ᠡᠦ ᠶᠦᠨ ᠪᠥᠸᠧ᠄  ᠵᠣᠯ ᠵᠢᠷᠭᠠᠯᠲᠤ ᠰᠢᠨ᠎ᠡ ᠬᠥᠳᠡᠭᠡ ᠲᠣᠰᠬᠤᠨ ᠢ ᠪᠥᠲᠥᠭᠡᠨ ᠪᠠᠶᠢᠭᠤᠯᠬᠤ ᠳᠠᠭᠠᠭᠤᠯᠣᠭᠴᠢ ᠪᠣᠯᠪᠠ
ᠨᠡᠶᠢᠲᠡᠯᠡᠭᠰᠡᠨ ᠴᠠᠭ᠄
2021/7/27
      ᠬᠠᠷ᠎ᠠ ᠥᠷᠯᠥᠭᠡ᠂ ᠡᠦ ᠶᠦᠨ ᠪᠥᠸᠧ ᠵᠠᠷᠤᠳ ᠬᠤᠰᠢᠭᠤᠨ ᠤ ᠮᠠᠯᠴᠢᠨ ᠠᠶᠢᠯ ᠦᠬᠡᠷ ᠲᠡᠵᠢᠭᠡᠬᠦ ᠲᠤᠰᠬᠠᠶ ᠬᠤᠷᠰᠢᠶ᠎ᠠ ᠳᠤ ᠪᠠᠨ ᠬᠦᠷᠴᠦ ᠦᠬᠡᠷ ᠤᠨ ᠬᠠᠰᠢᠶ᠎ᠠ ᠳᠤ ᠰᠢᠷᠣᠶ ᠳᠡᠪᠢᠰᠦᠭᠰᠡᠨ ᠪᠠᠶᠢᠳᠠᠯ ᠢ ᠪᠠᠶᠢᠴᠠᠭᠠᠨ ᠦᠵᠡᠪᠡ᠃ ᠣᠶᠢᠷ᠎ᠠ ᠶᠢᠨ ᠡᠳᠦᠷ ᠲᠤ ᠦᠷᠭᠦᠯᠵᠢᠯᠡᠨ ᠬᠤᠷ᠎ᠠ ᠪᠣᠷᠣᠭᠠᠨ ᠣᠷᠣᠭᠰᠠᠨ ᠠᠴᠠ ᠪᠣᠯᠵᠤ᠂ ᠦᠬᠡᠷ ᠤᠨ ᠬᠠᠰᠢᠶᠠᠨ ᠳᠤ ᠬᠦᠨᠳᠦ ᠨᠣᠴᠢᠲᠠᠶ ᠤᠰᠤ ᠬᠤᠷᠠᠪᠠ᠂ ᠡᠦ ᠶᠦᠨ ᠪᠥᠸᠧ ᠲᠡᠷᠡ ᠳᠠᠷᠤᠶ ᠳᠤᠨᠢ ᠠᠵᠢᠯᠴᠢᠳ ᠲᠠᠢ ᠪᠠᠨ ᠬᠠᠷᠢᠯᠴᠠᠵᠤ ᠦᠬᠡᠷ ᠤᠨ ᠬᠠᠰᠢᠶᠠᠨ ᠳᠤ ᠰᠢᠷᠣᠶ ᠳᠡᠪᠢᠰᠪᠡ᠃
    ︽ᠠᠭᠤᠯᠠᠨ ᠤ ᠡᠯᠡᠰᠦ ᠰᠢᠷᠣᠢ ᠶᠢ ᠵᠥᠭᠡᠭᠡᠪᠦᠷᠢᠯᠡᠵᠦ ᠠᠪᠴᠢᠷᠠᠭᠠᠳ ᠦᠬᠡᠷ ᠤᠨ ᠬᠠᠰᠢᠶ᠎ᠠ ᠳᠤ ᠳᠡᠪᠢᠰᠪᠡᠯ᠂ ᠦᠬᠡᠷ ᠶᠠᠪᠤᠬᠤ ᠳᠤ ᠮᠠᠰᠢ ᠲᠠᠭᠠᠯᠠᠮᠵᠢᠲᠠᠢ ᠪᠦᠭᠡᠳ ᠬᠥᠯ ᠤᠨ ᠪᠠᠮ ᠣᠯᠬᠤ ᠦᠭᠡᠢ᠂ ᠦᠬᠡᠷ ᠤᠨ ᠡᠷᠡᠭᠦᠯ ᠴᠢᠬᠢᠷᠠᠭ  ᠳᠤ ᠪᠠᠰᠠ ᠠᠰᠢᠭᠲᠠᠢ ᠪᠠᠶᠢᠳᠠᠭ᠃︾ ᠪᠠᠶᠠᠨᠲᠠᠯ᠎ᠠ ᠰᠤᠮᠤ ᠶᠢᠨ ᠵᠡᠭᠦᠨ ᠰᠠᠯᠠᠭ᠎ᠠ ᠭᠠᠴᠠᠭᠠᠨ ᠤ ᠨᠠᠮ ᠤᠨ ᠡᠭᠦᠷ ᠤᠨ ᠱᠦᠵᠢ᠂ ᠡᠷᠬᠢᠯᠡᠭᠴᠢ ᠡᠦ ᠶᠦᠨ ᠪᠥᠸᠧ ᠰᠤᠷᠪᠤᠯᠵᠢᠯᠠᠭᠴᠢ ᠳᠤ ᠢᠩᠬᠢᠵᠦ ᠲᠠᠨᠢᠯᠴᠠᠭᠤᠯᠪᠠ  ᠃
    ᠪᠠᠶᠠᠨᠲᠠᠯ᠎ᠠ ᠰᠤᠮᠤ ᠶᠢᠨ ᠵᠡᠭᠦᠨ ᠰᠠᠯᠠᠭ᠎ᠠ ᠭᠠᠴᠠᠭ᠎ᠠ ᠪᠣᠯ ᠪᠣᠭᠤᠨᠢ ᠠᠭᠤᠯᠠ ᠳᠣᠪᠣᠷᠬᠠᠭ ᠭᠠᠵᠠᠷ ᠤᠨ ᠭᠠᠵᠠᠷ ᠵᠦᠢ ᠶᠢᠨ ᠪᠠᠶᠢᠷᠢᠰᠢᠯ ᠲᠠᠢ᠂ ᠪᠡᠯ ᠭᠠᠵᠠᠷ ᠤᠨ ᠲᠠᠷᠢᠶ᠎ᠠ ᠣᠯᠠᠨ᠂ ᠠᠷᠪᠠᠨ ᠵᠢᠯ ᠤᠨ ᠶᠢᠰᠦᠨ ᠵᠢᠯ ᠨᠢ ᠭᠠᠩᠳᠠᠵᠤ᠂ ᠡᠯᠡᠰᠦᠨ ᠰᠢᠭᠤᠷᠭ᠎ᠠ ᠣᠯᠠᠨ᠂ ᠡᠭᠦᠨ ᠤ ᠳᠡᠭᠡᠷ᠎ᠡ ᠣᠶᠢᠷ᠎ᠠ ᠶᠢᠨ ᠵᠢᠯ ᠳᠤ ᠮᠠᠯ ᠲᠡᠵᠢᠭᠡᠪᠦᠷᠢ ᠶᠢᠨ ᠲᠤᠭ᠎ᠠ ᠨᠡᠮᠡᠭᠳᠡᠵᠦ᠂ ᠨᠤᠲᠤᠭ ᠪᠡᠯᠴᠢᠭᠡᠷ ᠬᠦᠨᠳᠦ ᠨᠤᠴᠢᠲᠠᠢ ᠳᠠᠭᠠᠭᠠᠴᠠ  ᠬᠡᠲᠦᠷᠡᠪᠡ᠂ ᠣᠨᠴᠠᠭᠠᠶᠢᠯᠠᠨ ᠡᠷᠦᠬᠡ ᠪᠦᠷᠢ ᠦᠪᠡᠷ ᠦᠪᠡᠷ ᠢᠶᠠᠨ ᠡᠵᠡᠩᠨᠡᠯᠲᠡ ᠬᠢᠭᠰᠡᠨ ᠠᠴᠠ ᠪᠣᠯᠵᠤ ᠬᠦᠴᠦᠨ ᠮᠡᠭᠦᠰ ᠪᠣᠯᠪᠠ᠃ ᠣᠯᠠᠨ ᠢ ᠪᠦᠯᠬᠦᠮᠳᠡᠨ ᠨᠢᠭᠡᠳᠭᠡᠵᠦ᠂ ᠨᠢᠭᠡᠨ ᠰᠢᠨ᠎ᠡ ᠵᠠᠮ ᠨᠡᠭᠡᠭᠡᠬᠦ ᠶᠢᠨ ᠲᠥᠯᠥᠭᠡ᠂ 2013 ᠣᠨ ᠳᠤ᠂ ᠡᠦ ᠶᠦᠨ ᠪᠥᠸᠧ ᠭᠠᠴᠠᠭᠠᠨ ᠤ ᠮᠠᠯᠴᠢᠳ  ᠢᠶᠠᠨ ᠳᠠᠭᠠᠭᠤᠯᠤᠨ ᠮᠠᠯᠴᠢᠨ ᠠᠶᠢᠯ ᠦᠬᠡᠷ ᠲᠡᠵᠢᠭᠡᠬᠦ ᠲᠤᠰᠬᠠᠶ ᠬᠤᠷᠰᠢᠶ᠎ᠠ ᠪᠠᠶᠢᠭᠤᠯᠵᠤ᠂ ᠬᠠᠮᠲᠤᠪᠠᠷ ᠬᠦᠭᠵᠢᠬᠦ ᠶᠢ ᠪᠡᠶᠡᠯᠡᠭᠦᠯᠵᠦ᠂ ᠭᠠᠴᠠᠭᠠᠨ ᠤ ᠠᠷᠠᠳ ᠲᠤ ᠨᠠᠩ ᠣᠯᠠᠨ ᠡᠬᠢ ᠪᠠᠶᠠᠯᠢᠭ ᠪᠠ ᠡᠳ᠋ ᠬᠥᠷᠥᠩᠭᠡ ᠠᠰᠢᠭ ᠬᠦᠷᠲᠡᠭᠡᠪᠡ  ᠃ ᠬᠡᠳᠦᠨ ᠵᠢᠯ ᠤᠨ ᠬᠥᠭᠵᠢᠯᠲᠡ ᠪᠠᠷ ᠳᠡᠮᠵᠢᠨ᠂ ᠬᠤᠷᠰᠢᠶ᠎ᠠ ᠨᠢ ᠨᠢᠭᠡᠨᠲᠡ ︽ᠪᠠᠶᠢᠭᠠᠯᠢᠯᠢᠭ ᠪᠡᠯᠴᠢᠭᠡᠷᠯᠡᠭᠦᠯᠦᠨ ᠮᠠᠯᠵᠢᠬᠤ  ᠂ ᠪᠣᠷᠳᠣᠬᠤ᠂ ᠨᠢᠳᠣᠯᠬᠤ ᠡᠳ᠋ᠰᠢᠭᠦᠯᠬᠦ᠂ ᠪᠣᠷᠣᠯᠠᠭᠤᠯᠬᠤ᠂ ᠢᠳᠡᠭᠡᠨ ᠤᠮᠳᠠᠭᠠᠨ︾ ᠶᠢ ᠨᠢᠭᠡ ᠴᠣᠭᠴᠠᠵᠢᠭᠤᠯᠤᠭᠰᠠᠨ ᠪᠥᠬᠦ ᠠᠵᠤ ᠦᠶᠯᠡᠰ ᠤᠨ ᠬᠡᠯᠬᠢᠶ᠎ᠡ ᠶᠢ ᠪᠦᠷᠢᠯᠳᠦᠭᠦᠯᠪᠡ  ᠃ 2020 ᠣᠨ ᠤ ᠡᠴᠦᠰ ᠪᠣᠯᠲᠠᠯ᠎ᠠ᠂ ᠬᠤᠷᠰᠢᠶ᠎ᠠ ᠶᠢᠨ ᠶᠡᠷᠦᠩᠬᠡᠶ ᠬᠥᠷᠥᠩᠭᠡ 6000 ᠲᠦᠮᠡ ᠬᠦᠷᠴᠦ᠂ ᠨᠡᠶᠢᠲᠡ 890 ᠭᠠᠷᠤᠶ ᠲᠦᠮᠡᠨ ᠲᠥᠭᠦᠷᠢᠭ ᠠᠰᠢᠭ ᠬᠤᠪᠢᠶᠠᠵᠤ᠂ ᠬᠥᠮᠦᠨ ᠳᠤᠮᠳᠠᠴᠢ ᠶᠢᠨ ᠣᠷᠣᠯᠭ᠎ᠠ ᠶᠢ 7300 ᠲᠥᠭᠦᠷᠢᠭ ᠠᠴᠠ ᠳᠡᠭᠡᠭᠰᠢ ᠨᠡᠮᠡᠭᠳᠡᠭᠦᠯᠵᠦ᠂ 132 ᠶᠠᠳᠠᠭᠤ ᠬᠦᠴᠢᠷᠳᠡᠯᠲᠡᠶ ᠡᠷᠦᠬᠡ ᠶᠢ ᠳᠠᠶᠢᠴᠢᠯᠠᠨ ᠲᠣᠭᠲᠠᠭᠤᠨ ᠢᠶᠠᠷ ᠶᠠᠳᠠᠭᠤ ᠠᠴᠠ ᠠᠩᠭᠢᠵᠢᠷᠠᠭᠤᠯᠪᠠ᠂ ᠣᠲᠣ ᠬᠥᠮᠦᠨ ᠳᠤᠮᠳᠠᠴᠢ ᠶᠢᠨ ᠣᠷᠣᠯᠭ᠎ᠠ ᠨᠢᠭᠡᠨᠲᠡ ᠬᠤᠶᠠᠷ ᠲᠦᠮᠡᠨ ᠲᠥᠭᠦᠷᠢᠭ ᠢ ᠳᠠᠪᠠᠪᠠ᠃
  《 ᠨᠠᠮ ᠤᠨ ᠡᠭᠦᠷ + ᠬᠤᠷᠰᠢᠶ᠎ᠠ + ᠰᠠᠭᠤᠷᠢᠨ ᠭᠠᠵᠠᠷ + ᠶᠠᠳᠠᠭᠤ ᠬᠦᠴᠢᠷᠳᠡᠯᠲᠡᠶ ᠡᠷᠦᠬᠡ 》 ᠶᠢᠨ ᠬᠥᠭᠵᠢᠯᠲᠡ ᠶᠢᠨ ᠵᠠᠭᠪᠤᠷ ᠨᠢ ᠮᠠᠯᠴᠢᠳ ᠢ ᠬᠤᠪᠢ ᠣᠷᠣᠭᠤᠯᠤᠭᠴᠢ ᠪᠣᠯᠭᠠᠨ ᠠᠰᠢᠭ ᠣᠷᠣᠯᠭ᠎ᠠ ᠶᠢ ᠨᠢ ᠬᠤᠪᠢᠶᠠᠯᠴᠠᠬᠤ ᠪᠠᠷ ᠪᠠᠷᠠᠬᠤ ᠥᠬᠡᠶ᠂ ᠪᠠᠰᠠ ᠦᠯᠡᠭᠦᠦ ᠬᠥᠳᠡᠯᠮᠦᠷᠢ ᠬᠦᠴᠦᠨ ᠢ ᠬᠤᠷᠰᠢᠶ᠎ᠠ ᠳᠤ ᠤᠷᠢᠨ ᠬᠡᠷᠡᠭᠯᠡᠵᠦ᠂ ᠲᠡᠳᠡᠨ ᠳᠤ ᠨᠢᠭᠡ ᠬᠤᠪᠢ ᠲᠣᠭᠲᠠᠭᠤᠨ ᠠᠵᠢᠯ ᠣᠯᠭᠤᠪᠠ᠂ ᠮᠠᠯᠴᠢᠨ ᠪᠣᠤ ᠯᠢ ᠯᠢᠶᠠᠨ ᠪᠣᠯ ᠳᠠᠷᠣᠢ ᠠᠰᠢᠭ ᠬᠦᠷᠲᠡᠭᠴᠢ ᠶᠢᠨ ᠨᠢᠭᠡ ᠪᠣᠯᠤᠨ᠎ᠠ  ᠃ ᠮᠠᠯᠴᠢᠨ ᠠᠶᠢᠯ ᠦᠬᠡᠷ ᠲᠡᠵᠢᠭᠡᠬᠦ ᠲᠤᠰᠬᠠᠶ ᠬᠤᠷᠰᠢᠶ᠎ᠠ ᠳᠤ ᠪᠣᠤ ᠯᠢ ᠯᠢᠶᠠᠨ ᠶᠠᠭ ᠦᠬᠡᠷ ᠲᠤ ᠡᠪᠡᠰᠦ ᠪᠣᠷᠳᠤᠭ᠎ᠠ ᠥᠭᠬᠦ ᠪᠠᠷ ᠶᠠᠭᠠᠷᠠᠵᠤ ᠪᠠᠶᠢᠪᠠ᠃ ᠬᠤᠷᠰᠢᠶ᠎ᠠ ᠪᠠᠶᠢᠭᠤᠯᠤᠭᠳᠠᠬᠤ ᠶᠢᠨ ᠡᠬᠢᠨ ᠤ ᠦᠶ᠎ᠡ ᠳᠤ ᠲᠡᠷᠡ ᠳᠠᠷᠤᠢ ᠠᠳᠡ ᠠᠵᠢᠯᠴᠢᠨ ᠪᠤᠯᠵᠤ᠂ ᠠᠶᠢᠯ ᠬᠡᠷ ᠢᠶᠠᠨ ᠬᠠᠷᠠᠵᠤ ᠰᠠᠭᠤᠬᠤ  ᠪᠠᠷ ᠪᠠᠷᠠᠬᠤ ᠦᠭᠡᠢ᠂ ᠪᠠᠰᠠ ᠣᠷᠣᠯᠭ᠎ᠠ   ᠲᠣᠭᠲᠠᠭᠤᠨ ᠪᠠᠶᠢᠵᠤ᠂ ᠠᠮᠢᠳᠤᠷᠠᠯ ᠶᠠᠪᠤᠬᠤ ᠲᠤᠳᠤᠮ ᠴᠢᠨᠡᠭᠡᠯᠢᠭᠵᠢᠪᠡ  ᠃  ︽ᠡᠦ ᠱᠦᠵᠢ ᠪᠣᠯ ᠪᠢᠳᠡᠨ ᠤ ᠮᠠᠰᠢ ᠰᠠᠶᠢᠨ ᠳᠠᠭᠠᠭᠤᠯᠤᠭᠴᠢ ᠮᠥᠨ᠂ ᠣᠲᠣ ᠪᠢᠳᠡ ᠨᠢᠭᠡ ᠲᠠᠯ᠎ᠠ ᠪᠠᠷ ᠲᠠᠷᠢᠶ᠎ᠠ ᠳᠠᠷᠢᠵᠤ ᠨᠦᠭᠦᠭᠡ ᠲᠠᠯ᠎ᠠ ᠪᠠᠷ ᠬᠤᠷᠰᠢᠶ᠎ᠠ ᠳᠤ ᠬᠥᠯᠥᠰᠥᠨ ᠠᠵᠢᠯ ᠬᠢᠵᠦ ᠵᠣᠭᠤᠰ ᠣᠯᠵᠤ ᠪᠠᠶᠢᠨ᠎ᠠ᠂ ᠣᠷᠣᠯᠭ᠎ᠠ ᠨᠡᠮᠡᠭᠳᠡᠵᠦ᠂ ᠠᠮᠢᠳᠤᠷᠠᠯ ᠶᠠᠪᠤᠬᠤ ᠲᠤᠲᠤᠮ ᠰᠠᠶᠢᠵᠢᠷᠠᠵᠤ ᠪᠠᠶᠢᠨ᠎ᠠ  ᠃︾ ᠭᠡᠵᠦ ᠪᠣᠤ ᠯᠢ ᠯᠢᠶᠠᠨ ᠬᠡᠯᠡᠪᠡ  ᠃     ᠡᠭᠦᠨ ᠢᠶᠠᠷ ᠪᠠᠷᠠᠬᠤ ᠥᠬᠡᠶ᠂ ᠡᠦ ᠶᠦᠨ ᠪᠥᠸᠧ ᠪᠠᠰᠠ ᠬᠦᠴᠢᠷᠳᠡᠯᠲᠡᠶ ᠣᠯᠠᠨ ᠲᠦᠮᠡᠨ ᠤ ᠦᠶᠯᠡᠳᠪᠦᠷᠢᠯᠡᠯ ᠠᠮᠢᠳᠤᠷᠠᠯ ᠢ ᠳᠡᠭᠡᠳᠦ ᠬᠡᠮᠵᠢᠶ᠎ᠡ ᠪᠠᠷ ᠬᠠᠷᠠᠭᠠᠯᠵᠠᠵᠤ᠂ ᠬᠦᠴᠢᠷᠳᠡᠯᠲᠡᠶ ᠣᠯᠠᠨ ᠲᠦᠮᠡᠨ ᠤ ᠬᠠᠯᠠᠭᠤᠨ ᠳᠤᠯᠠᠭᠠᠨ ᠢ ᠢᠮᠠᠭᠲᠠ ᠰᠡᠳᠬᠢᠯ ᠳᠡᠭᠡᠨ ᠪᠤᠳᠤᠵᠤ᠂ ᠬᠠᠮᠢᠶ᠎ᠠ ᠪᠥᠬᠦᠶ ᠲᠡᠳᠬᠦᠨ ᠳᠡᠮᠵᠢᠬᠦ ᠲᠥᠷᠥ ᠶᠢᠨ ᠪᠣᠳᠣᠯᠭ᠎ᠠ ᠶᠢ ᠢᠳᠡᠪᠬᠢᠲᠡᠶ ᠨᠠᠶᠢᠳᠠᠪᠤᠷᠢᠵᠢᠭᠤᠯᠵᠤ᠂ ᠬᠠᠪᠰᠤᠷᠤᠨ ᠲᠡᠳᠬᠦᠬᠦ ᠡᠷᠴᠢᠮ ᠢᠶᠠᠨ ᠴᠢᠩᠭᠠᠷᠠᠭᠤᠯᠵᠤ᠂ ᠦᠨᠡᠨ ᠰᠡᠳᠬᠢᠯ ᠠᠴᠠ ᠪᠠᠨ ᠣᠯᠠᠨ ᠲᠦᠮᠡᠨ ᠳᠤ ᠪᠣᠳᠠᠲᠤ ᠶᠠᠪᠤᠳᠠᠯ ᠬᠢᠵᠦ᠂ ᠬᠦᠴᠢᠷ ᠠᠰᠠᠭᠤᠳᠠᠯ ᠢ ᠨᠢ ᠰᠢᠶᠳᠪᠦᠷᠢᠯᠡᠵᠦ ᠥᠭᠪᠡ᠃
    ᠮᠠᠯᠴᠢᠨ ᠪᠠᠢ ᠭᠡᠷᠡᠯᠲᠦ ᠡᠪᠡᠳᠴᠢᠨ ᠲᠠᠢ ᠠᠴᠠ ᠪᠣᠯᠵᠤ ᠬᠦᠨᠳᠦ ᠠᠵᠢᠯ ᠬᠢᠵᠦ ᠳᠡᠶᠢᠯᠬᠦ ᠦᠭᠡᠢ᠂ ᠠᠮᠢᠳᠤᠷᠠᠯ ᠬᠦᠴᠢᠷᠲᠡᠶ᠃ ᠪᠠᠶᠢᠳᠠᠯ ᠢ ᠨᠢ ᠣᠶᠢᠯᠠᠭᠠᠭᠰᠠᠨ ᠤ ᠳᠠᠷᠠᠭ᠎ᠠ᠂ ᠡᠦ ᠶᠦᠨ ᠪᠥᠸᠧ ᠲᠡᠷᠡ ᠳᠠᠷᠤᠶ ᠳᠤᠨᠢ ᠪᠠᠢ ᠭᠡᠷᠡᠯᠲᠦ ᠳᠤ ᠪᠠᠯᠠ ᠮᠥᠩᠭᠦ ᠵᠣᠬᠢᠴᠠᠭᠤᠯᠣᠨ ᠥᠭᠴᠦ᠂ 2 ᠦᠨᠢᠶ᠎ᠡ ᠬᠤᠳᠠᠯᠳᠤᠨ ᠠᠪᠣᠭᠤᠯᠵᠤ ᠵᠢᠴᠢ ᠬᠤᠷᠰᠢᠶ᠎ᠠ  ᠠᠴᠠ ᠵᠢᠯ ᠪᠦᠷᠢ ᠪᠠᠢ ᠭᠡᠷᠡᠯᠲᠦ ᠳᠤ ᠨᠢᠭᠡ ᠦᠨᠢᠶ᠎ᠡ ᠶᠢᠨ ᠲᠤᠭᠤᠯ ᠢ ᠠᠰᠢᠭ ᠬᠤᠪᠢᠶᠠᠵᠤ  ᠥᠭᠪᠡ᠃ ᠣᠳᠣ ᠪᠠᠢ ᠭᠡᠷᠡᠯᠲᠦ ᠶᠢᠨ ᠬᠢᠨ ᠦᠬᠡᠷ ᠬᠤᠨᠢ ᠬᠠᠰᠢᠶ᠎ᠠ ᠳᠦᠭᠦᠷᠡᠩ᠂ ᠠᠮᠢᠳᠣᠷᠠᠯ ᠨᠢ ᠬᠦᠭᠵᠢᠭᠡᠨ ᠲᠠᠢ ᠪᠣᠯᠪᠠ᠃  ︽ᠭᠡᠷ ᠪᠦᠯᠢ ᠬᠦᠴᠢᠷᠳᠡᠯᠲᠡᠢ  ᠪᠠᠶᠢᠬᠤ ᠶᠢ ᠦᠵᠡᠭᠡᠳ᠂ ᠡᠦ ᠱᠦᠵᠢ ᠮᠠᠨ ᠤ ᠬᠡᠦᠬᠡᠳ ᠢ ᠲᠤᠰᠠᠯᠠᠨ ᠰᠤᠷᠭᠠᠭᠤᠯᠢ ᠳᠤ ᠣᠷᠣᠭᠤᠯᠣᠭᠰᠠᠨ ᠢᠶᠠᠷ ᠪᠠᠷᠠᠬᠤ ᠦᠭᠡᠢ᠂ ᠪᠠᠰᠠ ᠮᠠᠨ ᠤ ᠬᠠᠰᠢᠶ᠎ᠠ ᠰᠠᠷᠠᠪᠴᠢ ᠬᠦᠷᠦᠯᠴᠡᠬᠦ ᠦᠭᠡᠢ ᠪᠠᠶᠢᠬᠤ ᠶᠢ ᠦᠵᠡᠭᠡᠳ᠂ ᠪᠢᠳᠡᠨ ᠳᠤ ᠬᠠᠰᠢᠶ᠎ᠠ ᠰᠠᠷᠠᠪᠴᠢ ᠪᠠᠷᠢᠵᠤ ᠥᠭᠪᠡ᠂ ᠦᠬᠡᠷ ᠬᠤᠨᠢ ᠪᠠᠶᠢᠬᠤ ᠦᠭᠡᠢ ᠦᠶ᠎ᠡ ᠳᠤ᠂ ᠬᠤᠷᠰᠢᠶ᠎ᠠ ᠠᠴᠠ ᠪᠢᠳᠡᠨ ᠳᠤ ᠦᠬᠡᠷ ᠬᠤᠪᠢᠶᠠᠨ ᠥᠭᠪᠡ᠃ ᠡᠶᠢᠮᠦ ᠰᠠᠶᠢᠨ ᠭᠠᠴᠠᠭᠠᠨ ᠳᠠᠷᠤᠭ᠎ᠠ ᠶᠢ ᠪᠢᠳᠡ ᠬᠡᠵᠢᠶᠡᠳᠡ ᠮᠠᠷᠲᠠᠬᠤ ᠦᠭᠡᠢ ᠶᠤᠮ  ᠃ ᠡᠦ ᠱᠦᠵᠢ ᠶᠢᠨ ᠳᠠᠭᠠᠭᠤᠯᠭ᠎ᠠ ᠳᠣᠤᠷ᠎ᠠ᠂ ᠪᠢᠳᠡᠨ ᠤ ᠣᠳᠣ ᠶᠢᠨ ᠠᠮᠢᠳᠤᠷᠠᠯ ᠵᠣᠯ ᠵᠢᠷᠭᠠᠯ ᠲᠠᠢ  ᠃︾ ᠭᠡᠵᠦ  ᠪᠠᠢ ᠭᠡᠷᠡᠯᠲᠦ ᠰᠡᠳᠬᠢᠯ ᠳᠣᠭᠳᠣᠯᠤᠨ ᠬᠡᠯᠡᠪᠡ  ᠃     ᠡᠦ ᠶᠦᠨ ᠪᠥᠸᠧ ᠠᠴᠠ᠄ 《 ᠨᠠᠮ ᠤᠨ ᠲᠥᠯᠥᠭᠡᠯᠡᠭᠴᠢ ᠣᠯᠠᠨ ᠲᠦᠮᠡᠨ ᠳᠤ ᠦᠶᠯᠡᠴᠢᠯᠡᠬᠦ ᠬᠦᠨᠳᠦ ᠡᠭᠦᠷᠭᠡ ᠶᠢ ᠡᠭᠦᠷᠭᠡᠯᠡᠵᠦ ᠪᠠᠶᠢᠨ᠎ᠠ᠂ ᠨᠠᠮ ᠤᠨ ᠲᠥᠯᠥᠭᠡᠯᠡᠭᠴᠢ ᠭᠡᠬᠦ ᠡᠨᠡᠬᠦ ᠣᠨᠴᠠᠭᠠᠶ ᠬᠢᠷᠢ ᠬᠡᠮ ᠢ ᠪᠠᠲᠤ ᠴᠡᠭᠡᠵᠢᠯᠡᠵᠦ᠂ ᠠᠵᠢᠯᠯᠠᠭ᠎ᠠ ᠳᠡᠭᠡᠷ᠎ᠡ ᠪᠠᠨ ᠨᠠᠶᠢᠳᠠᠪᠤᠷᠢᠵᠢᠭᠤᠯᠵᠤ᠂ 《 ᠪᠥᠬᠦ ᠰᠡᠳᠬᠢᠯ ᠪᠥᠬᠦ ᠵᠣᠷᠢᠭ ᠢᠶᠠᠷ ᠢᠶᠠᠨ ᠠᠷᠠᠳ ᠲᠦᠮᠡᠨ ᠳᠤ ᠦᠶᠯᠡᠴᠢᠯᠡᠬᠦ 》 ᠵᠣᠷᠢᠯᠲᠠ ᠶᠢ ᠴᠠᠭ ᠢᠮᠠᠭᠲᠠ ᠪᠠᠲᠤ ᠴᠡᠭᠡᠵᠢᠯᠡᠵᠦ᠂ ᠠᠷᠠᠳ ᠲᠦᠮᠡᠨ ᠳᠤ ᠦᠶᠯᠡᠴᠢᠯᠡᠵᠦ᠂ ᠣᠷᠭᠢᠯᠤᠮ᠎ᠠ ᠬᠠᠯᠠᠭᠤᠨ ᠰᠡᠳᠬᠢᠯᠭᠡ᠂ ᠴᠤᠭ ᠪᠠᠳᠠᠷᠠᠩᠭᠤᠶ ᠲᠡᠮᠡᠴᠡᠯ ᠤᠨ ᠵᠣᠷᠢᠭ ᠢᠶᠠᠷ ᠮᠠᠯᠴᠢᠳ ᠢ ᠵᠣᠯ ᠵᠢᠷᠭᠠᠯ ᠲᠠᠢ ᠠᠮᠤᠷ ᠠᠮᠤᠭᠤᠯᠠᠩ ᠠᠮᠢᠳᠣᠷᠠᠭᠤᠯᠣᠨ᠎ᠠ  ᠃︾  ᠭᠡᠵᠦ ᠬᠡᠯᠡᠪᠡ᠃
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号