ᠵᠠᠷᠤᠳ ᠬᠤᠰᠢᠭᠤᠨ ᠤ ᠢ ᠨᠦᠩ ᠲᠠᠷᠢᠮᠠᠯ ᠤᠨ ᠲᠤᠰᠬᠠᠢ ᠬᠤᠷᠰᠢᠶ᠎ᠠ 6800 ᠮᠦ ᠲᠠᠷᠢᠶᠠᠨ ᠭᠠᠵᠠᠷ  ᠲᠤ ᠪᠠᠨ ᠡᠬᠢᠯᠡᠨ ᠲᠠᠷᠢᠪᠠ
ᠨᠡᠶᠢᠲᠡᠯᠡᠭᠰᠡᠨ ᠴᠠᠭ᠄
2022/5/19
    ᠣᠳᠣᠬᠠᠨ ᠳᠤ ᠶᠠᠭ ᠰᠠᠶᠢᠬᠠᠨ ᠲᠠᠷᠢᠶᠠᠯᠠᠩ ᠤᠨ ᠦᠢᠯᠡᠳᠪᠦᠷᠢᠯᠡᠯ ᠤᠨ ᠰᠠᠶᠢᠨ ᠰᠠᠶᠢᠬᠠᠨ ᠴᠠᠭ ᠦᠶ᠎ᠡ ᠪᠣᠯᠵᠤ ᠪᠠᠶᠢᠨ᠎ᠠ᠂ ᠵᠠᠷᠤᠳ ᠬᠤᠰᠢᠭᠤᠨ ᠤ ᠡᠯ᠎ᠡ ᠭᠠᠵᠠᠷ ᠤᠨ ᠬᠢᠨ ᠲᠠᠷᠢᠶᠠᠯᠠᠬᠤ ᠴᠠᠭ ᠢ ᠠᠮᠵᠢᠵᠤ᠂ ᠲᠠᠷᠢᠬᠤ ᠠᠬᠢᠴᠠ ᠪᠠᠨ ᠲᠦᠷᠭᠡᠳᠬᠡᠵᠦ᠂ ︽ᠬᠠᠪᠤᠷ ᠤᠨ ᠲᠠᠷᠢᠶᠠᠯᠠᠭ᠎ᠠ ᠶᠢᠨ ᠵᠢᠷᠤᠭ ᠲᠦᠷᠰᠤ︾ ᠬᠥᠳᠡᠭᠡ ᠲᠣᠰᠬᠤᠨ ᠳᠤ ᠠᠯᠭᠤᠷᠬᠠᠨ ᠢᠶᠠᠷ ᠳᠡᠯᠭᠡᠭᠳᠡᠵᠦ ᠡᠬᠢᠯᠡᠪᠡ᠃
    ᠰᠢᠶᠠᠩᠱᠠᠨ ᠪᠠᠯᠭᠠᠰᠤᠨ ᠤ ᠦ᠋ ᠳ᠋ᠣᠣ ᠵᠢᠩ ᠽᠢ ᠲᠣᠰᠬᠤᠨ ᠤ ᠢ ᠨᠦᠩ ᠲᠠᠷᠢᠮᠠᠯ ᠤᠨ ᠲᠤᠰᠬᠠᠢ ᠬᠤᠷᠰᠢᠶ᠎ᠠ ᠶᠢᠨ 6800 ᠮᠦ ᠲᠠᠷᠢᠶᠠᠨ ᠭᠠᠵᠠᠷ ᠲᠤ᠂ ᠬᠠᠭᠠᠯᠪᠤᠷᠢᠯᠠᠬᠤ ᠦᠭᠡᠢ ᠪᠠᠷ ᠲᠠᠷᠢᠬᠤ ᠮᠠᠰᠢᠨ ᠨᠠᠰᠢ ᠴᠠᠰᠢ ᠰᠦᠯᠵᠢᠯᠳᠦᠵᠦ᠂ ᠭᠤᠤ ᠮᠠᠯᠲᠠᠬᠤ᠂ ᠪᠣᠷᠳᠣᠭᠤᠷ ᠣᠷᠣᠭᠤᠯᠬᠤ᠂ ᠦᠷ᠎ᠡ ᠬᠠᠶᠠᠬᠤ᠂ ᠰᠢᠷᠣᠢ ᠪᠦᠷᠬᠦᠭᠦᠯᠬᠦ ᠵᠡᠷᠭᠡ ᠠᠵᠢᠯ ᠢ ᠨᠢᠭᠡ ᠯᠡ ᠠᠮᠢᠰᠬᠤᠭ᠎ᠠ ᠪᠠᠷ ᠬᠢᠵᠦ ᠪᠠᠶᠢᠨ᠎ᠠ᠃ ᠢ ᠨᠦᠩ ᠲᠠᠷᠢᠮᠠᠯ ᠤᠨ ᠲᠤᠰᠬᠠᠢ ᠬᠤᠷᠰᠢᠶ᠎ᠠ 2019 ᠣᠨ ᠳᠤ ᠪᠠᠶᠢᠭᠤᠯᠤᠭᠳᠠᠵᠤ᠂ ᠬᠤᠷᠰᠢᠶ᠎ᠠ ᠵᠠᠬᠢᠶᠠᠯᠠᠭ᠎ᠠ ᠶᠢᠨ ᠵᠠᠭᠪᠤᠷ ᠢ ᠬᠡᠷᠡᠭᠯᠡᠵᠦ᠂ ᠤᠯᠠᠭᠠᠨᠬᠠᠳᠠ ᠶᠢᠨ ᠤᠣ ᠶᠠ ᠤᠳᠤ ᠦᠶ᠎ᠡ ᠶᠢᠨ ᠮᠠᠯᠵᠢᠯ ᠤᠨ ᠲᠠᠯᠠᠪᠠᠢ ᠬᠢᠵᠠᠭᠠᠷᠲᠤ ᠺᠣᠮᠫᠠᠨᠢ ᠲᠠᠢ ᠵᠠᠬᠢᠶᠠᠯᠠᠭ᠎ᠠ ᠶᠢᠨ ᠭᠡᠷ᠎ᠡ ᠲᠣᠭᠲᠠᠵᠤ᠂ ᠵᠠᠬᠢᠶᠠᠯᠠᠭ᠎ᠠ ᠶᠢᠨ ᠱᠠᠭᠠᠷᠳᠠᠯᠭ᠎ᠠ ᠶᠣᠰᠣᠭᠠᠷ ᠪᠦᠬᠦᠯᠢ ᠰᠠᠭᠤᠷᠢ  ᠬᠦᠬᠡ ᠳᠠᠷᠤᠰᠢ ᠶᠢᠨ ᠡᠷᠳᠡᠨᠢ ᠰᠢᠰᠢ ᠲᠠᠷᠢᠪᠠ᠃
     ᠪᠦᠬᠦᠯᠢ ᠰᠠᠭᠤᠷᠢ ᠬᠦᠭᠡ ᠳᠠᠷᠤᠰᠢ ᠶᠢᠨ ᠡᠷᠳᠡᠨᠢ ᠰᠢᠰᠢ ᠶᠢᠨ ᠤᠷᠭᠤᠯᠲᠠ ᠶᠢᠨ ᠦᠶᠡᠯᠡᠯ ᠨᠢ ᠣᠬᠤᠷ ᠪᠥᠭᠡᠳ ᠡᠭᠡᠭᠦᠯᠦᠨ ᠬᠤᠷᠢᠶᠠᠬᠤ ᠦᠶ᠎ᠡ ᠳᠤ ᠪᠦᠬᠦᠯᠢ ᠰᠠᠭᠤᠷᠢ ᠪᠠᠷ ᠨᠢ ᠬᠠᠳᠤᠵᠤ ᠬᠤᠷᠢᠶᠠᠳᠠᠭ ᠪᠣᠯᠬᠤᠷ ᠪᠦᠷᠢᠯᠭᠡᠨ ᠰᠦᠢᠳᠬᠡᠬᠦ ᠠᠴᠠ ᠵᠠᠶᠢᠯᠠᠰᠬᠢᠨ᠎ᠡ》ᠭᠡᠵᠦ ᠬᠤᠷᠰᠢᠶᠠᠨ ᠤ ᠬᠠᠷᠢᠭᠤᠴᠠᠯᠭᠠᠲᠠᠨ ᠳ᠋ᠦᠩ ᠮᠢᠩ ᠭᠠᠩ ᠲᠠᠨᠢᠯᠴᠠᠭᠤᠯᠪᠠ᠃ ᠣᠳᠣᠬᠠᠨ ᠳᠤ᠂ ᠬᠤᠷᠰᠢᠶᠠᠨ ᠤ 2000 ᠮᠦ ᠲᠠᠷᠢᠶ᠎ᠠ ᠪᠠᠨ ᠲᠠᠷᠢᠭᠠᠳᠤᠢ ᠪᠠᠶᠢᠭᠰᠠᠭᠠᠷ᠂ 6 ᠡᠳᠦᠷ ᠤᠨ ᠳᠣᠲᠣᠷ᠎ᠠ ᠪᠦᠬᠦᠨ ᠢ ᠲᠠᠷᠢᠵᠦ ᠲᠠᠭᠤᠰᠬᠠᠨ᠎ᠠ᠃      ︽ᠤᠰᠤ ᠪᠣᠯ ᠲᠠᠷᠢᠶᠠᠯᠠᠩ ᠤᠨ ᠦᠢᠯᠡᠳᠪᠦᠷᠢᠯᠡᠯ ᠢ ᠠᠬᠢᠭᠤᠯᠬᠤ ᠶᠢᠨ ᠵᠠᠩᠭᠢᠯᠠᠭ᠎ᠠ ᠮᠥᠨ᠂ ᠡᠨᠡ ᠵᠢᠯ ᠬᠤᠷᠰᠢᠶ᠎ᠠ ᠬᠢᠨ ᠤᠰᠤᠯᠠᠬᠤ ᠠᠷᠭ᠎ᠠ ᠮᠠᠶ᠋ᠢᠭ ᠢᠶᠠᠨ ᠦᠭᠡᠷᠡᠴᠢᠯᠡᠪᠡ᠃ ︽ᠮᠠᠨ ᠤ ᠡᠨᠡ ᠰᠦᠷᠴᠢᠨ ᠤᠰᠤᠯᠠᠬᠤ ᠮᠠᠰᠢᠨ ᠢ ᠲᠦᠷᠪᠡᠨ ᠠᠯᠭᠠᠰᠠᠯ ᠬᠤᠪᠢᠶᠠᠳᠠᠭ᠂ ᠠᠯᠭᠠᠰᠠᠯ ᠪᠦᠷᠢ ᠶᠢᠨ ᠤᠷᠳᠤ ᠨᠢ 60 ᠮᠧᠲᠷ᠂ ᠲᠦᠷᠪᠡᠨ ᠠᠯᠭᠠᠰᠠᠯ ᠪᠤᠯ ᠶᠡᠷᠦᠩᠬᠡᠢ ᠷᠠᠳᠢᠤᠰ ᠪᠣᠯᠣᠨ᠎ᠠ᠂ ᠥᠭᠡᠷ᠎ᠡ ᠪᠠᠷ ᠬᠡᠯᠡᠪᠡᠯ ᠤᠰᠤᠯᠠᠬᠤ ᠶᠡᠷᠦᠩᠬᠡᠢ ᠲᠠᠯᠠᠪᠠᠢ ᠶᠢᠨ ᠷᠠᠳᠢᠤᠰ ᠨᠢ 240 ᠮᠧᠲᠷ᠂ ᠤᠰᠤᠯᠠᠬᠤ ᠴᠠᠭ ᠨᠢ ᠭᠤᠷᠪᠠᠨ ᠡᠳᠦᠷ ᠣᠷᠴᠢᠮ᠂ ᠤᠰᠤᠯᠠᠬᠤ ᠲᠠᠯᠠᠪᠠᠢ ᠨᠢ 300 ᠮᠦ ᠬᠦᠷᠴᠦ᠂ ᠤᠰᠤᠯᠠᠬᠤ ᠭᠦᠨ ᠤ ᠬᠡᠮᠵᠢᠶ᠎ᠡ ᠨᠢ 10 ᠠᠴᠠ 15 ᠰᠠᠨᠲ᠋ᠢᠮᠧᠲᠷ ᠪᠠᠶᠢᠳᠠᠭ︾ ᠭᠡᠵᠦ ᠳ᠋ᠦᠩ ᠮᠢᠩ ᠭᠠᠩ ᠬᠡᠯᠡᠪᠡ᠃
    ᠬᠤᠷᠰᠢᠶ᠎ᠠ ᠶᠢᠨ ᠶᠡᠭᠡ ᠬᠡᠪᠴᠢᠶ᠎ᠡ ᠪᠠᠷ ᠲᠠᠷᠢᠶᠠᠯᠠᠬᠤ ᠠᠵᠢᠯ ᠡᠬᠢᠯᠡᠭᠰᠡᠨ ᠨᠢ ᠡᠷᠬᠢᠨ ᠲᠣᠭᠤᠷᠢᠨ ᠤ ᠲᠠᠷᠢᠶᠠᠴᠢᠳ ᠲᠤ ᠨᠡᠩ ᠤᠯᠠᠨ ᠠᠵᠢᠯ ᠣᠯᠬᠤ ᠲᠣᠬᠢᠶᠠᠯ ᠤᠯᠭᠤᠪᠠ᠃ ᠶᠠᠩ ᠬᠠᠢ ᠯᠦᠩ ᠪᠣᠯ ᠰᠢᠶᠠᠩᠱᠠᠨ ᠪᠠᠯᠭᠠᠰᠤᠨ ᠤ ᠰᠢᠨᠹᠠ ᠲᠣᠰᠬᠤᠨ ᠤ ᠬᠥᠮᠥᠨ᠂ ᠬᠤᠷᠰᠢᠶᠠᠨ ᠳᠤ ᠠᠵᠢᠯᠴᠢᠨ ᠬᠡᠷᠡᠭᠯᠡᠬᠦ ᠪᠠ ᠮᠠᠰᠢᠨ ᠮᠧᠬᠠᠨᠢᠭ ᠬᠡᠷᠡᠭᠰᠡᠬᠦ ᠴᠢᠬᠤᠯᠠ ᠲᠠᠢ ᠪᠠᠶᠢᠬᠤ ᠶᠢ ᠰᠤᠨᠤᠰᠤᠭᠠᠳ᠂ ᠲᠡᠷᠡ ᠳᠠᠷᠤᠢ ᠳᠤᠨᠢ ᠥᠪᠡᠷ ᠤᠨ ᠦᠷ᠎ᠡ ᠰᠠᠴᠤᠬᠤ ᠮᠠᠰᠢᠨ ᠢᠶᠠᠨ  ᠵᠢᠯᠤᠭᠤᠳᠴᠤ ᠬᠤᠷᠰᠢᠶᠠᠨ ᠳᠤ ᠢᠷᠡᠵᠦ ᠠᠵᠢᠯ ᠡᠷᠢᠵᠦ᠂ ᠡᠳᠦᠷ ᠪᠦᠷᠢ 100 ᠮᠦ ᠣᠷᠴᠢᠮ ᠳᠠᠷᠢᠵᠤ᠂ ᠨᠡᠯᠢᠶᠡᠳ ᠰᠠᠶᠢᠨ ᠣᠷᠣᠯᠭ᠎ᠠ ᠤᠯᠪᠠ᠃     ᠶᠠᠩ ᠬᠠᠢ ᠯᠦᠩ᠄ ︽ᠭᠡᠷ ᠤᠨ ᠲᠠᠷᠢᠶ᠎ᠠ ᠪᠠᠨ ᠲᠠᠷᠢᠵᠦ ᠪᠠᠷᠠᠮᠠᠭᠴᠠ ᠬᠤᠷᠰᠢᠶᠠᠨ ᠳᠤ ᠢᠷᠡᠵᠦ ᠪᠠᠭ᠎ᠠ ᠰᠠᠭ᠎ᠠ ᠠᠵᠢᠯ ᠬᠢᠪᠡ᠂ ᠦᠪᠡᠷ ᠤᠨ ᠭᠡᠷ ᠤᠨ 200 ᠭᠠᠷᠤᠢ ᠮᠤ᠋ ᠲᠠᠷᠢᠶ᠎ᠠ ᠪᠠᠨ ᠴᠤ ᠰᠠᠭᠠᠲᠠᠭᠠᠳᠠᠭ ᠦᠭᠡᠢ᠂ ᠤᠳᠤ ᠴᠤ ᠳᠤᠰᠤᠯᠭᠠᠨ ᠤᠰᠤᠯᠠᠵᠤ ᠪᠠᠶᠢᠨ᠎ᠠ᠂ ᠲᠠᠷᠢᠵᠦ ᠪᠠᠷᠠᠭᠠᠳ ᠬᠤᠳᠳᠤᠭ ᠤᠨ ᠬᠠᠭᠠᠯᠳᠠ ᠶᠢ ᠳᠠᠷᠤᠮᠠᠭᠴᠠ ᠤᠰᠤᠯᠠᠭᠠᠳ ᠪᠠᠷᠠᠴᠢᠬᠠᠳᠠᠭ᠂ ᠢᠩᠭᠢᠭᠡᠳ ᠭᠠᠷᠴᠤ ᠢᠷᠡᠭᠡᠳ ᠪᠠᠭ᠎ᠠ ᠰᠠᠭ᠎ᠠ ᠰᠤᠯᠠ ᠵᠠᠷᠤᠬᠤ ᠵᠣᠭᠤᠰ ᠣᠯᠵᠤ᠂ ᠭᠡᠷ ᠤᠨ ᠵᠠᠷᠤᠳᠠᠯ ᠢᠶᠠᠨ ᠨᠥᠬᠦᠪᠦᠷᠢᠯᠡᠳᠡᠭ᠃ ᠡᠳᠦᠷ ᠲᠤ 1000 ᠭᠠᠷᠤᠢ ᠲᠥᠭᠦᠷᠢᠭ ᠤᠯᠵᠦ ᠶᠠᠭᠠᠬᠢᠯ᠎ᠠ ᠭᠡᠰᠡᠨ ᠴᠦ ᠭᠠᠳᠠᠭᠰᠢ ᠭᠠᠷᠴᠤ ᠬᠥᠯᠥᠰᠦᠨ ᠠᠵᠢᠯ ᠬᠢᠬᠦ ᠠᠴᠠ ᠬᠥᠩᠭᠡᠨ ᠪᠠᠶᠢᠳᠠᠭ᠂ ᠡᠶᠢᠮᠦ ᠬᠤᠷᠰᠢᠶ᠎ᠠ ᠪᠠᠶᠢᠪᠠᠯ ᠪᠢᠳᠡᠨ ᠳᠤ ᠯᠠᠪᠲᠠᠢ ᠪᠠᠭ᠎ᠠ ᠪᠤᠰᠤ ᠣᠷᠣᠯᠭ᠎ᠠ ᠠᠪᠴᠢᠷᠠᠵᠤ ᠥᠭᠭᠦᠨ᠎ᠡ᠂ ᠡᠨᠡ ᠨᠢ ᠶᠡᠭᠡ ᠰᠠᠶᠢᠨ ᠶᠠᠪᠤᠳᠠᠯ ᠶᠤᠮ︾ ᠭᠡᠵᠦ ᠪᠠᠶᠠᠷᠳᠠᠢ ᠬᠡᠯᠡᠪᠡ᠃     ᠮᠥᠷ ᠮᠥᠷ ᠦᠷ᠎ᠡ ᠰᠠᠴᠤᠬᠤ ᠮᠠᠰᠢᠨ ᠤ ᠬᠠᠶᠠᠭᠰᠠᠨ ᠨᠢ ᠵᠥᠪᠬᠡᠨ ᠵᠢᠵᠢᠭᠬᠡᠨ ᠦᠷ᠎ᠡ ᠪᠢᠰᠢ᠂ ᠬᠠᠷᠢᠨ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠬᠤ ᠬᠦᠰᠡᠯ ᠡᠷᠡᠮᠡᠯᠵᠡᠯ ᠪᠣᠯᠣᠨ᠎ᠠ᠃ ᠲᠠᠨᠢᠯᠴᠠᠭᠤᠯᠤᠭᠰᠠᠨ ᠢᠶᠠᠷ᠂ ᠡᠨᠡ ᠵᠢᠯ᠂ ᠢ ᠨᠦᠩ ᠲᠠᠷᠢᠮᠠᠯ ᠤᠨ ᠲᠤᠰᠬᠠᠢ ᠬᠤᠷᠰᠢᠶᠠᠵᠢᠯ ᠤᠨ ᠳᠠᠷᠢᠬᠤ ᠲᠠᠯᠠᠪᠠᠶ 6800 ᠮᠦ ᠪᠠᠶᠢᠵᠤ᠂ ᠵᠢᠱᠢᠯᠲᠡ ᠪᠠᠷ ᠣᠷᠣᠯᠭ᠎ᠠ ᠨᠢ 200 ᠲᠦᠮᠡᠨ ᠲᠥᠭᠦᠷᠢᠭ ᠬᠦᠷᠬᠦ ᠪᠣᠯᠣᠨ᠎ᠠ᠃
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号