| ᠣᠶᠢᠷ᠎ᠠ ᠶᠢᠨ ᠵᠢᠯ ᠳᠤ᠂ ᠵᠠᠷᠤᠳ ᠬᠤᠰᠢᠭᠤ ᠣᠯᠠᠨ ᠠᠴᠠ ᠬᠡᠲᠦᠶᠢᠳᠦᠭᠰᠡᠨ ᠡᠬᠢ ᠪᠠᠶᠠᠯᠢᠭ ᠤᠨ | ᠳᠠᠪᠠᠭᠤᠯᠢᠭ ᠲᠠᠭᠠᠨ ᠲᠦᠰᠢᠭᠯᠡᠵᠦ᠂ ᠬᠢᠲᠠᠳ ᠡᠮ ᠡᠮᠨᠡᠯᠭᠡ ᠶᠢᠨ ᠠᠵᠤ ᠦᠢᠯᠡᠰ ᠢ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠭᠤᠣᠯᠯᠠᠬᠤ ᠠᠵᠤ ᠦᠢᠯᠡᠰ ᠤᠨ ᠨᠢᠭᠡ ᠪᠣᠯᠭᠠᠬᠤ ᠶᠢ ᠪᠠᠷᠢᠮᠲᠠᠯᠠᠵᠤ᠂ ᠲᠤᠬᠠᠢ ᠶᠢᠨ | ᠭᠠᠵᠠᠷ ᠣᠷᠣᠨ ᠤ ᠪᠠᠶᠢᠳᠠᠯ᠂ ᠲᠣᠰᠬᠤᠨ ᠤ ᠪᠠᠶᠢᠳᠠᠯ ᠳᠤᠨᠢ ᠲᠣᠬᠢᠷᠠᠭᠤᠯᠤᠨ ᠲᠥᠷᠥ ᠶᠢᠨ ᠪᠣᠳᠣᠯᠭ᠎ᠠ ᠬᠡᠷᠡᠭᠵᠢᠭᠦᠯᠵᠦ | ᠂ ᠬᠢᠲᠠᠳ ᠡᠮ ᠤᠨ ᠮᠠᠲ᠋ᠧᠷᠢᠶᠠᠯ ᠤᠨ ᠠᠵᠤ ᠦᠢᠯᠡᠰ ᠢ ᠶᠡᠬᠡᠪᠡᠷ ᠬᠥᠭᠵᠢᠭᠦᠯᠬᠦ ᠶᠢᠨ ᠬᠠᠮᠲᠤ ᠬᠢᠲᠠᠳ ᠡᠮ ᠤᠨ | ᠮᠠᠲ᠋ᠧᠷᠢᠶᠠᠯ ᠢ ᠡᠳ᠋ᠰᠢᠭᠦᠯᠬᠦ ᠠᠵᠤ ᠠᠬᠤᠶᠢᠯᠠᠯ ᠢ ᠣᠷᠣᠭᠤᠯᠤᠨ ᠠᠪᠴᠢᠷᠠᠵᠤ᠂ ᠪᠣᠬᠢᠷᠲᠤᠯ ᠦᠭᠡᠢ ᠵᠢᠩᠬᠢᠨᠢ ᠬᠢᠲᠠᠳ | ᠡᠮ ᠤᠨ ᠮᠠᠲ᠋ᠧᠷᠢᠶᠠᠯ ᠨᠢ ᠠᠵᠤ ᠠᠬᠤᠶᠢᠯᠠᠯ ᠤᠨ ᠳᠠᠶᠢᠴᠢᠯᠠᠯᠲᠠ ᠳᠣᠣᠷ᠎ᠠ᠂ ᠪᠥᠬᠦ ᠠᠵᠤ ᠦᠢᠯᠡᠰ ᠤᠨ ᠬᠡᠯᠬᠢᠶ᠎ᠡ ᠶᠢ | ᠬᠥᠭᠵᠢᠭᠦᠯᠵᠦ᠂ ᠲᠡᠭᠦᠨ ᠢ ᠠᠷᠠᠳ ᠢ ᠪᠠᠶᠠᠵᠢᠭᠤᠯᠬᠤ ᠠᠵᠤ ᠦᠢᠯᠡᠰ᠂ ᠠᠮᠢ ᠠᠬᠤᠢ ᠶᠢᠨ ᠠᠵᠤ ᠦᠢᠯᠡᠰ᠂ ᠡᠷᠡᠭᠦᠯ | ᠮᠡᠨᠳᠦ ᠶᠢᠨ ᠠᠵᠤ ᠦᠢᠯᠡᠰ ᠪᠣᠯᠭᠠᠪᠠ᠃ | | | ᠣᠳᠣᠬᠠᠨ ᠳᠤ᠂ ᠵᠠᠷᠤᠳ ᠬᠤᠰᠢᠭᠤᠨ ᠤ ᠯᠦᠪᠸᠢ ᠠᠵᠤ ᠦᠢᠯᠡᠰ ᠤᠨ ᠲᠣᠭᠤᠷᠢᠭ ᠤᠨ ᠲᠢᠶᠠᠨ ᠴᠧᠩ ᠬᠢᠲᠠᠳ | ᠡᠮ ᠤᠨ ᠮᠠᠲ᠋ᠧᠷᠢᠶᠠᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠡᠮ ᠤᠨ ᠮᠠᠲ᠋ᠧᠷᠢᠶᠠᠯ ᠪᠣᠯᠪᠠᠰᠤᠷᠠᠭᠤᠯᠬᠤ | ᠦᠢᠯᠡᠳᠪᠦᠷᠢ ᠳᠤ᠂ ᠬᠡᠳᠦᠨ ᠠᠷᠪᠠᠨ ᠠᠵᠢᠯᠴᠢᠨ ᠶᠠᠭ ᠰᠠᠶᠢᠬᠠᠨ ᠨᠡᠷᠡᠨ ᠳᠤ ᠬᠠᠲᠠᠭᠠᠵᠤ ᠪᠠᠶᠢᠭ᠎ᠠ ᠡᠮ ᠤᠨ | ᠮᠠᠲ᠋ᠧᠷᠢᠶᠠᠯ ᠢ ᠡᠮᠬᠢ ᠵᠢᠷᠣᠮ ᠲᠠᠢ ᠰᠢᠭᠦᠬᠦ᠂ ᠢᠯᠭᠠᠬᠤ᠂ ᠤᠬᠢᠶᠠᠨ ᠴᠡᠪᠡᠷᠯᠡᠬᠦ᠂ ᠬᠡᠷᠴᠢᠬᠦ᠂ ᠲᠠᠬᠢᠨ ᠨᠡᠷᠡᠨ ᠳᠤ | ᠬᠠᠲᠠᠭᠠᠵᠤ ᠪᠠᠶᠢᠪᠠ᠂ ᠬᠦᠷᠢᠶᠡᠨ ᠳᠣᠲᠣᠷ᠎ᠠ ᠬᠤᠷᠳᠤᠨ ᠴᠠᠭᠠᠨ᠂ ᠬᠤᠨᠴᠢᠨ᠂ ᠭᠠᠰᠢᠭᠤᠨ ᠣᠷᠬᠤᠳᠠᠢ ᠵᠡᠷᠭᠡ ᠰᠢᠨ᠎ᠡ | ᠰᠣᠷᠭᠤᠭ ᠬᠢᠲᠠᠳ ᠡᠮ ᠤᠨ ᠮᠠᠲ᠋ᠧᠷᠢᠶᠠᠯ ᠢ ᠬᠠᠲᠠᠭᠠᠵᠤ᠂ ᠠᠬᠤᠢ ᠲᠠᠯᠠᠪᠠᠢ ᠳᠤ ᠬᠦᠷ ᠬᠥᠭᠵᠢᠶᠡᠨ ᠲᠠᠢ ᠶᠠᠭᠠᠷᠠᠯᠲᠠᠢ | ᠠᠵᠢᠯ ᠬᠥᠳᠡᠯᠮᠦᠷᠢ ᠶᠢᠨ ᠪᠠᠶᠢᠳᠠᠯ ᠢᠯᠡᠷᠡᠪᠡ᠃ | ︽ᠪᠢᠳᠡ ᠡᠨᠡ ᠵᠢᠯ ᠤᠨ 10 ᠰᠠᠷ᠎ᠠ ᠠᠴᠠ ᠡᠬᠢᠯᠡᠨ ᠦᠢᠯᠡᠳᠪᠦᠷᠢᠯᠡᠵᠦ᠂ ᠨᠢᠭᠡ ᠡᠳᠦᠷ ᠤᠨ ᠦᠢᠯᠡᠳᠬᠦᠨ ᠤ | ᠥᠷᠲᠡᠭ ᠨᠢ 5 ᠲᠣᠨ ᠣᠷᠴᠢᠮ ᠪᠣᠯᠣᠨ᠎ᠠ᠂ ᠡᠨᠡ ᠵᠢᠯ ᠠᠩᠬᠠᠨ ᠵᠢᠯ ᠤᠨ ᠦᠢᠯᠡᠳᠪᠦᠷᠢᠯᠡᠭᠰᠡᠨ ᠦᠢᠯᠡᠳᠬᠦᠨ ᠤ | ᠥᠷᠲᠡᠭ 2000 ᠲᠦᠮᠡᠨ ᠲᠥᠭᠦᠷᠢᠭ ᠬᠦᠷᠬᠦ ᠪᠣᠯᠣᠨ᠎ᠠ᠂ ᠳᠠᠷᠠᠭᠠᠴᠢ ᠪᠠᠷ ᠠᠷᠪᠢᠨ ᠲᠠᠷᠢᠭᠰᠠᠨ ᠪᠠᠶᠢᠳᠠᠯ ᠳᠣᠣᠷ᠎ᠠ | 5000 ᠲᠦᠮᠡᠨ ᠲᠥᠭᠦᠷᠢᠭ ᠠᠴᠠ 8000 ᠲᠦᠮᠡᠨ ᠲᠥᠭᠦᠷᠢᠭ ᠣᠷᠴᠢᠮ ᠪᠣᠯᠣᠨ᠎ᠠ᠃︾ ᠭᠡᠵᠦ ᠲᠢᠶᠠᠨ ᠴᠧᠩ | ᠬᠢᠲᠠᠳ ᠡᠮ ᠤᠨ ᠮᠠᠲ᠋ᠧᠷᠢᠶᠠᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠳᠠᠭᠠᠭᠠᠮᠠᠯ ᠶᠠᠩ ᠲᠤᠤ | ᠲᠠᠨᠢᠯᠴᠠᠭᠤᠯᠪᠠ᠃ ᠲᠢᠶᠠᠨ ᠴᠧᠩ ᠬᠢᠲᠠᠳ ᠡᠮ ᠤᠨ ᠮᠠᠲ᠋ᠧᠷᠢᠶᠠᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠨᠢ | ᠭᠤᠣᠯᠳᠠᠭᠤ ᠵᠢᠩᠬᠢᠨᠢ ᠬᠢᠲᠠᠳ ᠡᠮ ᠤᠨ ᠮᠠᠲ᠋ᠧᠷᠢᠶᠠᠯ ᠢ ᠬᠤᠳᠠᠯᠳᠤᠨ ᠠᠪᠬᠤ᠂ ᠪᠣᠯᠪᠠᠰᠤᠷᠠᠭᠤᠯᠬᠤ ᠪᠠ | ᠪᠣᠷᠣᠯᠠᠭᠤᠯᠬᠤ ᠪᠠᠷ ᠭᠤᠣᠯ ᠪᠣᠯᠭᠠᠵᠤ᠂ ᠬᠢᠲᠠᠳ ᠡᠮ ᠤᠨ ᠮᠠᠲ᠋ᠧᠷᠢᠶᠠᠯ ᠢ ᠪᠣᠯᠪᠠᠰᠤᠷᠠᠭᠤᠯᠬᠤ ᠳᠤ ᠬᠥᠳᠡᠯᠮᠦᠷᠢ ᠬᠦᠴᠦ | ᠬᠥᠯᠥᠰᠦᠯᠡᠨ ᠠᠩᠬ᠎ᠠ ᠰᠢᠯᠢᠬᠦ ᠠᠵᠢᠯ ᠬᠢᠯᠭᠡᠬᠦ ᠴᠢᠬᠤᠯᠠᠲᠠᠢ ᠪᠠᠶᠢᠳᠠᠭ᠂ ᠪᠣᠯᠪᠠᠰᠤᠷᠠᠭᠤᠯᠬᠤ ᠦᠢᠯᠡᠳᠪᠦᠷᠢ ᠶᠢᠨ | ᠲᠣᠭᠤᠷᠢᠭ ᠢ ᠠᠰᠢᠭᠯᠠᠯᠲᠠ ᠳᠤ ᠣᠷᠣᠭᠤᠯᠤᠭᠰᠠᠨ ᠨᠢ ᠡᠮ ᠲᠠᠷᠢᠭᠰᠠᠨ ᠲᠠᠷᠢᠶᠠᠴᠢᠳ ᠤᠨ ᠡᠮ ᠬᠤᠳᠠᠯᠳᠤᠬᠤ ᠳᠤ | ᠬᠦᠴᠢᠷᠲᠡᠢ ᠪᠠᠶᠢᠬᠤ ᠠᠰᠠᠭᠤᠳᠠᠯ ᠢ ᠪᠦᠲᠦᠮᠵᠢᠲᠡᠶ ᠰᠢᠢᠳᠪᠦᠷᠢᠯᠡᠭᠰᠡᠨ ᠢᠶᠠᠷ ᠪᠠᠷᠠᠬᠤ ᠦᠭᠡᠢ ᠪᠠᠰᠠ ᠲᠤᠬᠠᠢ ᠶᠢᠨ | ᠭᠠᠵᠠᠷ ᠤᠨ ᠮᠠᠯᠴᠢᠨ ᠲᠠᠷᠢᠶᠠᠴᠢᠳ ᠲᠤ ᠠᠵᠢᠯ ᠣᠯᠬᠤ ᠲᠣᠬᠢᠶᠠᠯ ᠣᠯᠭᠤᠪᠠ᠃ | | | ᠯᠦᠪᠸᠢ ᠪᠠᠯᠭᠠᠰᠤᠨ ᠳᠤ ᠰᠠᠭᠤᠵᠤ ᠪᠠᠶᠢᠭᠰᠠᠨ ᠶᠠᠩ ᡁᠢ ᠹᠠ ᠡᠮ ᠤᠨ ᠦᠢᠯᠡᠳᠪᠦᠷᠢ ᠪᠠᠶᠢᠭᠤᠯᠤᠭᠳᠠᠬᠤ ᠶᠢᠨ | ᠡᠬᠢᠨ ᠤ ᠦᠶ᠎ᠡ ᠳᠤ ᠳᠠᠷᠤᠢ ᠠᠳᠡ ᠢᠷᠡᠵᠦ ᠬᠥᠯᠥᠰᠦᠨ ᠠᠵᠢᠯ ᠬᠢᠪᠡ᠂ ᠨᠡᠨ ᠨᠢ ᠭᠠᠳᠠᠭᠰᠢ ᠭᠠᠷᠴᠤ ᠬᠥᠯᠥᠰᠦᠨ | ᠠᠵᠢᠯ ᠬᠢᠬᠦ ᠪᠠᠨ ᠪᠠᠶᠢᠭᠰᠠᠨ ᠠᠴᠠ ᠪᠠᠷᠠᠬᠤ ᠦᠭᠡᠢ ᠪᠠᠰᠠ ᠭᠡᠷ ᠤᠨ ᠡᠭᠦᠳᠡᠨ ᠳᠤ ᠪᠠᠨ ᠠᠵᠢᠯ ᠣᠯᠪᠠ᠂ ᠡᠨᠡ ᠨᠢ | ᠲᠡᠭᠦᠨ ᠤ ᠠᠮᠢᠳᠤᠷᠠᠯ ᠳᠤ ᠮᠠᠰᠢ ᠶᠡᠭᠡ ᠳᠦᠭᠦᠮ ᠦᠵᠡᠭᠦᠯᠪᠡ᠃ ︽ᠦᠢᠯᠡᠳᠪᠦᠷᠢ ᠪᠠᠶᠢᠭᠤᠯᠤᠭᠳᠠᠭᠰᠠᠨ ᠠᠴᠠ ᠨᠠᠰᠢ᠂ | ᠪᠢ ᠳᠠᠷᠤᠢ ᠡᠨᠡ ᠬᠦ ᠡᠮ ᠤᠨ ᠦᠢᠯᠡᠳᠪᠦᠷᠢ ᠳᠤ ᠬᠥᠯᠥᠰᠦᠨ ᠠᠵᠢᠯ ᠬᠢᠪᠡ᠂ ᠠᠳᠡ ᠬᠢᠭᠰᠡᠨ ᠨᠢ ᠭᠠᠳᠠᠭᠰᠢ | ᠭᠠᠷᠴᠤ ᠬᠥᠯᠥᠰᠦᠨ ᠠᠵᠢᠯ ᠬᠢᠬᠦ ᠠᠴᠠ ᠪᠠᠨ ᠬᠤᠯᠠ ᠳᠥᠭᠦᠮ ᠪᠣᠯᠵᠠᠢ᠂ ᠭᠡᠷ ᠠᠴᠠ ᠣᠶᠢᠷ᠎ᠠ ᠮᠥᠷᠲᠡᠭᠡᠨ ᠴᠠᠯᠢᠩ | ᠬᠥᠯᠥᠰᠦ ᠨᠢ ᠴᠦ ᠵᠦᠭᠡᠷ ᠪᠣᠯᠬᠤᠷ ᠭᠡᠷ ᠤᠨ ᠡᠭᠦᠳᠡᠨ ᠳᠤ ᠪᠠᠨ ᠠᠵᠢᠯ ᠣᠯᠬᠤ ᠶᠢ ᠪᠡᠶᠡᠯᠡᠭᠦᠯᠪᠡ︾ ᠭᠡᠵᠦ ᠬᠡᠯᠡᠪᠡ᠃ | ᠳᠥᠭᠦᠮ ᠪᠣᠯᠵᠠᠢ᠃︾ ᠭᠡᠵᠦ ᠶᠠᠩ ᡁᠢ ᠹᠠ ᠪᠠᠶᠠᠷᠲᠠᠢ ᠪᠠᠷ ᠬᠡᠯᠡᠪᠡ᠃ | ᠵᠠᠷᠤᠳ ᠬᠤᠰᠢᠭᠤᠨ ᠳᠤ ᠣᠶᠢᠲᠤ ᠭᠠᠵᠠᠷ ᠤᠨ ᠡᠬᠢ ᠪᠠᠶᠠᠯᠢᠭ ᠡᠯᠪᠡᠭ ᠪᠠᠶᠢᠵᠤ᠂ ᠬᠡᠭᠡᠷ᠎ᠡ ᠶᠢᠨ ᠡᠮ ᠤᠨ | ᠮᠠᠲ᠋ᠧᠷᠢᠶᠠᠯ ᠤᠨ ᠬᠠᠮᠠᠭᠠᠯᠠᠯᠲᠠ ᠶᠢᠨ ᠴᠢᠨᠠᠷᠲᠠᠢ ᠨᠡᠭᠡᠭᠡᠨ ᠠᠰᠢᠭᠯᠠᠯᠲᠠ ᠪᠠ ᠠᠮᠢᠳᠤ ᠪᠣᠳᠠᠰ ᠢ ᠳᠠᠭᠤᠷᠢᠶᠠᠨ ᠳᠠᠷᠢᠬᠤ | ᠲᠠᠯ᠎ᠠ ᠪᠠᠷ ᠯᠤᠲᠤ ᠶᠡᠭᠡ ᠳᠠᠯᠳᠠ ᠬᠦᠴᠦᠨ ᠲᠠᠢ ᠪᠠᠶᠢᠳᠠᠭ᠃ ᠲᠢᠶᠠᠨ ᠴᠧᠩ ᠬᠢᠲᠠᠳ ᠡᠮ ᠤᠨ ᠮᠠᠲ᠋ᠧᠷᠢᠶᠠᠯ ᠤᠨ | ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠬᠢᠲᠠᠳ ᠡᠮ ᠤᠨ ᠮᠠᠲ᠋ᠧᠷᠢᠶᠠᠯ ᠤᠨ ᠡᠬᠢ ᠪᠠᠶᠠᠯᠢᠭ ᠪᠠ ᠠᠵᠤ ᠦᠢᠯᠡᠰ ᠤᠨ | ᠰᠠᠭᠤᠷᠢ ᠵᠡᠷᠭᠡ ᠳᠠᠪᠠᠭᠤᠯᠢᠭ ᠢᠶᠠᠨ ᠠᠰᠢᠭᠯᠠᠵᠤ᠂ ᠲᠠᠷᠢᠶᠠᠨ ᠤ ᠬᠤᠨᠴᠢᠷ᠂ ᠱᠦᠭᠦᠷᠭᠡᠨ᠎ᠡ᠂ ᠴᠢᠨ᠋ᠸ᠎ᠠ ᠶᠢᠨ ᠬᠠᠯᠲᠠᠷ᠂ | ᠬᠤᠷᠳᠤᠨ ᠴᠠᠭᠠᠨ᠂ ᠰᠢᠬᠢᠷ ᠡᠪᠡᠰᠦ ᠵᠡᠷᠭᠡ ᠳᠦᠷᠦᠯ ᠵᠦᠢᠯ ᠢ ᠲᠠᠷᠢᠬᠤ ᠪᠠᠷ ᠭᠤᠣᠯ ᠪᠣᠯᠭᠠᠵᠤ᠂ ᠳᠦᠷᠪᠡᠨ ᠡᠮ ᠤᠨ | ᠮᠠᠲ᠋ᠧᠷᠢᠶᠠᠯ ᠤᠨ ᠲᠠᠷᠢᠮᠠᠯ ᠤᠨ ᠰᠠᠭᠤᠷᠢᠨ ᠢ ᠨᠡᠭᠡᠭᠡᠨ ᠬᠥᠭᠵᠢᠭᠦᠯᠵᠦ᠂ ᠦᠷ᠎ᠡ ᠴᠢᠬᠢ ᠪᠣᠶᠢᠵᠢᠭᠤᠯᠬᠤ᠂ ᠲᠠᠷᠢᠬᠤ᠂ | ᠬᠤᠷᠢᠶᠠᠬᠤ᠂ ᠪᠣᠯᠪᠠᠰᠤᠷᠠᠭᠤᠯᠬᠤ᠂ ᠬᠥᠮᠥᠷᠭᠡᠯᠡᠬᠦ᠂ ᠵᠥᠭᠡᠭᠡᠪᠦᠷᠢᠯᠡᠬᠦ ᠵᠡᠷᠭᠡ ᠪᠦᠬᠦ ᠶᠠᠪᠤᠴᠠ ᠠᠴᠠ ᠳᠦᠷᠢᠮᠵᠢᠭᠦᠯᠦᠨ | ᠬᠠᠮᠢᠶᠠᠷᠴᠤ᠂ ᠲᠠᠷᠢᠮᠠᠯ ᠤᠨ ᠰᠠᠭᠤᠷᠢᠨ ᠤ ᠪᠠᠷᠢᠮᠵᠢᠶᠠᠵᠢᠯᠲᠠ᠂ ᠳᠦᠷᠢᠮᠵᠢᠯᠲᠡ᠂ ᠬᠡᠪᠴᠢᠶᠡᠵᠢᠯᠲᠡ ᠶᠢ ᠪᠡᠶᠡᠯᠡᠭᠦᠯᠵᠦ᠂ | ᠪᠦᠬᠦ ᠬᠤᠰᠢᠭᠤᠨ ᠤ ᠬᠢᠲᠠᠳ ᠡᠮ ᠤᠨ ᠮᠠᠲ᠋ᠧᠷᠢᠶᠠᠯ ᠤᠨ ᠠᠵᠤ ᠦᠢᠯᠡᠰ ᠤᠨ ᠬᠥᠭᠵᠢᠯᠲᠡ ᠶᠢ ᠠᠬᠢᠭᠤᠯᠤᠨ ᠰᠢᠨ᠎ᠡ | ᠳᠡᠭᠲᠡᠷ ᠲᠤ ᠭᠠᠷᠭᠠᠪᠠ᠃ | ᠶᠠᠩ ᠲᠤᠸ ᠢᠯᠡᠷᠬᠡᠶᠢᠯᠡᠬᠦ ᠳᠡᠭᠡᠨ᠄ ︽ᠲᠠᠷᠠᠭᠠᠴᠢ ᠪᠠᠷ᠂ ᠮᠠᠨ ᠤ ᠠᠵᠤ ᠠᠬᠤᠶᠢᠯᠠᠯ ᠪᠠᠰᠠ ᠣᠷᠣᠯᠠᠨ | ᠦᠢᠯᠡᠳᠪᠦᠷᠢᠯᠡᠬᠦ᠂ ᠣᠷᠣᠯᠠᠨ ᠪᠣᠷᠣᠯᠠᠭᠤᠯᠬᠤ᠂ ᠣᠷᠣᠯᠠᠨ ᠬᠤᠳᠠᠯᠳᠤᠨ ᠠᠪᠬᠤ᠂ ᠣᠷᠣᠯᠠᠨ ᠪᠣᠯᠪᠠᠰᠤᠷᠠᠭᠤᠯᠬᠤ | ᠵᠢᠴᠢ ᠬᠥᠮᠥᠷᠭᠡᠯᠡᠨ ᠬᠠᠳᠠᠭᠠᠯᠠᠬᠤ ᠶᠢ ᠨᠢᠭᠡ ᠴᠣᠭᠴᠠᠵᠢᠭᠤᠯᠤᠭᠰᠠᠨ ᠬᠢᠲᠠᠳ ᠡᠮ ᠤᠨ ᠮᠠᠲ᠋ᠧᠷᠢᠶᠠᠯ ᠢ ᠲᠥᠪᠯᠡᠷᠡᠭᠦᠯᠦᠨ | ᠲᠠᠷᠬᠠᠭᠠᠬᠤ ᠰᠠᠭᠤᠷᠢᠨ ᠭᠠᠵᠠᠷ ᠪᠠᠶᠢᠭᠤᠯᠵᠤ᠂ ᠵᠣᠴᠢᠨ ᠬᠤᠳᠠᠯᠳᠤᠭᠠᠴᠢᠨ ᠪᠠ ᠠᠷᠠᠳ ᠣᠯᠠᠨ ᠤ ᠬᠢᠲᠠᠳ ᠡᠮ ᠤᠨ | ᠮᠠᠲ᠋ᠧᠷᠢᠶᠠᠯ ᠢ ᠵᠠᠯᠭᠠᠯᠳᠤᠭᠤᠯᠤᠨ ᠬᠤᠳᠠᠯᠳᠤᠨ ᠠᠪᠴᠤ ᠪᠣᠷᠣᠯᠠᠭᠤᠯᠬᠤ ᠶᠢ ᠨᠢᠭᠡ ᠴᠣᠭᠴᠠᠵᠢᠭᠤᠯᠬᠤ ᠶᠢ | ᠪᠡᠶᠡᠯᠡᠭᠦᠯᠦᠨ᠎ᠡ︾ ᠭᠡᠪᠡ᠃ | ᠨᠢᠭᠡ ᠵᠦᠢᠯ ᠤᠨ ᠠᠵᠤ ᠦᠢᠯᠡᠰ ᠢ ᠬᠦᠭᠵᠢᠪᠡᠯ᠂ ᠲᠡᠷᠡ ᠭᠠᠵᠠᠷ ᠤᠨ ᠠᠷᠠᠳ ᠢᠷᠭᠡᠳ ᠪᠡᠶᠡᠵᠢᠨᠡ ᠭᠡᠳᠡᠭ᠃ | ᠵᠠᠷᠤᠳ ᠬᠤᠰᠢᠭᠤ ᠢᠮᠠᠭᠲᠠ ᠡᠬᠢ ᠪᠠᠶᠠᠯᠢᠭ ᠪᠠ ᠲᠥᠷᠥ ᠶᠢᠨ ᠪᠣᠳᠣᠯᠭ᠎ᠠ ᠶᠢᠨ ᠳᠠᠪᠠᠭᠤᠯᠢᠭ ᠲᠠᠭᠠᠨ ᠰᠠᠭᠤᠷᠢᠯᠠᠵᠤ᠂ | ᠣᠨᠴᠠᠯᠢᠭᠲᠤ ᠲᠠᠷᠢᠮᠠᠯ ᠢ ᠲᠠᠷᠢᠶᠠᠯᠠᠩ ᠤᠨ ᠠᠵᠤ ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢ ᠠᠬᠢᠭᠤᠯᠬᠤ᠂ | ᠠᠮᠢ ᠠᠬᠤᠢ ᠶᠢᠨ ᠣᠷᠴᠢᠨ ᠲᠣᠭᠤᠷᠢᠨ ᠢ ᠰᠠᠶᠢᠵᠢᠷᠠᠭᠤᠯᠬᠤ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠢ ᠪᠡᠶᠡᠯᠡᠭᠦᠯᠬᠦ ᠬᠦᠴᠦᠲᠡᠢ ᠠᠷᠭ᠎ᠠ ᠬᠡᠮᠵᠢᠶ᠎ᠡ ᠪᠣᠯᠭᠠᠵᠤ᠂ ᠬᠢᠲᠠᠳ ᠡᠮ ᠤᠨ ᠮᠠᠲ᠋ᠧᠷᠢᠶᠠᠯ ᠤᠨ | ᠲᠠᠷᠢᠮᠠᠯ ᠤᠨ ᠰᠠᠭᠤᠷᠢᠨ ᠢ ᠦᠷᠭᠦᠯᠵᠢᠯᠡᠨ ᠪᠠᠶᠢᠭᠤᠯᠤᠨ ᠲᠡᠭᠦᠯᠳᠡᠷᠵᠢᠭᠦᠯᠵᠦ᠂ ᠬᠢᠲᠠᠳ ᠡᠮ ᠤᠨ ᠮᠠᠲ᠋ᠧᠷᠢᠶᠠᠯ ᠤᠨ | ᠲᠠᠷᠢᠮᠠᠯ ᠤᠨ ᠬᠡᠪᠴᠢᠶ᠎ᠡ ᠶᠢ ᠥᠷᠭᠡᠳᠬᠡᠵᠦ᠂ ᠳᠠᠭᠠᠭᠤᠯᠤᠭᠴᠢ ᠠᠵᠤ ᠠᠬᠤᠶᠢᠯᠠᠯ ᠤᠨ ᠳᠠᠶᠢᠴᠢᠯᠠᠬᠤ ᠦᠢᠯᠡᠳᠦᠯ ᠢ | ᠢᠳᠡᠪᠬᠢᠲᠡᠢ ᠪᠠᠳᠠᠷᠠᠭᠤᠯᠵᠤ᠂ ᠬᠢᠲᠠᠳ ᠡᠮ ᠤᠨ ᠮᠠᠲ᠋ᠧᠷᠢᠶᠠᠯ ᠤᠨ ᠠᠵᠤ ᠦᠢᠯᠡᠰ ᠤᠨ ᠬᠥᠭᠵᠢᠯᠲᠡ ᠶᠢᠨ ᠬᠠᠮ ᠠᠷᠭ᠎ᠠ | ᠬᠡᠮᠵᠢᠶ᠎ᠡ ᠶᠢ ᠰᠠᠶᠢᠲᠤᠷ ᠬᠡᠷᠡᠭᠵᠢᠭᠦᠯᠵᠦ᠂ ᠬᠢᠲᠠᠳ ᠡᠮ ᠤᠨ ᠮᠠᠲ᠋ᠧᠷᠢᠶᠠᠯ ᠤᠨ ᠠᠵᠤ ᠦᠢᠯᠡᠰ ᠢ ᠬᠦᠴᠦᠷᠬᠡᠭᠵᠢᠭᠦᠯᠵᠦ᠂ | ᠰᠢᠯᠢᠳᠡᠭᠵᠢᠭᠦᠯᠵᠦ᠂ ᠪᠤᠵᠠᠭᠠᠶᠢᠷᠠᠭᠤᠯᠵᠤ᠂ ᠨᠡᠩ ᠤᠯᠠᠨ ᠤᠯᠠᠨ ᠲᠦᠮᠡᠨ ᠢ ᠠᠵᠤ ᠦᠢᠯᠡᠰ ᠤᠨ ᠬᠥᠭᠵᠢᠯᠲᠡ ᠶᠢᠨ | ᠳᠤᠮᠳᠠ ᠵᠣᠭᠤᠰ ᠣᠯᠬᠤ᠂ ᠪᠠᠶᠠᠵᠢᠵᠤ ᠳᠡᠶᠢᠯᠬᠦ ᠪᠣᠯᠭᠠᠵᠤ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠳᠤ ᠰᠢᠨ᠎ᠡ ᠪᠠᠶᠢᠳᠠᠯ ᠢ ᠡᠭᠦᠳᠴᠦ᠂ ᠰᠢᠨ᠎ᠡ ᠬᠠᠭᠤᠳᠠᠰᠤ ᠶᠢ ᠪᠢᠴᠢᠭᠯᠡᠬᠦ ᠪᠠᠷ ᠪᠠᠶᠢᠨ᠎ᠠ᠃ | | | |