ᠰᠢᠶᠠᠩᠱᠠᠨ ᠲᠠᠷᠢᠶᠠᠯᠠᠩ ᠤᠨ ᠲᠠᠯᠠᠪᠠᠢ᠄ ᠪᠠᠷᠢᠯᠭ᠎ᠠ ᠶᠢᠨ ᠠᠵᠢᠯ ᠢᠶᠠᠨ ᠡᠬᠢᠯᠡᠭᠦᠯᠵᠦ᠂ ᠴᠠᠭ ᠢ ᠠᠮᠵᠢᠨ ᠪᠠᠴᠢᠮ ᠶᠠᠭᠠᠷᠠᠯᠲᠠᠢ ᠠᠵᠢᠯᠯᠠᠵᠦ ᠪᠠᠶᠢᠨ᠎ᠠ
ᠨᠡᠶᠢᠲᠡᠯᠡᠭᠰᠡᠨ ᠴᠠᠭ᠄
2023/2/13
       2 ᠰᠠᠷ᠎ᠠ ᠶᠢᠨ 11 ᠤ ᠡᠳᠦᠷ᠂ ᠰᠢᠶᠠᠩᠱᠠᠨ ᠲᠠᠷᠢᠶᠠᠯᠠᠩ ᠤᠨ ᠲᠠᠯᠠᠪᠠᠢ ᠶᠢᠨ ᠳᠥᠷᠪᠡᠳᠦᠭᠡᠷ ᠬᠤᠪᠢᠶᠠᠷᠢ ᠲᠠᠯᠠᠪᠠᠢ ᠶᠢᠨ ᠤᠢ ᠰᠢᠭᠤᠢ ᠵᠢᠮᠢᠰ ᠤᠨ ᠲᠦᠷᠦᠯ ᠵᠦᠢᠯ ᠤᠨ  ᠠᠬᠤᠢ ᠲᠠᠯᠠᠪᠠᠢ ᠳᠤ᠂ ᠬᠤᠳᠳᠤᠭ ᠮᠠᠯᠲᠠᠬᠤ ᠮᠠᠰᠢᠨ ᠬᠦᠩᠭᠢᠨᠡᠵᠦ᠂ ᠠᠵᠢᠯᠴᠢᠳ ᠵᠣᠭᠰᠣᠯ ᠦᠭᠡᠢ ᠠᠵᠢᠯᠯᠠᠵᠤ᠂ ᠲᠦᠷᠦᠯ ᠵᠦᠢᠯ ᠤᠨ ᠪᠠᠷᠢᠯᠭ᠎ᠠ ᠶᠢᠨ ᠠᠬᠤᠢ ᠲᠠᠯᠠᠪᠠᠢ ᠳᠤ ᠶᠠᠭᠠᠷᠠᠯᠲᠠᠢ ᠠᠵᠢᠯᠯᠠᠵᠤ ᠪᠠᠶᠢᠯ᠎ᠠ᠃ ᠲᠤᠰ ᠡᠳᠦᠷ᠂ ᠰᠢᠶᠠᠩᠱᠠᠨ ᠲᠠᠷᠢᠶᠠᠯᠠᠩ ᠤᠨ ᠲᠠᠯᠠᠪᠠᠢ ᠶᠢᠨ ᠬᠢᠨ ᠬᠤᠯᠪᠣᠭᠳᠠᠯ ᠪᠦᠬᠦᠢ ᠬᠥᠮᠥᠰ ᠢ ᠵᠣᠬᠢᠶᠠᠨ ᠪᠠᠶᠢᠭᠤᠯᠵᠤ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠪᠧᠷᠳᠤ ᠤᠢ ᠰᠢᠭᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠴᠢᠬᠢ ᠪᠣᠶᠢᠵᠢᠭᠤᠯᠬᠤ ᠰᠠᠭᠤᠷᠢᠨ ᠭᠠᠵᠠᠷ ᠳᠤ ᠬᠦᠷᠴᠦ ᠤᠢ ᠵᠢᠮᠢᠰ ᠤᠨ ᠠᠵᠤ ᠦᠢᠯᠡᠰ ᠤᠨ ᠬᠥᠭᠵᠢᠯᠲᠡ ᠶᠢᠨ ᠠᠵᠢᠯ ᠢ ᠰᠢᠨᠵᠢᠯᠡᠨ ᠪᠠᠶᠢᠴᠠᠭᠠᠪᠠ᠃ ᠲᠤᠬᠠᠢ ᠶᠢᠨ ᠭᠠᠵᠠᠷ ᠲᠤᠨᠢ ᠲᠣᠭᠤᠷᠢᠨ ᠦᠵᠡᠬᠦ ᠪᠠᠷ ᠲᠠᠮᠵᠢᠨ᠂ ᠣᠶ ᠰᠢᠭᠤᠢ ᠵᠢᠮᠢᠰ ᠤᠨ ᠠᠵᠤ ᠦᠢᠯᠡᠰ ᠤᠨ ᠬᠥᠭᠵᠢᠯᠲᠡ ᠶᠢᠨ ᠨᠡᠶᠢᠲᠡᠯᠢᠭ ᠲᠤᠷᠰᠢᠯᠭ᠎ᠠ ᠪᠠ ᠪᠣᠳᠠᠲᠠᠢ ᠠᠷᠭ᠎ᠠ ᠬᠢᠳᠡᠯ ᠢ ᠨᠠᠷᠢᠨ ᠣᠶᠢᠯᠠᠭᠠᠵᠤ᠂ ᠬᠤᠯᠪᠣᠭᠳᠠᠯ ᠪᠦᠬᠦᠢ ᠲᠤᠰᠬᠠᠢ ᠮᠡᠷᠭᠡᠵᠢᠯᠲᠡᠳ ᠲᠠᠢ ᠣᠶ ᠰᠢᠭᠤᠢ ᠵᠢᠮᠢᠰ ᠤᠨ ᠠᠵᠤ ᠦᠢᠯᠡᠰ ᠢ ᠲᠡᠳᠬᠦᠬᠦ ᠲᠥᠷᠥ ᠶᠢᠨ ᠪᠣᠳᠣᠯᠭ᠎ᠠ᠂ ᠵᠢᠱᠢᠶ᠎ᠡ ᠦᠵᠡᠭᠦᠯᠦᠨ ᠳᠡᠯᠭᠡᠷᠡᠭᠦᠯᠬᠦ᠂ ᠲᠥᠷᠥᠯ ᠵᠦᠢᠯ ᠢ ᠰᠣᠩᠭᠤᠬᠤ᠂ ᠳᠠᠷᠢᠵᠤ ᠪᠣᠶᠢᠵᠢᠭᠤᠯᠬᠤ ᠮᠡᠷᠭᠡᠵᠢᠯ᠂ ᠵᠢᠮᠢᠰ ᠤᠨ ᠭᠠᠷᠤᠯᠲᠠ᠂ ᠪᠣᠷᠤᠯᠠᠭᠤᠯᠭ᠎ᠠ ᠶᠢᠨ ᠠᠷᠭ᠎ᠠ ᠵᠠᠮ ᠵᠡᠷᠭᠡ ᠲᠠᠯ᠎ᠠ ᠶᠢᠨ ᠠᠰᠠᠭᠤᠳᠠᠯ ᠢ ᠭᠦᠨᠵᠡᠭᠡᠢ ᠰᠤᠳᠤᠯᠤᠨ ᠶᠠᠷᠢᠯᠴᠠᠵᠤ᠂ ᠲᠥᠷᠥᠯ ᠵᠦᠢᠯ ᠢ ᠠᠬᠢᠭᠤᠯᠬᠤ ᠡᠯ᠎ᠡ ᠵᠦᠢᠯ ᠤᠨ ᠪᠡᠯᠡᠳᠬᠡᠯ ᠢ ᠰᠠᠶᠢᠲᠤᠷ ᠬᠢᠪᠡ᠃      
微信图片_20230213103938.png
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号