᠲᠣᠮᠢᠯᠠᠭᠰᠠᠨ ᠰᠠᠯᠪᠤᠷᠢ ᠳᠤ ᠬᠤᠲᠠ ᠶᠢᠨ ᠭᠠᠳᠠᠨ᠎ᠠ ᠠᠴᠠ ᠲᠦᠩᠯᠢᠶᠤᠤ ᠳᠤ ᠢᠷᠡᠭᠰᠡᠨ ᠬᠥᠮᠦᠰ ᠤᠨ ᠮᠡᠳᠡᠭᠡ ᠵᠠᠩᠭᠢ ᠪᠠ ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢᠨ ᠪᠠᠶᠢᠳᠠᠯ  ᠢᠶᠠᠨ ᠮᠡᠳᠡᠭᠦᠯᠬᠦ ᠬᠡᠷᠡᠭᠲᠡᠶ᠃ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ᠤᠳ ᠬᠠᠯᠠᠭᠤᠨ ᠢ ᠪᠠᠭᠤᠷᠠᠭᠤᠯᠬᠤ ᠡᠮ᠂ ᠬᠠᠨᠢᠶᠠᠳᠤ ᠶᠢ ᠵᠣᠭᠰᠣᠭᠠᠬᠤ ᠡᠮ᠂ ᠸᠢᠷᠦ᠋ᠰ ᠢ ᠳᠠᠷᠤᠬᠤ ᠡᠮ᠂ ᠪᠠᠺᠲ᠋ᠧᠷᠢ ᠳᠠᠷᠤᠬᠤ ᠡᠮ ᠬᠤᠳᠠᠯᠳᠤᠨ ᠠᠪᠤᠭᠰᠠᠨ ᠬᠥᠮᠦᠰ ᠤᠨ ᠮᠡᠳᠡᠭᠡ ᠵᠠᠩᠭᠢ ᠶᠢ ᠬᠢᠨᠠᠮᠠᠭᠠᠶ ᠬᠠᠷᠭᠤᠭᠤᠯᠵᠤ᠂ ᠡᠮ ᠤᠨ ᠵᠦᠶᠯᠡᠰ ᠤᠨ ᠬᠡᠷᠡᠭᠴᠡᠭᠡ ᠶᠢ ᠠᠰᠠᠭᠤᠨ ᠯᠠᠪᠯᠠᠵᠤ᠂ ᠡᠮ ᠬᠤᠳᠠᠯᠳᠤᠨ ᠠᠪᠤᠭᠴᠢ ᠪᠠ ᠡᠮ ᠬᠡᠷᠡᠭᠯᠡᠭᠴᠢ ᠶᠢ ᠦᠨᠡᠨ ᠨᠡᠷ᠎ᠡ ᠪᠠᠷ ᠳᠠᠩᠰᠠᠯᠠᠬᠤ ᠶᠢ ᠰᠠᠶᠢᠲᠤᠷ  ᠬᠢᠵᠦ᠂ ᠵᠢᠴᠢ ᠡᠳᠦᠷ ᠪᠦᠷᠢ ᠪᠦᠷᠢᠳᠬᠡᠨ ᠳᠠᠩᠰᠠᠯᠠᠭᠰᠠᠨ ᠮᠡᠳᠡᠭᠡ ᠵᠠᠩᠭᠢ ᠪᠠᠨ ᠬᠤᠷᠢᠶᠠᠩᠭᠤᠶᠢᠯᠠᠵᠤ ᠬᠠᠷᠢᠶ᠎ᠠ ᠭᠠᠵᠠᠷ  ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠲᠤ ᠮᠡᠳᠡᠭᠦᠯᠦᠨ ᠬᠦᠷᠭᠡᠬᠦ ᠬᠡᠷᠡᠭᠲᠡᠶ᠃     ᠲᠠᠪᠤ᠂ ᠬᠤᠪᠢ ᠬᠥᠮᠦᠨ ᠤ ᠬᠠᠮᠠᠭᠠᠯᠠᠯᠲᠠ ᠪᠠᠨ ᠴᠢᠩᠭᠠᠳᠬᠠᠨ᠎ᠠ᠃ ᠥᠷᠭᠡᠨ ᠣᠯᠠᠨ ᠬᠤᠲᠠ ᠶᠢᠨ ᠠᠷᠠᠳ ᠬᠤᠪᠢ ᠬᠥᠮᠦᠨ ᠤ ᠰᠡᠷᠭᠡᠶᠢᠯᠡᠯᠲᠡ ᠬᠠᠮᠠᠭᠠᠯᠠᠯᠲᠠ ᠪᠠᠨ ᠰᠠᠶᠢᠲᠤᠷ ᠬᠢᠵᠦ᠂ ᠵᠢᠷᠤᠮᠵᠢᠯᠳᠠᠢ ᠪᠠᠷ ᠠᠮᠠᠪᠴᠢ ᠵᠡᠬᠦᠵᠦ᠂ ᠨᠡᠶᠢᠭᠡᠮ ᠤᠨ ᠬᠠᠷᠢᠯᠴᠠᠭᠠᠨ ᠳᠤ ᠠᠮᠤᠷ ᠲᠦᠪᠰᠢᠨ ᠤ ᠵᠠᠶ ᠶᠢ ᠪᠠᠲᠤᠯᠠᠵᠤ᠂ ᠬᠤᠪᠢ ᠬᠥᠮᠦᠨ ᠤ ᠠᠷᠢᠭᠤᠨ ᠴᠡᠪᠡᠷ ᠢ ᠠᠩᠬᠠᠷᠴᠤ᠂  ᠦᠪᠡᠷ ᠤᠨ ᠢᠶᠠᠨ ᠡᠷᠡᠭᠦᠯ ᠮᠡᠨᠳᠦ ᠪᠠᠨ ᠨᠢᠭᠲᠠ ᠠᠩᠬᠠᠷᠬᠤ ᠬᠡᠷᠡᠭᠲᠡᠶ᠃ ᠨᠥᠬᠦᠴᠡᠯ ᠳᠤ ᠨᠡᠶᠢᠴᠡᠬᠦ ᠬᠤᠲᠠ ᠶᠢᠨ ᠠᠷᠠᠳ ᠰᠢᠨ᠎ᠡ ᠲᠢᠲᠢᠮᠯᠢᠭ ᠠᠭᠤᠰᠬᠢᠨ ᠦᠷᠪᠢᠰᠤᠯ ᠤᠨ ᠪᠥᠬᠦ ᠶᠠᠪᠤᠴᠠ ᠶᠢᠨ ᠲᠠᠷᠢᠯᠭ᠎ᠠ ᠶᠢ ᠲᠦᠷᠭᠡᠬᠡᠨ ᠪᠡᠶᠡᠯᠡᠭᠦᠯᠬᠦ ᠪᠠ ᠦᠯᠤ ᠬᠠᠯᠳᠠᠭᠠᠬᠤ ᠴᠢᠳᠠᠪᠤᠷᠢ ᠪᠠᠨ ᠴᠢᠩᠭᠠᠳᠬᠠᠬᠤ ᠭᠡᠷᠡᠭᠳᠠᠢ᠂ ᠢᠯᠠᠩᠭᠤᠶ᠎ᠠ 3 —11 ᠨᠠᠰᠤᠲᠠᠶ ᠬᠡᠦᠬᠡᠳ ᠪᠠ ᠨᠠᠰᠤᠲᠠᠶᠢᠴᠤᠳ ᠰᠢᠨ᠎ᠡ ᠲᠢᠲᠢᠮᠯᠢᠭ ᠠᠭᠤᠰᠬᠢᠨ ᠦᠷᠪᠢᠰᠤᠯ ᠤᠨ ᠲᠠᠷᠢᠯᠭ᠎ᠠ ᠶᠢ ᠡᠷᠲᠡᠬᠡᠨ ᠳᠠᠷᠢᠬᠤ ᠬᠡᠷᠡᠭᠲᠡᠶ᠃ ᠥᠷᠭᠡᠨ ᠣᠯᠠᠨ ᠬᠤᠲᠠ ᠶᠢᠨ ᠠᠷᠠᠳ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠥᠷᠨᠢᠭᠦᠯᠬᠦ ᠶᠢ ᠢᠳᠡᠪᠬᠢᠲᠡᠶ ᠬᠠᠮᠵᠢᠯᠴᠠᠵᠤ᠂ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠬᠠᠮᠵᠢᠯᠴᠠᠬᠤ ᠦᠭᠡᠢ ᠲᠡᠪᠴᠢᠭᠰᠡᠨ ᠵᠢᠴᠢ ᠬᠤᠪᠢ ᠬᠥᠮᠦᠨ ᠤ ᠬᠠᠮᠢᠶ᠎ᠠ ᠪᠥᠬᠦᠶ ᠪᠠᠶᠢᠳᠠᠯ ᠢᠶᠠᠨ ᠮᠡᠳᠡᠭᠦᠯᠬᠦ ᠥᠬᠡᠶ ᠨᠢᠭᠤᠭᠰᠠᠨ᠂ ᠬᠤᠳᠠᠯ ᠢᠶᠠᠷ ᠮᠡᠳᠡᠭᠦᠯᠦᠭᠰᠡᠨ ᠪᠠᠶᠢᠪᠠᠯ᠂ ᠬᠠᠤᠯᠢ ᠲᠣᠭᠲᠠᠭᠠᠯ ᠶᠣᠰᠣᠭᠠᠷ ᠬᠠᠷᠢᠭᠤᠴᠠᠯᠭ᠎ᠠ ᠨᠡᠬᠡᠮᠵᠢᠯᠡᠨ᠎ᠡ᠃     ᠳᠡᠭᠡᠷᠡᠬᠢ ᠬᠢᠵᠢᠭ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠨᠡᠶᠢᠲᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠵᠦ᠂ ᠬᠢᠵᠢᠭ ᠢ ᠰᠡᠷᠭᠡᠶᠢᠯᠡᠨ ᠡᠵᠡᠮᠳᠡᠬᠦ ᠪᠠᠶᠢᠳᠠᠯ ᠢ ᠦᠨᠳᠦᠰᠦᠯᠡᠨ ᠬᠥᠳᠡᠯᠦᠩᠭᠦᠶ ᠪᠠᠷ ᠲᠣᠬᠢᠷᠠᠭᠤᠯᠤᠯᠲᠠ ᠬᠢᠨ᠎ᠠ᠃                                                            ᠲᠦᠩᠯᠢᠶᠣᠤ ᠬᠤᠲᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢ ᠰᠡᠷᠭᠡᠶᠢᠯᠡᠨ ᠡᠵᠡᠮᠳᠡᠬᠦ                                                                   ᠠᠵᠢᠯ ᠤᠨ ᠵᠢᠯᠣᠭᠤᠳᠬᠤ ᠭᠠᠵᠠᠷ                                                  2021 ᠣᠨ ᠤ 12 ᠳ᠋ᠤᠭᠠᠷ ᠰᠠᠷ᠎ᠠ ᠶᠢᠨ 29 ᠤ ᠡᠳᠦᠷ  
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号