ᠵᠠᠷᠤᠳ ᠬᠤᠰᠢᠭᠤ᠄ ᠰᠢᠨ᠎ᠡ ᠴᠠᠭ ᠦᠶ᠎ᠡ ᠶᠢᠨ ᠪᠣᠬᠢᠷᠳᠤᠯ ᠦᠭᠡᠢ ᠬᠥᠭᠵᠢᠯᠲᠡ ᠶᠢᠨ ᠳᠠᠭᠠᠭᠤᠯᠤᠭᠴᠢ ᠪᠣᠯᠬᠤ ᠪᠠᠷ ᠴᠢᠷᠮᠠᠶᠢᠵᠤ ᠪᠠᠶᠢᠨ᠎ᠠ
ᠨᠡᠶᠢᠲᠡᠯᠡᠭᠰᠡᠨ ᠴᠠᠭ᠄
2022/6/23
      ᠣᠶᠢᠷ᠎ᠠ ᠳᠤ᠂ ᠶᠡᠷᠦᠩᠬᠡᠢ ᠪᠡᠯᠡ ᠣᠷᠣᠭᠤᠯᠤᠯᠲᠠ ᠪᠠᠷ ᠪᠠᠷᠤᠭ 12.5 ᠳ᠋ᠦᠩᠰᠢᠭᠤᠷ ᠲᠥᠭᠦᠷᠢᠭ ᠤᠨ ᠣᠷᠴᠢᠯ ᠠᠵᠤ ᠠᠬᠤᠢ ᠶᠢᠨ ᠵᠢᠱᠢᠶ᠎ᠡ ᠦᠵᠡᠭᠦᠯᠬᠦ ᠢᠨᠵᠧᠨᠧᠷᠢᠩ ᠤᠨ ᠦᠷᠭᠦᠯᠵᠢᠯᠡᠨ ᠪᠠᠶᠢᠭᠤᠯᠬᠤ 200MW ᠰᠠᠯᠬᠢᠨ ᠬᠦᠴᠦᠨ ᠤ ᠴᠠᠬᠢᠯᠭᠠᠨ ᠤ ᠲᠥᠷᠥᠯ ᠵᠦᠢᠯ ᠤᠨ ᠨᠢᠭᠡᠳᠦᠭᠡᠷ ᠱᠠᠲᠤᠨ ᠤ 6 ᠰᠠᠣᠷᠢ ᠰᠣᠷᠬᠢᠭᠤᠯ ᠢ ᠳᠡᠭᠦᠵᠢᠯᠡᠨ ᠤᠭᠰᠠᠷᠠᠬᠤ ᠠᠵᠢᠯ ᠢ ᠪᠡᠶᠡᠯᠡᠭᠦᠯᠪᠡ᠃ ᠡᠨᠡ ᠬᠦ ᠲᠥᠷᠦᠯ ᠵᠦᠢᠯ ᠤᠨ ᠲᠣᠭᠲᠠᠭᠤᠨ ᠢᠶᠠᠷ ᠠᠬᠢᠭᠤᠯᠤᠭᠰᠠᠨ ᠨᠢ᠂ ᠵᠠᠷᠤᠳ ᠬᠤᠰᠢᠭᠤ ᠪᠣᠬᠢᠷᠳᠤᠯ ᠦᠭᠡᠢ ᠡᠨᠧᠷᠭᠢ ︽ᠰᠠᠯᠬᠢᠨ ︱ ᠭᠡᠷᠡᠯ ︱ ᠭᠠᠯ ︱ ᠨᠦᠬᠡᠴᠡᠯᠡᠬᠦ︾ ᠣᠯᠠᠨ ᠡᠨᠧᠷᠭᠢ ᠶᠢᠨ ᠬᠠᠷᠢᠯᠴᠠᠨ ᠨᠥᠬᠦᠪᠦᠷᠢᠯᠡᠬᠦ ᠵᠠᠭᠪᠤᠷ ᠪᠠ ︽ᠡᠬᠢ︱ ᠲᠤᠤᠷ ︱ ᠳᠠᠭᠠᠭᠠᠴᠠ ︱ ᠨᠦᠬᠡᠴᠡᠯᠡᠬᠦ︾ ᠶᠢ ᠨᠢᠭᠡ ᠴᠣᠭᠴᠠᠵᠢᠭᠤᠯᠬᠤ ᠵᠠᠭᠪᠤᠷ ᠢ ᠪᠡᠶᠡᠯᠡᠭᠦᠯᠬᠦ ᠲᠠᠯ᠎ᠠ ᠪᠠᠷ ᠪᠠᠰᠠ ᠨᠢᠭᠡ ᠠᠯᠬᠤᠮ ᠢᠳᠡᠷᠭᠦᠨ ᠢᠶᠠᠷ ᠠᠯᠬᠤᠭᠰᠠᠨ ᠢ ᠬᠠᠷᠠᠭᠤᠯᠵᠤ ᠪᠠᠶᠢᠨ᠎ᠠ᠃
6d83fab239b5b0da78be682034c8cac.jpg   
    ᠲᠣᠰ ᠲᠥᠷᠥᠯ ᠵᠦᠢᠯ ᠤᠨ ᠲᠥᠯᠥᠪᠯᠡᠭᠰᠡᠨ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ ᠨᠢ 200MW ᠪᠠᠶᠢᠵᠤ᠂ 42 ᠰᠠᠤᠷᠢ ᠲᠠᠩ ᠮᠠᠰᠢᠨ ᠤ ᠪᠠᠭᠲᠠᠭᠠᠮᠵᠢ ᠨᠢ 4.8MW ᠶᠢᠨ ᠰᠠᠯᠬᠢᠨ ᠬᠦᠴᠦᠨ ᠤ ᠮᠠᠰᠢᠨ ᠢ ᠤᠭᠰᠠᠷᠠᠵᠤ᠂ ᠵᠢᠱᠢᠯᠲᠡ ᠪᠠᠷ 9 ᠰᠠᠷ᠎ᠠ ᠶᠢᠨ 30 ᠤ ᠡᠳᠦᠷ ᠪᠣᠯᠲᠠᠯ᠎ᠠ ᠪᠥᠬᠦ ᠪᠠᠭᠲᠠᠭᠠᠮᠵᠢ ᠪᠠᠷ ᠲᠣᠣᠷ ᠲᠤ ᠣᠷᠣᠭᠤᠯᠬᠤ ᠪᠣᠯᠣᠨ᠎ᠠ᠂ ᠪᠦᠲᠦᠭᠡᠨ ᠪᠠᠶᠢᠭᠤᠯᠬᠤ ᠭᠠᠵᠠᠷ ᠨᠢ ᠭᠡᠷᠴᠢᠯᠠᠭᠤ ᠰᠤᠮᠤᠨ ᠳᠤ ᠪᠣᠶ᠃ ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠯ ᠪᠦᠷᠢ ︽ᠴᠡᠪᠡᠷ ᠡᠨᠧᠷᠬᠢ︾ ᠶᠢ ᠪᠠᠷᠤᠭ 7 ᠳ᠋ᠦᠩᠰᠢᠭᠤᠷ ᠺᠢᠯᠣᠸᠠᠲ ᠴᠠᠭ ᠢᠯᠡᠭᠦᠦ ᠬᠦᠷᠭᠡᠵᠦ᠂ ᠪᠠᠷᠢᠮᠵᠢᠶᠠᠲᠤ ᠨᠡᠭᠦᠷᠡᠰᠦ ᠶᠢ 23 ᠲᠦᠮᠡᠨ ᠲᠣᠨ ᠠᠷᠪᠢᠯᠠᠵᠤ᠂ ᠬᠦᠬᠦᠷ ᠤᠨ ᠳᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠶᠢ 2000 ᠲᠣᠨ ᠪᠠᠭᠠᠰᠬᠠᠵᠤ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠶᠢ 64 ᠲᠦᠮᠡᠨ ᠲᠣᠨ ᠪᠠᠭᠠᠰᠬᠠᠬᠤ ᠪᠣᠯᠣᠨ᠎ᠠ᠃
94c6df187f3724f94791ba6bdd88784.jpg   
    2022 ᠣᠨ ᠳᠤ᠂ ᠵᠠᠷᠤᠳ ᠬᠤᠰᠢᠭᠤᠨ ᠤ ᠪᠣᠬᠢᠷᠳᠤᠯ ᠦᠭᠡᠢ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠬᠡᠯᠪᠡᠷᠢ ᠶᠢᠨ ᠬᠤᠪᠢᠷᠠᠭᠤᠯᠬᠤ ᠠᠯᠬᠤᠴᠠ ᠤᠯᠠᠮ ᠨᠢᠭᠡ ᠠᠯᠬᠤᠮ ᠲᠦᠷᠭᠡᠳᠴᠦ᠂ ᠰᠠᠯᠬᠢᠨ ᠭᠡᠷᠡᠯ ᠤᠨ ᠡᠨᠧᠷᠬᠢ ᠨᠦᠬᠡᠴᠡᠯᠡᠬᠦ ᠵᠡᠷᠭᠡ ᠰᠢᠨ᠎ᠡ ᠡᠨᠧᠷᠭᠢ ᠶᠢᠨ ᠠᠵᠤ ᠦᠢᠯᠡᠰ ᠤᠨ ᠬᠡᠯᠬᠢᠶ᠎ᠡ ᠨᠠᠩ ᠶᠡᠭᠡ ᠬᠥᠭᠵᠢᠯᠲᠡ ᠶᠢᠨ ᠠᠵᠠ ᠲᠣᠬᠢᠶᠠᠯ ᠢ ᠤᠭᠲᠤᠨ ᠠᠪᠴᠢᠷᠠᠯ᠎ᠠ᠃ ᠢᠷᠡᠭᠡᠳᠦᠢ ᠳᠤ ᠵᠠᠷᠤᠳ ᠬᠤᠰᠢᠭᠤᠨ ᠤ ᠬᠢᠨ ᠡᠨᠧᠷᠭᠢ ᠶᠢ ᠠᠷᠪᠢᠯᠠᠨ ᠪᠣᠬᠢᠷᠳᠣᠯ ᠢ ᠪᠠᠭᠠᠰᠬᠠᠬᠤ ᠪᠠ ᠡᠨᠧᠷᠭᠢ ᠶᠢᠨ ᠪᠦᠲᠦᠴᠡ ᠶᠢᠨ ᠲᠣᠬᠢᠷᠠᠭᠤᠯᠤᠯᠲᠠ ᠶᠢ ᠦᠷᠭᠦᠯᠵᠢᠯᠡᠨ ᠠᠬᠢᠭᠤᠯᠵᠤ᠂ ᠪᠣᠬᠢᠷᠳᠤᠯ ᠦᠭᠡᠢ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠬᠥᠭᠵᠢᠯᠲᠡ ᠪᠠᠷ ᠤᠳᠤᠷᠢᠳᠤᠮᠵᠢ ᠪᠣᠯᠭᠠᠬᠤ ᠶᠢ ᠴᠢᠩᠭᠠᠳᠬᠠᠨ᠂ ᠰᠢᠨ᠎ᠡ ᠡᠨᠧᠷᠭᠢ ᠶᠢᠨ ᠬᠦᠷᠢᠶᠡᠨ ᠳᠠᠬᠢ ᠴᠢᠬᠤᠯᠠ ᠶᠡᠭᠡ ᠢᠨᠵᠧᠨᠧᠷᠢᠩ ᠤᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠪᠥᠬᠦ ᠲᠠᠯ᠎ᠠ ᠪᠠᠷ ᠲᠦᠯᠬᠢᠨ ᠠᠬᠢᠭᠤᠯᠤᠨ᠎ᠠ᠃ ᠵᠢᠱᠢᠯᠲᠡ ᠪᠠᠷ 2022 ᠣᠨ ᠤ ᠡᠴᠦᠰ ᠪᠣᠯᠲᠠᠯ᠎ᠠ᠂ ᠵᠠᠷᠤᠳ ᠬᠤᠰᠢᠭᠤᠨ ᠤ ᠰᠢᠨ᠎ᠡ ᠡᠨᠧᠷᠭᠢ ᠶᠢᠨ ᠮᠠᠰᠢᠨ ᠴᠣᠭᠴᠠᠯᠠᠪᠤᠷᠢ ᠶᠢᠨ ᠬᠡᠪᠴᠢᠶ᠎ᠡ 200 ᠲᠦᠮᠡᠨ ᠺᠢᠯᠣᠸᠠᠲ  ᠠᠴᠠ ᠳᠡᠭᠡᠭᠰᠢ ᠳᠤ ᠬᠦᠷᠴᠦ᠂ ᠮᠠᠰᠢᠨ ᠴᠣᠭᠴᠠᠯᠠᠪᠤᠷᠢ ᠶᠢᠨ ᠡᠵᠡᠯᠡᠬᠦ ᠬᠠᠷᠢᠴᠠᠯ 70%  ᠠᠴᠠ ᠳᠡᠭᠡᠭᠰᠢ ᠬᠦᠷᠬᠦ ᠪᠣᠯᠣᠨ᠎ᠠ᠃
dc4198498841ee3c7c9df0952aa96c5.jpg
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号