| 11 ᠰᠠᠷ᠎ᠠ ᠶᠢᠨ 24 ᠤ ᠡᠳᠦᠷ ᠠᠴᠠ 26 ᠤ ᠡᠳᠦᠷ ᠪᠣᠯᠲᠠᠯ᠎ᠠ᠂ ︽2023 ᠣᠨ ᠤ ᠠᠩᠬᠠᠳᠤᠭᠠᠷ | ᠬᠤᠭᠤᠴᠠᠭᠠᠨ ᠤ ᠲᠠᠩᠱᠠᠨ ᠤ ᠪᠣᠳᠠᠰ ᠤᠨ ᠪᠤᠰᠤ ᠰᠣᠶᠣᠯ ᠤᠨ ᠥᠪ ᠤᠨ ᠳᠠᠭᠤᠤ ᠬᠥᠭᠵᠢᠮ ᠤᠨ ᠨᠠᠶᠢᠷ︾ ᠾᠧᠪᠧᠢ | ᠮᠤᠵᠢ ᠶᠢᠨ ᠲᠠᠩᠱᠠᠨ ᠬᠤᠲᠠ ᠳᠤ ᠶᠠᠪᠤᠭᠳᠠᠪᠠ᠃ ᠪᠣᠳᠠᠰ ᠤᠨ ᠪᠤᠰᠤ ᠰᠣᠶᠣᠯ ᠤᠨ ᠥᠪ ᠢ ᠠᠮᠢᠳᠤᠯᠢᠭ ᠢᠶᠠᠷ | ᠤᠯᠠᠮᠵᠢᠯᠠᠬᠤ᠂ ᠨᠡᠶᠢᠭᠡᠮ ᠠᠴᠠ ᠤᠯᠠᠮᠵᠢᠯᠠᠬᠤ ᠪᠠ ᠪᠦᠬᠦ ᠠᠷᠠᠳ ᠢᠶᠠᠷ ᠢᠶᠠᠨ ᠬᠠᠮᠲᠤᠪᠠᠷ ᠡᠳ᠋ᠯᠡᠬᠦ ᠶᠢ ᠠᠬᠢᠭᠤᠯᠵᠤ᠂ | ᠪᠦᠬᠦ ᠬᠤᠰᠢᠭᠤᠨ ᠤ ᠪᠣᠳᠠᠰ ᠤᠨ ᠪᠤᠰᠤ ᠰᠣᠶᠣᠯ ᠤᠨ ᠥᠪ ᠤᠨ ᠨᠡᠩ ᠰᠠᠶᠢᠨ ᠢᠶᠠᠷ ᠭᠠᠳᠠᠭᠰᠢ ᠭᠠᠷᠴᠤ ᠵᠠᠬ᠎ᠠ | ᠳᠡᠯᠭᠡᠭᠦᠷ ᠢᠶᠠᠨ ᠥᠷᠭᠡᠳᠬᠡᠬᠦ ᠳᠤ ᠬᠦᠴᠦ ᠨᠡᠮᠡᠷᠢᠯᠡᠬᠦ ᠶᠢᠨ ᠲᠦᠯᠦᠭᠡ᠂ ᠵᠠᠷᠤᠳ ᠬᠤᠰᠢᠭᠤᠨ ᠤ ᠰᠣᠶᠣᠯ | ᠵᠢᠭᠤᠯᠴᠢᠯᠠᠯ ᠤᠨ ᠲᠣᠪᠴᠢᠶ᠎ᠠ ᠬᠢᠨ 7 ᠪᠣᠳᠠᠰ ᠤᠨ ᠪᠤᠰᠤ ᠰᠣᠶᠣᠯ ᠤᠨ ᠥᠪ ᠤᠨ ᠠᠵᠤ ᠠᠬᠤᠶᠢᠯᠠᠯ ᠵᠢᠴᠢ ᠬᠤᠪᠢ | ᠬᠥᠮᠥᠨ ᠢ ᠵᠣᠬᠢᠶᠠᠨ ᠪᠠᠶᠢᠭᠤᠯᠵᠤ ︽2023 ᠣᠨ ᠤ ᠠᠩᠬᠠᠳᠤᠭᠠᠷ ᠬᠤᠭᠤᠴᠠᠭᠠᠨ ᠤ ᠲᠠᠩᠱᠠᠨ ᠤ ᠪᠤᠳᠠᠰ ᠤᠨ | ᠪᠤᠰᠤ ᠰᠣᠶᠣᠯ ᠤᠨ ᠥᠪ ᠤᠨ ᠳᠠᠭᠤᠤ ᠬᠥᠭᠵᠢᠮ ᠤᠨ ᠨᠠᠶᠢᠷ︾ ᠲᠤ ᠣᠷᠣᠯᠴᠠᠭᠤᠯᠵᠤ᠂ ᠪᠦᠬᠦ ᠤᠯᠤᠰ | ᠴᠢᠨᠠᠭᠰᠢᠯᠠᠪᠠᠯ ᠪᠦᠬᠦ ᠳᠡᠯᠡᠬᠡᠢ ᠳᠤ ᠵᠠᠷᠣᠳ ᠤᠨ ᠬᠠᠳᠬᠤᠮᠠᠯ᠂ ᠮᠤᠳᠣᠨ ᠨᠡᠭᠦᠷᠡᠰᠦ ᠪᠠᠷ ᠰᠢᠷᠠᠭᠰᠠᠨ ᠦᠬᠡᠷ ᠤᠨ | ᠪᠣᠷᠴᠠ ᠬᠢᠬᠦ ᠤᠷᠠᠯᠠᠯ᠂ ᠬᠠᠭᠤᠷᠠᠢ ᠪᠤᠳᠠᠭ᠎ᠠ ᠬᠢᠬᠦ ᠤᠷᠠᠯᠠᠯ ᠵᠡᠷᠭᠡ ᠪᠤᠳᠠᠰ ᠤᠨ ᠪᠤᠰᠤ ᠰᠣᠶᠣᠯ ᠤᠨ ᠥᠪ ᠪᠠ | ᠣᠨᠴᠠᠯᠢᠭᠲᠤ ᠪᠦᠲᠦᠭᠡᠭᠳᠡᠬᠦᠨ ᠢ ᠳᠡᠯᠭᠡᠨ ᠦᠵᠡᠭᠦᠯᠪᠡ᠃ | | | ᠥᠪᠥᠷ ᠮᠣᠩᠭᠤᠯ ᠤᠨ ᠪᠣᠳᠠᠰ ᠤᠨ ᠪᠤᠰᠤ ᠰᠣᠶᠣᠯ ᠤᠨ ᠥᠪ ᠤᠨ ᠠᠮᠲᠠᠲᠤ ᠢᠳᠡᠭᠡᠨ ᠤ ᠦᠵᠡᠭᠦᠯᠦᠯᠭᠡ ᠶᠢᠨ | ᠲᠢᠩᠬᠢᠮ ᠳᠤ᠂ ᠰᠦ ᠶᠢᠨ ᠦᠨᠦᠷ ᠬᠠᠩᠬᠤᠯᠤᠭᠰᠠᠨ ᠴᠠᠭᠠᠨ ᠢᠳᠡᠭᠡ᠂ ᠮᠢᠬ᠎ᠠ ᠨᠢ ᠰᠣᠷᠭᠤᠭ ᠮᠤᠳᠣᠨ ᠨᠡᠭᠦᠷᠡᠰᠦ ᠪᠠᠷ | ᠰᠢᠷᠠᠭᠰᠠᠨ ᠦᠬᠡᠷ ᠤᠨ ᠪᠣᠷᠴᠠ᠂ ᠰᠢᠮ᠎ᠡ ᠲᠡᠵᠢᠭᠡᠯ ᠡᠯᠪᠡᠭ ᠬᠠᠭᠤᠷᠠᠢ ᠪᠤᠳᠠᠭ᠎ᠠ᠂ ᠪᠤᠭᠤᠷᠰᠤᠭ ᠵᠡᠷᠭᠡ ᠡᠯ᠎ᠡ | ᠵᠦᠢᠯ ᠤᠨ ᠮᠣᠩᠭᠤᠯ ᠦᠨᠳᠦᠰᠦᠲᠡᠨ ᠤ ᠣᠨᠴᠠᠯᠢᠭ ᠲᠠᠢ ᠪᠣᠳᠠᠰ ᠤᠨ ᠪᠤᠰᠤ ᠰᠣᠶᠣᠯ ᠤᠨ ᠥᠪ ᠤᠨ ᠠᠮᠲᠠᠲᠤ | ᠢᠳᠡᠭᠡᠨ ᠢ ᠳᠡᠯᠭᠡᠨ ᠦᠵᠡᠭᠦᠯᠦᠨ ᠲᠠᠯᠪᠢᠵᠤ᠂ ᠳᠡᠯᠭᠡᠨ ᠪᠣᠷᠣᠯᠠᠭᠤᠯᠬᠤ ᠠᠵᠢᠯᠲᠠᠳ ᠵᠠᠷᠣᠳ ᠤᠨ ᠠᠮᠲᠠᠲᠤ | ᠢᠳᠡᠭᠡᠨ ᠶᠢ ᠬᠢᠬᠦ ᠤᠷ᠎ᠠ ᠮᠡᠷᠭᠡᠵᠢᠯ ᠢ ᠲᠠᠨᠢᠯᠴᠠᠭᠤᠯᠵᠤ᠂ ᠣᠯᠠᠨ ᠳᠤ ᠦᠢᠯᠡᠳᠬᠦ ᠶᠠᠪᠤᠴᠠ ᠶᠢ ᠲᠠᠨᠢᠯᠴᠠᠭᠤᠯᠪᠠ᠃ | ᠡᠭᠦᠨ ᠳᠤ᠂ ᠴᠠᠭᠠᠨ ᠢᠳᠡᠭᠡ ᠪᠣᠯᠣᠨ ᠮᠤᠳᠣᠨ ᠨᠡᠭᠦᠷᠡᠰᠦ ᠪᠠᠷ ᠰᠢᠷᠠᠭᠰᠠᠨ ᠦᠬᠡᠷ ᠤᠨ ᠪᠣᠷᠴᠠ ᠬᠥᠮᠥᠰ ᠤᠨ | ᠠᠩᠬᠠᠷᠤᠯ ᠢ ᠶᠡᠬᠡᠳᠡ ᠲᠠᠲᠠᠵᠤ᠂ ᠲᠤᠬᠠᠢ ᠶᠢᠨ ᠭᠠᠵᠠᠷ ᠤᠨ ᠦᠢ ᠣᠯᠠᠨ ᠬᠤᠲᠠ ᠶᠢᠨ ᠠᠷᠠᠳ ᠪᠣᠯᠣᠨ ᠭᠠᠳᠠᠨ᠎ᠠ | ᠣᠷᠣᠨ ᠤ ᠵᠢᠭᠤᠯᠴᠢᠯᠠᠭᠴᠢᠳ ᠤᠨ ᠠᠩᠬᠠᠷᠤᠯ ᠢ ᠲᠠᠲᠠᠪᠠ᠃ | ︽ᠪᠢ ᠪᠣᠯ ᠥᠪᠥᠷ ᠮᠣᠩᠭᠤᠯ ᠤᠨ ᠨᠡᠷ᠎ᠡ ᠲᠡᠮᠳᠡᠭᠲᠦ ᠲᠠᠲᠠᠭᠳᠠᠨ ᠢᠷᠡᠭᠰᠡᠨ ᠶᠤᠮ᠂ ᠬᠠᠷᠠᠬᠠᠨ ᠪᠠᠭ᠎ᠠ ᠠᠴᠠ ᠪᠠᠨ | ᠥᠪᠥᠷ ᠮᠣᠩᠭᠤᠯ ᠳᠤ ᠣᠴᠢᠵᠤ ᠦᠵᠡᠭᠡ ᠦᠭᠡᠢ᠂ ᠭᠡᠪᠡᠴᠦ ᠦᠷᠭᠦᠯᠵᠢ ᠭᠠᠷ ᠤᠲᠠᠰᠤ᠂ ᠰᠦᠯᠵᠢᠶᠡᠨ | ᠳᠡᠭᠡᠷ᠎ᠡ ᠠᠴᠠ ᠥᠪᠥᠷ ᠮᠣᠩᠭᠤᠯ ᠤᠨ ᠠᠮᠲᠠᠲᠤ ᠢᠳᠡᠭᠡᠨ ᠢ ᠣᠯᠵᠤ ᠬᠠᠷᠠᠳᠠᠭ᠂ ᠢᠩᠭᠢᠭᠡᠳ ᠪᠢ ᠢᠷᠡᠴᠢᠬᠡᠯ᠎ᠡ᠂ | ᠬᠠᠳᠠᠭᠠᠭᠰᠠᠨ ᠥᠷᠦᠮ᠎ᠡ ᠪᠣᠯᠣᠨ ᠦᠬᠡᠷ ᠤᠨ ᠪᠣᠷᠴᠠ ᠠᠮᠲᠠᠯᠠᠵᠤ ᠦᠵᠡᠭᠡᠳ᠂ ᠠᠳᠡᠬᠢ ᠦᠬᠡᠷ ᠤᠨ ᠪᠣᠷᠴᠠ ᠪᠣᠯ | ᠮᠢᠨᠤ ᠢᠳᠡᠵᠦ ᠥᠩᠭᠡᠷᠡᠭᠰᠡᠨ ᠬᠠᠮᠤᠭ ᠤᠨ ᠠᠮᠲᠠᠲᠠᠢ ᠦᠬᠡᠷ ᠤᠨ ᠪᠣᠷᠴᠠ ᠪᠣᠯᠣᠨ᠎ᠠ᠂ ᠲᠠᠩᠱᠠᠨ ᠤ ᠠᠳᠡᠬᠢ | ᠦᠬᠡᠷ ᠤᠨ ᠪᠣᠷᠴᠠ ᠲᠠᠢ ᠠᠳᠠᠯᠢ ᠦᠭᠡᠢ᠂ ᠲᠡᠷᠡ ᠮᠥᠷᠲᠡᠭᠡᠨ ᠪᠢ ᠶᠡᠷᠦ ᠠᠴᠠ ᠬᠠᠳᠠᠭᠠᠭᠰᠠᠨ ᠦᠷᠦᠮ᠎ᠡ ᠢᠳᠡᠵᠦ | ᠥᠩᠭᠡᠷᠡᠭᠰᠡᠨ ᠦᠭᠡᠢ᠂ ᠡᠭᠦᠨ ᠢ ᠡᠶᠢᠮᠦ ᠠᠮᠲᠠᠲᠠᠢ ᠭᠡᠵᠦ ᠪᠤᠳᠤᠵᠤ ᠣᠯᠣᠭᠰᠠᠨ ᠦᠭᠡᠢ᠂ ᠬᠤᠵᠢᠮ ᠥᠪᠥᠷ | ᠮᠣᠩᠭᠤᠯ ᠳᠤ ᠣᠴᠢᠵᠤ ᠲᠤᠬᠠᠢ ᠶᠢᠨ ᠭᠠᠵᠠᠷ ᠤᠨ ᠨᠡᠩ ᠤᠯᠠᠨ ᠠᠮᠲᠠᠲᠤ ᠢᠳᠡᠭᠡᠨ ᠢ ᠠᠮᠲᠠᠯᠠᠬᠤ ᠭᠡᠵᠦ ᠪᠣᠳᠣᠵᠤ | ᠪᠠᠶᠢᠨ᠎ᠠ︾ ᠭᠡᠵᠦ ᠵᠤᠭᠠᠴᠠᠭᠴᠢ ᠵᠧᠩ ᠠᠪᠠᠭ᠋ᠠᠢ ᠪᠠᠶᠠᠷᠲᠠᠢ ᠪᠠᠷ ᠬᠡᠯᠡᠪᠡ᠃ | | | ᠵᠠᠷᠤᠳ ᠬᠤᠰᠢᠭᠤᠨ ᠤ ᠰᠦᠯᠳᠡ ᠬᠤᠰᠢᠭᠤᠴᠢ ᠳᠡᠯᠭᠡᠭᠦᠷ ᠤᠨ ᠳᠠᠷᠤᠭ᠎ᠠ ᠰᠢᠸ ᠮᠧᠶ ᠢᠯᠡᠷᠬᠡᠶᠢᠯᠡᠬᠦ ᠳᠡᠭᠡᠨ᠂ | ᠡᠨᠡ ᠤᠳᠠᠭ᠎ᠠ ᠶᠢᠨ ᠠᠵᠢᠯᠯᠠᠭ᠎ᠠ ᠳᠤ ᠣᠷᠣᠯᠴᠠᠬᠤ ᠪᠣᠯᠤᠭᠰᠠᠨ ᠳᠠᠭᠠᠨ ᠮᠠᠰᠢ ᠠᠵᠠ ᠲᠠᠢ ᠶᠠᠪᠤᠳᠠᠯ ᠪᠠᠶᠢᠨ᠎ᠠ᠂ ᠥᠪᠥᠷ | ᠮᠣᠩᠭᠤᠯ ᠤᠨ ᠠᠮᠲᠠᠲᠤ ᠢᠳᠡᠭᠡᠨ ᠢ ᠳᠡᠯᠭᠡᠷᠡᠭᠦᠯᠬᠦ ᠶᠢᠨ ᠲᠥᠯᠥᠭᠡ᠂ ᠲᠡᠷᠡ ᠵᠠᠷᠤᠳ ᠬᠤᠰᠢᠭᠤᠨ ᠤ ᠤᠯᠠᠮᠵᠢᠯᠠᠯᠲᠤ | ᠠᠮᠲᠠᠲᠤ ᠢᠳᠡᠭᠡᠨ ᠦᠬᠡᠷ ᠤᠨ ᠪᠣᠷᠴᠠ ᠶᠢ ᠠᠪᠴᠢᠷᠠᠭᠰᠠᠨ ᠠᠴᠠ ᠵᠣᠴᠢᠳ ᠤᠨ ᠬᠦᠷᠢᠶᠡᠯᠡᠯ ᠢ ᠶᠡᠬᠡᠳᠡ ᠣᠯᠣᠭᠰᠠᠨ | ᠪᠠᠶᠢᠨ᠎ᠠ᠃ ᠳᠠᠷᠠᠭᠠᠴᠢ ᠪᠠᠷ ᠲᠡᠷᠡ ᠥᠪᠡᠷ ᠤᠨ ᠠᠪᠴᠢᠷᠠᠭᠰᠠᠨ ᠪᠦᠲᠦᠭᠡᠭᠳᠡᠬᠦᠨ ᠢᠶᠠᠨ ᠤᠯᠠᠮ ᠨᠢᠭᠡ ᠠᠯᠬᠤᠮ | ᠤᠬᠠᠭᠤᠯᠵᠤ᠂ ᠨᠡᠩ ᠤᠯᠠᠨ ᠬᠥᠮᠥᠰ ᠲᠤ ᠵᠠᠷᠣᠳ ᠤᠨ ᠲᠠᠯ᠎ᠠ ᠨᠤᠲᠤᠭ ᠤᠨ ᠤᠯᠠᠮᠵᠢᠯᠠᠯᠲᠤ ᠠᠮᠲᠠᠲᠤ ᠢᠳᠡᠭᠡᠨ ᠢ | ᠣᠶᠢᠯᠠᠭᠠᠭᠤᠯᠵᠤ᠂ ᠡᠭᠦᠨ ᠤ ᠤᠯᠠᠮ ᠠᠴᠠ ᠠᠵᠤ ᠦᠢᠯᠡᠰ ᠤᠨ ᠬᠥᠭᠵᠢᠯᠲᠡ ᠶᠢ ᠲᠠᠶᠢᠴᠢᠯᠠᠵᠦ᠂ ᠣᠷᠣᠯᠭ᠎ᠠ ᠪᠠᠨ | ᠨᠡᠮᠡᠭᠳᠡᠭᠦᠯᠦᠨ᠎ᠡ ᠭᠡᠪᠡ᠃ | ᠡᠭᠦᠨ ᠠᠴᠠ ᠭᠠᠳᠠᠨ᠎ᠠ᠂ ᠵᠠᠷᠤᠳ ᠬᠤᠰᠢᠭᠤᠨ ᠤ ᠳᠥᠷᠪᠡᠨ ᠲᠣᠮᠣ ᠰᠣᠶᠣᠯ ᠤᠨ ᠨᠡᠷᠡᠲᠦ ᠬᠠᠭᠤᠳᠠᠰᠤ ᠶᠢᠨ | ᠨᠢᠭᠡ ᠪᠣᠯᠬᠤ ᠵᠠᠷᠤᠳ ᠬᠠᠳᠬᠤᠮᠠᠯ ᠴᠤ ᠮᠠᠰᠢ ᠣᠯᠠᠨ ᠬᠥᠮᠥᠰ ᠤᠨ ᠲᠠᠭᠠᠰᠢᠶᠠᠯ ᠢ ᠣᠯᠣᠭᠰᠠᠨ ᠪᠠᠶᠢᠨ᠎ᠠ᠃ | ᠦᠵᠡᠭᠦᠯᠦᠯᠭᠡ ᠶᠢᠨ ᠲᠢᠩᠬᠢᠮ ᠳᠤ ᠦᠨᠳᠦᠰᠦᠲᠡᠨ ᠤ ᠣᠨᠴᠠᠯᠢᠭ ᠪᠦᠬᠦᠢ ᠮᠣᠩᠭᠤᠯ ᠲᠡᠷᠯᠢᠭ᠂ ᠭᠠᠩᠰᠠ᠂ ᠦᠨᠦᠷᠲᠦ | ᠬᠠᠪᠲᠠᠭ᠎ᠠ ᠵᠡᠷᠭᠡ ᠬᠠᠳᠬᠤᠮᠠᠯ ᠤᠨ ᠪᠦᠲᠦᠭᠡᠯ ᠢ ᠳᠦᠭᠦᠷᠲᠡᠯ᠎ᠡ ᠳᠡᠯᠭᠡᠪᠡ᠃ ᠵᠠᠷᠣᠳ ᠬᠠᠳᠬᠤᠮᠠᠯ ᠤᠨ ᠪᠣᠳᠠᠰ ᠤᠨ | ᠪᠤᠰᠤ ᠰᠣᠶᠣᠯ ᠤᠨ ᠥᠪ ᠤᠨ ᠤᠯᠠᠮᠵᠢᠯᠠᠭᠴᠢ ᠠᠬᠤᠢ ᠲᠠᠯᠠᠪᠠᠶ ᠳᠤ ᠬᠠᠳᠬᠤᠮᠠᠯ ᠣᠶᠣᠵᠤ᠂ ᠬᠠᠳᠬᠤᠮᠠᠯ ᠳᠤ | ᠪᠠᠭ᠋ᠠᠲᠠᠢ ᠬᠥᠮᠥᠰ ᠬᠠᠳᠬᠤᠮᠠᠯ ᠣᠶᠣᠬᠤ ᠡᠩᠨᠡᠭᠡᠨ ᠳᠤ ᠣᠷᠣᠵᠤ᠂ ᠥᠪᠡᠷ ᠤᠨ ᠭᠠᠷ ᠢᠶᠠᠷ ᠢᠶᠠᠨ ᠬᠢᠵᠦ᠂ ᠪᠣᠳᠠᠰ ᠤᠨ | ᠪᠤᠰᠤ ᠰᠣᠶᠣᠯ ᠤᠨ ᠥᠪ ᠤᠨ ᠷᠢᠳᠢ ᠰᠢᠳᠢ ᠶᠢ ᠰᠢᠭᠤᠳ ᠮᠡᠳᠡᠷᠡᠪᠡ᠃ | ᠬᠠᠳᠬᠤᠮᠠᠯ ᠳᠤ ᠪᠠᠭ᠋ᠠᠲᠠᠢ ᠶᠤᠸᠠᠨ ᠭᠤᠸᠠᠨ ᠺᠦᠨ ᠬᠡᠯᠡᠬᠦ ᠳᠡᠭᠡᠨ᠄ ︽ᠥᠨᠥᠳᠥᠷ ᠪᠠᠭᠰᠢ ᠲᠠᠢ ᠪᠠᠨ ᠨᠢᠭᠤᠷᠲᠠᠨ | ᠶᠠᠷᠢᠯᠴᠠᠬᠤ ᠪᠣᠯᠤᠭᠰᠠᠨ ᠳᠠᠭᠠᠨ ᠮᠠᠰᠢ ᠪᠠᠶᠠᠷ ᠲᠠᠢ ᠪᠠᠶᠢᠨ᠎ᠠ᠂ ᠪᠠᠭᠰᠢ ᠴᠤ ᠨᠠᠳᠠ ᠳᠤ ᠲᠥᠬᠦᠮ ᠬᠠᠳᠬᠤᠮᠠᠯ ᠤᠨ | ᠠᠷᠭ᠎ᠠ ᠶᠢ ᠵᠢᠭᠠᠵᠤ ᠥᠭᠭᠦᠭᠰᠡᠨ ᠶᠤᠮ᠂ ᠡᠨᠡ ᠪᠣᠯ ᠮᠢᠨᠤ ᠠᠩᠬ᠎ᠠ ᠤᠳᠠᠭ᠎ᠠ ᠦᠨᠳᠦᠰᠦᠲᠡᠨ ᠤ ᠰᠣᠶᠣᠯ ᠤᠨ ᠷᠢᠳᠢ | ᠰᠢᠳᠢ ᠲᠠᠢ ᠣᠶᠢᠷᠠᠲᠣᠵᠤ ᠪᠠᠶᠢᠭ᠎ᠠ ᠶᠠᠪᠤᠳᠠᠯ ᠮᠥᠨ᠂ ᠡᠨᠡ ᠨᠢ ᠳᠣᠮᠳᠠᠲᠤ ᠶᠢᠨ ᠰᠣᠶᠣᠯ ᠤᠨ ᠦᠨᠡᠲᠦ ᠡᠷᠳᠡᠨᠢ ᠰᠢᠭ | ᠶᠤᠮ᠂ ᠬᠤᠵᠢᠮ ᠮᠢᠨᠤ ᠤᠷᠠᠯᠢᠭ ᠤᠨ ᠵᠣᠬᠢᠶᠠᠨ ᠪᠦᠲᠦᠭᠡᠯᠭᠡ ᠶᠢᠨ ᠶᠠᠪᠤᠴᠠ ᠳᠤ ᠦᠨᠳᠦᠰᠦᠲᠡᠨ ᠤ ᠰᠣᠶᠣᠯ ᠢ | ᠪᠠᠳᠠᠷᠠᠭᠤᠯᠤᠨ ᠳᠡᠯᠭᠡᠷᠡᠭᠦᠯᠵᠦ᠂ ᠭᠠᠳᠠᠭᠰᠢ ᠭᠠᠷᠴᠤ ᠨᠠᠩ ᠣᠯᠠᠨ ᠬᠥᠮᠥᠨ ᠳᠤ ᠦᠵᠡᠭᠦᠯᠬᠦ ᠪᠣᠯᠣᠨ᠎ᠠ︾ ᠭᠡᠪᠡ᠃ | ᠵᠠᠷᠤᠳ ᠬᠤᠰᠢᠭᠤᠨ ᠤ ᠪᠣᠳᠠᠰ ᠤᠨ ᠪᠤᠰᠤ ᠰᠣᠶᠣᠯ ᠤᠨ ᠥᠪ ᠢ ᠲᠣᠰ ᠤᠳᠠᠭᠠᠨ ᠤ ᠲᠠᠩᠱᠠᠨ ᠤ ᠪᠣᠳᠠᠰ ᠤᠨ | ᠪᠤᠰᠤ ᠰᠣᠶᠣᠯ ᠤᠨ ᠥᠪ ᠤᠨ ᠳᠠᠭᠤᠤ ᠬᠥᠭᠵᠢᠮ ᠤᠨ ᠨᠠᠶᠢᠷ ᠲᠤ ᠣᠷᠣᠯᠴᠠᠭᠤᠯᠣᠭᠰᠠᠨ ᠨᠢ᠂ ᠪᠥᠬᠦ ᠬᠤᠰᠢᠭᠤᠨ ᠤ | ᠪᠣᠳᠠᠰ ᠤᠨ ᠪᠤᠰᠤ ᠰᠣᠶᠣᠯ ᠤᠨ ᠪᠦᠲᠦᠭᠡᠭᠳᠡᠬᠦᠨ ᠤ ᠦᠢᠯᠡᠳᠪᠦᠷᠢᠯᠡᠯ ᠪᠣᠷᠤᠯᠠᠭᠤᠯᠭ᠎ᠠ ᠶᠢᠨ ᠵᠣᠯᠭᠠᠯᠴᠠᠭ᠎ᠠ ᠶᠢ | ᠠᠬᠢᠭᠤᠯᠤᠭᠰᠠᠨ ᠢᠶᠠᠷ ᠪᠠᠷᠠᠬᠤ ᠦᠭᠡᠢ᠂ ᠪᠠᠰᠠ ᠪᠥᠬᠦ ᠬᠤᠰᠢᠭᠤᠨ ᠤ ᠪᠣᠳᠠᠰ ᠤᠨ ᠪᠤᠰᠤ ᠰᠣᠶᠣᠯ ᠤᠨ ᠥᠪ ᠤᠨ | ᠪᠣᠷᠤᠯᠠᠭᠤᠯᠭ᠎ᠠ ᠶᠢᠨ ᠠᠷᠭ᠎ᠠ ᠵᠠᠮ ᠢ ᠥᠷᠭᠡᠳᠬᠡᠵᠦ᠂ ᠪᠣᠳᠠᠰ ᠤᠨ ᠪᠤᠰᠤ ᠰᠣᠶᠣᠯ ᠤᠨ ᠥᠪ ᠵᠢᠴᠢ ᠣᠨᠴᠠᠯᠢᠭᠲᠤ | ᠪᠦᠲᠦᠭᠡᠭᠳᠡᠬᠦᠨ ᠤ ᠨᠠᠷᠠᠲᠤ ᠲᠡᠮᠳᠡᠭᠲᠦ ᠶᠢ ᠮᠡᠳᠡᠷᠡᠬᠦ ᠬᠡᠮᠵᠢᠶ᠎ᠡ ᠶᠢ ᠤᠯᠠᠮ ᠳᠡᠭᠡᠭᠰᠢᠯᠡᠭᠦᠯᠦᠭᠰᠡᠨ ᠪᠠᠶᠢᠨ᠎ᠠ᠃ | ᠬᠤᠰᠢᠭᠤᠨ ᠤ ᠰᠣᠶᠣᠯ ᠤᠨ ᠣᠷᠳᠣᠨ ᠤ ᠳᠡᠳ᠋ ᠳᠠᠷᠤᠭ᠎ᠠ ᠭᠤᠸᠠᠠᠭᠠᠮᠠ᠄ ︽ᠲᠠᠩᠱᠠᠨ ᠤ ᠪᠤᠳᠠᠰ ᠤᠨ ᠪᠤᠰᠤ | ᠰᠣᠶᠣᠯ ᠤᠨ ᠥᠪ ᠤᠨ ᠳᠠᠭᠤᠤ ᠬᠥᠭᠵᠢᠮ ᠤᠨ ᠨᠠᠶᠢᠷ ᠨᠢ ᠪᠢᠳᠡᠨ ᠳᠤ ᠮᠠᠰᠢ ᠰᠠᠶᠢᠨ ᠲᠠᠪᠴᠠᠩ ᠬᠠᠩᠭᠠᠭᠰᠠᠨ ᠶᠤᠮ᠂ | ᠪᠢᠳᠡ ᠨᠤᠲᠤᠭ ᠤᠨ ᠢᠶᠠᠨ ᠲᠤᠯᠤᠭᠠᠨ ᠵᠦᠢᠯ ᠤᠨ ᠪᠦᠲᠦᠭᠡᠯ ᠪᠠ ᠠᠮᠲᠠᠲᠤ ᠢᠳᠡᠭᠡᠨ ᠢ ᠠᠪᠴᠢᠷᠠᠵᠤ᠂ ᠨᠠᠩ ᠣᠯᠠᠨ | ᠬᠥᠮᠥᠰ ᠲᠤ ᠥᠪᠥᠷ ᠮᠣᠩᠭᠤᠯ ᠢ ᠣᠶᠢᠯᠠᠭᠠᠭᠤᠯᠵᠤ᠂ ᠬᠤᠷᠴᠢᠨ ᠨᠤᠲᠤᠭ᠂ ᠵᠠᠷᠣᠳ ᠢ ᠣᠶᠢᠯᠠᠭᠠᠭᠤᠯᠵᠤ᠂ ᠡᠶᠢᠮᠦᠷᠬᠦ | ᠲᠠᠪᠴᠠᠩ ᠢᠶᠠᠷ ᠳᠠᠮᠵᠢᠭᠤᠯᠤᠨ ᠨᠤᠲᠤᠭ ᠢᠶᠠᠨ ᠤᠬᠠᠭᠤᠯᠵᠤ᠂ ᠮᠠᠨ ᠤ ᠪᠤᠳᠠᠰ ᠤᠨ ᠪᠤᠰᠤ ᠥᠪ ᠢᠶᠠᠨ ᠨᠠᠩ ᠰᠠᠶᠢᠨ | ᠤᠯᠠᠮᠵᠢᠯᠠᠨ ᠬᠠᠮᠠᠭᠠᠯᠠᠨ᠎ᠠ᠃ ᠬᠤᠶᠢᠰᠢᠳᠠ ᠡᠯ᠎ᠡ ᠵᠦᠢᠯ ᠤᠨ ᠪᠣᠳᠠᠰ ᠤᠨ ᠪᠤᠰᠤ ᠰᠣᠶᠣᠯ ᠤᠨ ᠥᠪ ᠤᠨ | ᠠᠵᠢᠯᠯᠠᠭ᠎ᠠ ᠳᠤ ᠨᠡᠩ ᠢᠳᠡᠪᠬᠢᠲᠡᠢ ᠣᠷᠣᠯᠴᠠᠵᠤ᠂ ᠨᠡᠩ ᠣᠯᠠᠨ ᠬᠥᠮᠥᠰ ᠲᠤ ᠮᠠᠨ ᠤ ᠮᠣᠩᠭᠤᠯ ᠦᠨᠳᠦᠰᠦᠲᠡᠨ ᠤ | ᠤᠯᠠᠮᠵᠢᠯᠠᠯᠲᠤ ᠰᠣᠶᠣᠯ ᠪᠠ ᠠᠮᠲᠠᠲᠤ ᠢᠳᠡᠭᠡᠨ ᠢᠶᠠᠨ ᠮᠡᠳᠡᠭᠦᠯᠵᠦ᠂ ᠮᠠᠨ ᠤ ᠰᠢᠯᠢᠳᠡᠭ ᠪᠦᠲᠦᠭᠡᠯ ᠢᠶᠠᠨ ᠪᠦᠬᠦ | ᠤᠯᠤᠰ᠂ ᠳᠡᠯᠡᠬᠡᠢ ᠳᠠᠶᠠᠭᠠᠷ ᠲᠤ ᠲᠠᠨᠢᠯᠴᠠᠭᠤᠯᠵᠤ ᠪᠣᠯᠣᠨ᠎ᠠ︾ ᠭᠡᠪᠡ᠃ | | | |