| ᠴᠠᠭᠠᠨ ᠰᠠᠷ᠎ᠠ ᠨᠢᠭᠡᠨᠲᠡ ᠥᠩᠭᠡᠷᠡᠵᠦ᠂ ᠨᠠᠩᠭᠢ ᠪᠣᠤᠪᠤ ᠶᠢᠨ ᠪᠣᠷᠤᠯᠠᠭᠤᠯᠭ᠎ᠠ ᠪᠠᠷᠤᠭᠲᠠᠢ ᠤᠯᠠᠷᠢᠯ ᠪᠣᠯᠤᠭᠰᠠᠨ | ᠪᠣᠯᠪᠠᠴᠤ ᠵᠠᠷᠤᠳ ᠬᠤᠰᠢᠭᠤᠨ ᠤ ᠴᠢᠨᠳᠠᠮᠣᠨᠢ ᠰᠤᠮᠤ ᠶᠢᠨ ᠵᠢᠷᠣᠨᠬᠤᠸᠠ ᠭᠠᠴᠠᠭ᠎ᠠ ᠶᠢᠨ ᠵᠢᠷᠣᠨᠬᠤᠸᠠ ᠤᠯᠠᠭᠠᠨ | ᠠᠮᠲᠠᠲᠤ ᠢᠳᠡᠭᠡᠨ ᠤ ᠦᠢᠯᠡᠳᠪᠦᠷᠢ ᠶᠢᠨ ᠠᠵᠢᠯ ᠤᠨ ᠲᠠᠰᠤᠭ ᠲᠤ ᠮᠥᠨ ᠯᠡ ᠶᠠᠭᠠᠷᠠᠯᠲᠠᠢ ᠪᠠᠶᠢᠳᠠᠯ ᠢᠯᠡᠷᠡᠨ᠎ᠡ᠃ | ᠠᠵᠢᠯᠴᠢᠳ ᠤᠨ ᠡᠮᠦᠰᠴᠦ ᠵᠡᠭᠦᠬᠦ ᠨᠢ ᠲᠡᠷᠢ ᠲᠡᠭᠰᠢ᠂ ᠭᠤᠯᠢᠷ ᠲᠡᠭᠡᠷᠮᠡᠳᠡᠬᠦ᠂ ᠭᠤᠯᠢᠷ ᠵᠢᠭᠤᠷᠠᠬᠤ᠂ ᠢᠳᠡᠭᠡ | ᠪᠠᠭᠯᠠᠬᠤ᠂ ᠲᠣᠭᠤᠭᠠᠨ ᠳᠤ ᠬᠢᠬᠦ᠂ ᠬᠥᠯᠳᠡᠭᠡᠬᠦ᠂ ᠤᠭᠤᠲᠠᠨ ᠳᠤ ᠰᠠᠪᠠᠯᠠᠬᠤ ᠁ ᠠᠵᠢᠯᠲᠠᠳ ᠭᠠᠷ ᠠᠮᠠᠷᠠᠬᠤ | ᠦᠭᠡᠢ ᠶᠠᠭᠠᠷᠠᠯᠳᠤᠨ᠂ ᠦᠢᠯᠡᠳᠪᠦᠷᠢ ᠶᠢᠨ ᠲᠠᠰᠤᠭ ᠲᠤ ᠨᠠᠰᠢ ᠴᠠᠰᠢ ᠰᠦᠯᠵᠢᠯᠳᠦᠵᠦ᠂ ᠵᠠᠬᠢᠶᠠᠯᠠᠭ᠎ᠠ ᠶᠢᠨ | ᠬᠠᠭᠤᠳᠠᠰᠤ ᠲᠠᠰᠣᠷᠠᠯᠲᠠ ᠦᠭᠡᠢ ᠢᠷᠡᠵᠦ ᠪᠠᠶᠢᠯ᠎ᠠ᠃ | | | ︽ᠴᠠᠭᠠᠨ ᠰᠠᠷ᠎ᠠ ᠶᠢᠨ ᠠᠷᠪᠠᠨ ᠲᠠᠪᠤᠨ ᠤ ᠡᠳᠦᠷ ᠢ ᠦᠩᠭᠡᠷᠡᠮᠡᠭᠴᠡ ᠪᠢᠳᠡ ᠠᠵᠢᠯᠯᠠᠬᠤ ᠪᠠᠷ ᠢᠷᠡᠪᠡ᠂ ᠵᠢᠯ | ᠥᠩᠭᠡᠷᠡᠪᠡᠯ ᠬᠢᠬᠦ ᠠᠵᠢᠯ ᠦᠭᠡᠢ ᠪᠣᠯᠣᠨ᠎ᠠ ᠭᠡᠵᠦ ᠪᠣᠳᠣᠵᠤ ᠪᠠᠶᠢᠭᠰᠠᠨ᠂ ᠡᠶᠢᠮᠦ ᠣᠯᠠᠨ ᠵᠠᠬᠢᠶᠠᠯᠠᠭ᠎ᠠ ᠶᠢᠨ | ᠬᠠᠭᠤᠳᠠᠰᠤ ᠣᠯᠣᠨ᠎ᠠ ᠭᠡᠵᠦ ᠪᠣᠳᠣᠵᠤ ᠣᠯᠣᠭᠰᠠᠨ ᠦᠭᠡᠢ︾᠃ ᠵᠢᠷᠣᠨᠬᠤᠸᠠ ᠭᠠᠴᠠᠭᠠᠨ ᠤ ᠠᠷᠠᠳ ᠮᠧᠶ ᠷᠦᠩ | ᠡᠨᠡ ᠵᠢᠯ 50 ᠨᠠᠰᠤ ᠶᠢ ᠲᠠᠪᠠᠪᠠ᠂ ᠭᠡᠷ ᠲᠡᠭᠡᠨ ᠬᠡᠳᠦᠨ ᠮᠦ ᠲᠠᠷᠢᠶ᠎ᠠ ᠳᠠᠷᠢᠵᠤ᠂ ᠠᠷᠪᠠᠨ ᠬᠡᠳᠦᠨ ᠦᠬᠡᠷ ᠲᠡᠵᠢᠭᠡᠵᠦ | ᠪᠠᠶᠢᠪᠠ᠂ ᠨᠠᠰᠤ ᠠᠬᠠᠰᠢᠷᠠᠭᠰᠠᠨ ᠤ ᠳᠠᠷᠠᠭ᠎ᠠ ᠪᠦᠳᠦᠭᠦᠯᠢᠭ ᠠᠵᠢᠯ ᠬᠢᠵᠦ ᠳᠡᠶᠢᠯᠬᠦ ᠦᠭᠡᠢ ᠤᠴᠢᠷ ᠠᠴᠠ ᠡᠩ ᠤᠨ | ᠲᠠᠷᠢᠶᠠᠨ ᠠᠵᠢᠯ ᠤᠨ ᠰᠡᠯᠡᠭᠦᠦ ᠴᠠᠭ ᠲᠤ ᠳᠡᠮᠡᠢ ᠣᠷᠣᠯᠭ᠎ᠠ ᠦᠭᠡᠢ ᠪᠣᠯᠬᠤᠷ᠂ ᠠᠮᠢᠳᠤᠷᠠᠯ ᠨᠢ ᠲᠡᠶᠢᠮᠦ ᠪᠠᠶᠠᠨ | ᠴᠢᠨᠡᠭᠡᠯᠢᠭ ᠪᠢᠰᠢ᠃ ᠭᠠᠴᠠᠭᠠᠨ ᠤ ᠰᠢᠨ᠎ᠡ ᠪᠠᠷ ᠪᠠᠶᠢᠭᠤᠯᠤᠭᠰᠠᠨ ᠢᠳᠡᠭᠡᠨ ᠤ ᠦᠢᠯᠡᠳᠪᠦᠷᠢ ᠣᠳᠣ ᠶᠠᠭ ᠠᠵᠢᠯᠴᠢᠨ | ᠡᠯᠰᠡᠵᠦ ᠪᠠᠶᠢᠨ᠎ᠠ ᠭᠡᠵᠦ ᠰᠣᠨᠣᠰᠤᠭᠠᠳ ᠲᠡᠷᠡ ᠡᠭᠡᠴᠢ ᠳᠡᠭᠦᠦ ᠨᠠᠷ ᠲᠠᠢ ᠪᠠᠨ ᠵᠥᠪᠳᠡᠯᠴᠡᠭᠡᠳ ᠨᠡᠷ᠎ᠡ ᠮᠡᠳᠡᠭᠦᠯᠪᠡ᠃ | ︽ᠨᠠᠩᠭᠢ ᠪᠣᠤᠪᠤ ᠮᠠᠨ ᠤ ᠬᠥᠳᠡᠭᠡ ᠲᠣᠰᠬᠤᠨ ᠳᠤ ᠪᠣᠯ ᠡᠩ ᠤᠨ ᠢᠳᠡᠭᠡᠨ ᠶᠤᠮ᠂ ᠪᠢᠳᠡ ᠪᠦᠷ ᠬᠢᠵᠦ ᠴᠢᠳᠠᠨ᠎ᠠ᠂ | ᠲᠡᠭᠡᠬᠦ ᠮᠥᠷᠲᠡᠭᠡᠨ ᠦᠢᠯᠡᠳᠪᠦᠷᠢ ᠶᠢᠨ ᠭᠠᠵᠠᠷ ᠭᠡᠷ ᠤᠨ ᠡᠭᠦᠳᠡᠨ ᠳᠤ ᠪᠠᠶᠢᠵᠤ᠂ ᠡᠳᠦᠷ ᠪᠦᠷᠢ ᠲᠣᠭᠤᠷᠢᠭᠠᠳ | ᠲᠣᠭᠰᠢᠵᠤ ᠪᠠᠶᠢᠭᠠᠳ ᠢᠷᠡᠴᠢᠭᠡᠨ᠎ᠡ᠂ ᠡᠭᠡᠴᠢ ᠳᠡᠭᠦᠦ ᠨᠠᠷ ᠲᠠᠢ ᠪᠠᠨ ᠬᠡᠯᠡᠯᠴᠡᠵᠦ ᠢᠨᠢᠶᠡᠯᠳᠦᠵᠦ ᠪᠠᠶᠢᠲᠠᠯ᠎ᠠ | ᠠᠵᠢᠯ ᠢᠶᠠᠨ ᠬᠢᠭᠡᠳ ᠳᠠᠭᠤᠰᠬᠠᠴᠢᠬᠠᠳᠠᠭ᠂ ᠡᠳᠦᠷ ᠲᠤ ᠨᠠᠶᠠᠨ ᠵᠠᠭᠤ ᠲᠥᠭᠦᠷᠢᠭ ᠣᠯᠬᠤ ᠨᠢ ᠠᠰᠠᠭᠤᠳᠠᠯ ᠦᠭᠡᠢ᠂ | ᠵᠢᠯ ᠤᠨ ᠡᠮᠦᠨ᠎ᠡ ᠪᠢᠳᠡ ᠬᠤᠶᠠᠷ ᠤᠳᠠᠭ᠎ᠠ ᠴᠠᠯᠢᠩ ᠥᠭᠪᠡ᠂ ᠪᠠᠭ᠎ᠠ ᠪᠤᠰᠤ ᠵᠣᠭᠤᠰ ᠣᠯᠴᠢᠬᠠᠵᠠᠢ᠂ ᠤᠳᠤ | ᠠᠮᠢᠳᠤᠷᠠᠯ ᠤᠯᠠᠮ ᠠᠴᠠ ᠤᠯᠠᠮ ᠲᠠᠭᠠᠲᠠᠢ ᠪᠣᠯᠵᠠᠢ︾ ᠭᠡᠵᠦ ᠬᠡᠯᠡᠪᠡ᠃ ᠥᠪᠡᠷ ᠤᠨ ᠭᠡᠷ ᠤᠨ ᠡᠭᠦᠳᠡᠨ ᠳᠡᠭᠡᠨ | ᠴᠠᠯᠢᠩ ᠣᠯᠳᠠᠭ ᠠᠮᠢᠳᠤᠷᠠᠯ ᠢᠶᠠᠨ ᠶᠠᠷᠢᠬᠤ ᠳᠤ᠂ ᠮᠧᠶ ᠷᠦᠩ ᠰᠡᠳᠬᠢᠯ ᠤᠨ ᠪᠠᠶᠠᠷ ᠪᠠᠭ᠋ᠠᠳᠤᠯ ᠢᠶᠠᠨ ᠳᠠᠷᠤᠵᠤ | ᠶᠠᠳᠠᠨ᠎ᠠ᠃ | | | ᠭᠠᠵᠠᠷ ᠣᠷᠣᠨ ᠤ ᠣᠨᠴᠠᠯᠢᠭᠲᠤ ᠠᠵᠤ ᠦᠢᠯᠡᠰ ᠢ ᠪᠣᠶᠢᠵᠢᠭᠤᠯᠵᠤ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠳᠤ ᠢᠮᠠᠭᠲᠠ ᠬᠦᠳᠡᠯᠭᠡᠬᠦ ᠬᠦᠴᠦᠨ ᠲᠠᠢ᠂ ᠠᠮᠢᠵᠢᠷᠠᠯ ᠤᠨ ᠬᠦᠴᠦᠨ ᠲᠠᠢ ᠪᠣᠯᠭᠠᠬᠤ ᠶᠢᠨ ᠲᠦᠯᠦᠭᠡ᠂ | 2022 ᠣᠨ ᠳᠤ᠂ ᠵᠠᠷᠤᠳ ᠬᠤᠰᠢᠭᠤᠨ ᠤ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠬᠢᠨ | ᠴᠢᠨᠳᠠᠮᠣᠨᠢ ᠰᠤᠮᠤᠨ ᠤ ᠠᠵᠤ ᠦᠢᠯᠡᠰ ᠤᠨ ᠬᠥᠭᠵᠢᠯᠲᠡ ᠶᠢᠨ ᠪᠣᠳᠠᠲᠤ ᠪᠠᠶᠢᠳᠠᠯ ᠢ ᠭᠦᠨᠵᠡᠭᠡᠢ ᠪᠠᠶᠢᠴᠠᠭᠠᠨ | ᠰᠤᠳᠤᠯᠵᠤ ᠣᠶᠢᠯᠠᠭᠠᠭᠰᠠᠨ ᠤ ᠳᠠᠷᠠᠭ᠎ᠠ᠂ ᠳᠠᠭᠠᠭᠠᠴᠢᠯᠠᠨ ᠬᠤᠯᠪᠣᠭᠠᠯᠠᠵᠤ ᠬᠠᠮᠲᠤᠪᠠᠷ ᠪᠠᠶᠢᠭᠤᠯᠬᠤ ᠨᠢᠭᠡᠴᠡ ᠶᠢᠨ | ᠳᠠᠪᠠᠭᠤᠯᠢᠭ ᠢ ᠭᠦᠢᠴᠡᠳ ᠪᠠᠳᠠᠷᠠᠭᠤᠯᠵᠤ᠂ ᠬᠤᠰᠢᠭᠤᠨ ᠤ ᠦᠨᠳᠦᠰᠦᠲᠡᠨ ᠤ ᠬᠡᠷᠡᠭ ᠡᠷᠭᠢᠯᠡᠬᠦ ᠵᠥᠪᠯᠡᠯ ᠵᠡᠷᠭᠡ ᠡᠯ᠎ᠡ | ᠲᠠᠯ᠎ᠠ ᠶᠢᠨ ᠬᠦᠴᠦᠨ ᠢ ᠢᠳᠡᠪᠬᠢᠲᠡᠢ ᠳᠠᠶᠢᠴᠢᠯᠠᠨ᠂ ᠵᠢᠷᠣᠨᠬᠤᠸᠠ ᠭᠠᠴᠠᠭ᠎ᠠ ᠳᠤ ᠪᠡᠯᠡ ᠣᠷᠣᠭᠤᠯᠬᠤ ᠠᠵᠤ | ᠠᠬᠤᠶᠢᠯᠠᠯ ᠥᠪᠥᠷ ᠮᠣᠩᠭᠤᠯ ᠤᠨ ᠶᠤᠸᠠᠨ ᠹᠧᠩ ᠠᠮᠢᠳᠤ ᠪᠣᠳᠠᠰ ᠤᠨ ᠰᠢᠨᠵᠢᠯᠡᠭᠡ ᠮᠡᠷᠭᠡᠵᠢᠯ ᠤᠨ ᠬᠢᠵᠠᠭᠠᠷᠲᠤ | ᠺᠣᠮᠫᠠᠨᠢ ᠶᠢ ᠵᠣᠬᠢᠴᠠᠭᠤᠯᠤᠨ ᠥᠭᠴᠦ᠂ ᠲᠣᠰ ᠺᠣᠮᠫᠠᠨᠢ ᠠᠴᠠ 10 ᠲᠦᠮᠡᠨ ᠲᠥᠭᠦᠷᠢᠭ ᠪᠡᠯᠡ ᠣᠷᠣᠭᠤᠯᠵᠤ᠂ ︽ | ᠨᠠᠮ ᠤᠨ ᠡᠭᠦᠷ + ᠢᠳᠡᠭᠡᠨ ᠤ ᠦᠢᠯᠡᠳᠪᠦᠷᠢ + ᠮᠠᠯᠴᠢᠨ ᠲᠠᠷᠢᠶᠠᠴᠢᠨ ᠡᠷᠦᠬᠡ︾ ᠶᠢᠨ ᠠᠵᠢᠯᠯᠠᠭᠠᠨ ᠤ | ᠵᠠᠭᠪᠤᠷ ᠢᠶᠠᠷ ᠵᠢᠷᠣᠨᠬᠤᠸᠠ ᠤᠯᠠᠭᠠᠨ ᠠᠮᠲᠠᠲᠤ ᠢᠳᠡᠭᠡᠨ ᠤ ᠦᠢᠯᠡᠳᠪᠦᠷᠢ ᠶᠢ ᠪᠠᠶᠢᠭᠤᠯᠵᠤ᠂ ᠲᠣᠰ ᠵᠢᠯ ᠤᠨ 10 | ᠰᠠᠷ᠎ᠠ ᠳᠤ ᠵᠢᠩᠬᠢᠨᠢ ᠪᠠᠷ ᠠᠰᠢᠭᠯᠠᠯᠲᠠ ᠳᠤ ᠣᠷᠣᠭᠤᠯᠪᠠ᠃ | | | ᠢᠳᠡᠭᠡᠨ ᠤ ᠦᠢᠯᠡᠳᠪᠦᠷᠢ ᠶᠢᠨ ᠪᠣᠷᠤᠯᠠᠭᠤᠯᠭ᠎ᠠ ᠡᠵᠡᠩᠨᠡᠯᠲᠡ ᠶᠢᠨ ᠠᠵᠢᠯ ᠢ ᠬᠠᠷᠢᠭᠤᠴᠠᠵᠤ ᠪᠠᠶᠢᠭ᠎ᠠ ᠵᠢᠡᠣᠨᠬᠤᠸᠠ | ᠭᠠᠴᠠᠭ᠎ᠠ ᠶᠢᠨ ᠡᠮᠡᠭᠲᠡᠶᠢᠴᠦᠳ ᠤᠨ ᠬᠤᠯᠪᠣᠭᠠᠨ ᠤ ᠡᠷᠬᠢᠯᠡᠭᠴᠢ ᠰᠢᠶᠣᠣ ᠬᠤᠩ ᠲᠠᠨᠢᠯᠴᠠᠭᠤᠯᠬᠤ ᠳᠠᠭᠠᠨ᠂ | ᠣᠳᠣᠬᠠᠨ ᠳᠤ ᠢᠳᠡᠭᠡᠨ ᠤ ᠦᠢᠯᠡᠳᠪᠦᠷᠢ ᠳᠤ ᠬᠡᠷᠡᠭᠯᠡᠵᠦ ᠪᠠᠶᠢᠭ᠎ᠠ 6 ᠠᠵᠢᠯᠴᠢᠨ ᠪᠣᠯ ᠴᠥᠮ ᠭᠠᠴᠠᠭ᠎ᠠ ᠶᠢᠨ | ᠡᠮᠡᠭᠲᠡᠢ ᠡᠭᠡᠴᠢ ᠥᠬᠢᠨ ᠳᠡᠭᠦᠦ ᠨᠠᠷ ᠪᠣᠯᠣᠨ᠎ᠠ᠂ ᠲᠤᠷᠰᠢᠯᠭ᠎ᠠ ᠦᠭᠡᠢ ᠠᠴᠠ ᠪᠣᠯᠵᠤ᠂ ᠮᠠᠰᠢ ᠣᠯᠠᠨ | ᠪᠦᠲᠦᠭᠡᠭᠳᠡᠬᠦᠨ ᠢ ᠦᠢᠯᠡᠳᠪᠦᠷᠢᠯᠡᠬᠦ᠂ ᠪᠣᠷᠣᠯᠠᠭᠤᠯᠬᠤ ᠵᠡᠷᠭᠡ ᠲᠠᠯ᠎ᠠ ᠶᠢᠨ ᠨᠠᠷᠢᠨ ᠵᠦᠢᠯᠡᠰ ᠢ ᠲᠡᠳᠡ | ᠥᠪᠡᠷᠰᠡᠳ ᠢᠶᠠᠨ ᠬᠦᠴᠦ ᠣᠷᠣᠭᠤᠯᠤᠨ ᠰᠤᠳᠤᠯᠬᠤ ᠯᠠ ᠬᠡᠷᠡᠭᠲᠡᠢ ᠪᠣᠯᠵᠠᠢ᠃ ᠨᠢᠭᠡ ᠬᠤᠭᠤᠴᠠᠭᠠᠨ ᠤ ᠬᠠᠶᠢᠨ | ᠰᠦᠪᠡᠭᠴᠢᠯᠡᠯᠲᠡ ᠪᠠ ᠰᠤᠷᠤᠯᠴᠠᠯᠭ᠎ᠠ ᠪᠠᠷ ᠲᠠᠮᠵᠢᠨ᠂ ᠬᠤᠶᠠᠷ ᠰᠠᠷ᠎ᠠ ᠰᠢᠬᠠᠮ ᠤᠨ ᠬᠤᠭᠤᠴᠠᠭᠠᠨ ᠳᠤ ᠲᠡᠳᠡ 1 | ᠲᠦᠮᠡ ᠭᠠᠷᠤᠢ ᠵᠢᠩ ᠨᠠᠩᠭᠢ ᠪᠣᠤᠪᠤ ᠦᠢᠯᠡᠳᠪᠦᠷᠢᠯᠡᠵᠦ᠂ ᠭᠤᠣᠯᠳᠠᠭᠤ ᠯᠦᠪᠧᠢ ᠪᠠᠯᠭᠠᠰᠤᠨ ᠤ ᠡᠯ᠎ᠡ ᠲᠣᠮᠣ ᠬᠡᠳᠦ | ᠳᠡᠯᠭᠡᠭᠦᠷ ᠲᠤ ᠪᠣᠷᠣᠯᠠᠭᠤᠯᠪᠠ᠂ ᠣᠳᠣᠬᠠᠨ ᠳᠤ ᠪᠣᠷᠤᠯᠠᠭᠤᠯᠭ᠎ᠠ ᠶᠢᠨ ᠬᠡᠮᠵᠢᠶ᠎ᠡ ᠨᠢ 6 ᠲᠦᠮᠡ ᠭᠠᠷᠤᠢ ᠲᠥᠭᠦᠷᠢᠭ | ᠬᠦᠷᠦᠭᠰᠡᠨ ᠪᠠᠶᠢᠨ᠎ᠠ᠃ | | | ᠪᠠᠶᠢᠭᠤᠯᠤᠭᠳᠠᠭᠠᠳ ᠤᠳᠠᠭᠠᠳᠤᠢ ᠢᠳᠡᠭᠡᠨ ᠤ ᠦᠢᠯᠡᠳᠪᠦᠷᠢ ᠶᠠᠭᠠᠬᠢᠭᠠᠳ ᠬᠥᠮᠥᠨ ᠢ ᠪᠠᠶᠠᠷᠯᠠᠭᠤᠯᠤᠮ᠎ᠠ | ᠪᠣᠷᠤᠯᠠᠭᠤᠯᠭ᠎ᠠ ᠶᠢ ᠣᠯᠵᠤ᠂ ᠵᠠᠬ᠎ᠠ ᠳᠡᠯᠭᠡᠭᠦᠷ ᠤᠨ ᠬᠦᠷᠢᠶᠡᠯᠡᠯ ᠢ ᠣᠯᠣᠭᠰᠠᠨ ᠪᠤᠢ︖ ᠵᠢᠷᠣᠨᠬᠤᠸᠠ ᠤᠯᠠᠭᠠᠨ | ᠠᠮᠲᠠᠲᠤ ᠢᠳᠡᠭᠡᠨ ᠤ ᠦᠢᠯᠡᠳᠪᠦᠷᠢ ᠨᠢ ᠪᠦᠲᠦᠭᠡᠭᠳᠡᠬᠦᠨ ᠤ ᠶᠠᠰᠤ ᠴᠢᠨᠠᠷ ᠪᠠ ᠡᠵᠡᠩᠨᠡᠯᠲᠡ ᠶᠢᠨ ᠢᠲᠡᠭᠡᠮᠵᠢ ᠳᠤ ᠪᠠᠨ | ᠲᠦᠰᠢᠭᠯᠡᠨ᠎ᠡ᠃ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠠᠯᠬᠤᠮ ᠠᠯᠬᠤᠮ ᠢᠶᠠᠷ | ᠲᠡᠭᠦᠯᠳᠡᠷᠵᠢᠭᠦᠯᠵᠦ ᠪᠠᠶᠢᠭ᠎ᠠ ᠪᠠᠶᠢᠳᠠᠯ ᠳᠣᠣᠷ᠎ᠠ᠂ ᠲᠡᠳᠡ ᠳᠡᠭᠡᠳᠦ ᠳᠡᠰ ᠤᠨ ᠲᠦᠭᠦᠬᠡᠢ ᠮᠠᠲ᠋ᠧᠷᠢᠶᠠᠯ ᠢ ᠨᠠᠷᠢᠨ | ᠰᠣᠩᠭᠤᠵᠤ᠂ ᠰᠢᠯᠦᠬᠡᠢ ᠠᠮᠤ᠂ ᠶᠡᠭᠡ ᠵᠢᠩᠨᠠᠬᠦ ᠲᠣᠭᠤᠭ᠎ᠠ ᠵᠡᠷᠭᠡ ᠤᠯᠠᠮᠵᠢᠯᠠᠯᠲᠤ ᠠᠷᠭ᠎ᠠ ᠪᠠ ᠭᠠᠷ ᠬᠢᠬᠦ ᠠᠷᠭ᠎ᠠ ᠪᠠᠨ | ᠬᠤᠪᠢᠷᠠᠭᠤᠯᠬᠤ ᠦᠭᠡᠢ ᠪᠠᠶᠢᠬᠤ ᠶᠢ ᠪᠠᠷᠢᠮᠲᠠᠯᠠᠵᠤ᠂ ᠵᠢᠩᠨᠡᠵᠦ ᠭᠠᠷᠭᠠᠭᠰᠠᠨ ᠨᠠᠩᠭᠢ ᠪᠣᠤᠪᠤ ᠶᠢᠨ ᠠᠮᠲᠠ ᠨᠢ ᠵᠥᠭᠡᠯᠡᠨ | ᠪᠠᠶᠢᠵᠤ᠂ ᠨᠤᠲᠤᠭ ᠤᠰᠤᠨ ᠤ ᠪᠠᠨ ᠣᠤᠯ ᠤᠨ ᠦᠨᠦᠷ ᠠᠮᠲᠠ ᠶᠢ ᠬᠠᠳᠠᠭᠠᠯᠠᠪᠠ᠃ | | | ︽ᠣᠳᠣ ᠮᠠᠨ ᠤ ᠦᠢᠯᠡᠳᠬᠦᠨ ᠢ ᠬᠤᠳᠠᠯᠳᠤᠨ ᠠᠪᠬᠤ ᠪᠠᠷ ᠢᠷᠡᠭᠰᠡᠨ ᠬᠥᠮᠥᠰ ᠤᠨ ᠣᠯᠠᠩᠬᠢ ᠨᠢ ᠪᠦᠷ | ᠬᠠᠭᠤᠴᠢᠨ ᠵᠣᠴᠢᠨ ᠶᠤᠮ᠂ ᠮᠠᠨ ᠤ ᠨᠠᠩᠭᠢ ᠪᠣᠤᠪᠤ ᠶᠢ ᠢᠳᠡᠬᠦ ᠳᠤ ᠦᠪᠡᠷᠮᠢᠴᠡ ᠨᠢᠭᠡ ᠵᠦᠢᠯ ᠤᠨ ᠠᠮᠲᠠ ᠲᠠᠢ᠂ | ᠪᠠᠭ᠎ᠠ ᠶᠢᠨ ᠦᠶ᠎ᠡ ᠳᠤ ᠢᠳᠡᠵᠦ ᠪᠠᠶᠢᠭᠰᠠᠨ ᠠᠮᠲᠠ ᠲᠠᠢ ᠠᠳᠠᠯᠢ ᠭᠡᠵᠦ ᠬᠡᠯᠡᠵᠦ ᠪᠠᠶᠢᠨ᠎ᠠ︾᠃ ᠭᠡᠵᠦ ᠰᠢᠶᠣᠣ ᠬᠤᠩ | ᠬᠡᠯᠡᠪᠡ᠃ | ᠵᠤᠤᠬ᠎ᠠ ᠶᠢᠨ ᠲᠦᠯᠡᠭᠡ ᠳᠦᠷᠡᠯᠵᠡᠨ ᠨᠣᠴᠣᠵᠤ᠂ ᠬᠠᠯᠠᠭᠤᠨ ᠠᠭᠤᠷ ᠪᠠᠭᠠᠭᠢᠭᠰᠠᠨ ᠨᠠᠩᠭᠢ ᠪᠣᠤᠪᠤ ᠠᠴᠠ ᠠᠩᠬᠢᠯᠤᠮ᠎ᠠ | ᠦᠨᠦᠷ ᠬᠠᠩᠬᠤᠯᠵᠤ᠂ ᠪᠣᠷᠤᠯᠠᠭᠤᠯᠭ᠎ᠠ ᠨᠢ ᠴᠦ ᠡᠳᠦᠷ ᠠᠴᠠ ᠡᠳᠦᠷ ᠰᠠᠶᠢᠵᠢᠷᠠᠵᠤ᠂ ᠲᠡᠳᠡᠨ ᠳᠤ ᠴᠢᠨᠡᠭᠡᠯᠢᠭ | ᠠᠮᠢᠳᠤᠷᠠᠯ ᠲᠡᠰᠢ ᠲᠡᠮᠡᠴᠡᠬᠦ ᠢᠲᠡᠭᠡᠯ ᠵᠣᠷᠢᠭ ᠨᠡᠮᠡᠷᠢᠯᠡᠵᠦ᠂ ᠵᠢᠵᠢᠭᠬᠡᠨ ᠨᠠᠩᠭᠢ ᠪᠣᠤᠪᠤ ᠨᠢ ᠲᠡᠳᠡᠨ ᠤ ᠣᠷᠣᠯᠭ᠎ᠠ ᠪᠠᠨ | ᠨᠡᠮᠡᠭᠳᠡᠭᠦᠯᠦᠨ ᠪᠠᠶᠠᠵᠢᠬᠤ ᠶᠢᠨ ︽ᠠᠯᠳᠠᠨ ᠠᠶᠠᠭ᠎ᠠ︾ ᠪᠣᠯᠤᠭᠰᠠᠨ ᠪᠠᠶᠢᠨ᠎ᠠ᠃ | | | ᠢᠳᠡᠭᠡᠨ ᠤ ᠦᠢᠯᠡᠳᠪᠦᠷᠢ ᠶᠢᠨ ᠳᠠᠷᠠᠭᠠᠴᠢ ᠶᠢᠨ ᠠᠯᠬᠤᠮ ᠤᠨ ᠬᠥᠭᠵᠢᠯᠲᠡ ᠶᠢᠨ ᠲᠤᠬᠠᠢ ᠰᠢᠶᠣᠣ ᠬᠤᠩ | ᠬᠡᠯᠡᠭᠰᠡᠨ ᠨᠢ᠂ ᠳᠠᠷᠠᠭ᠎ᠠ ᠠᠯᠬᠤᠮ ᠳᠤ᠂ ᠵᠢᠷᠣᠨᠬᠤᠸᠠ ᠤᠯᠠᠭᠠᠨ ᠠᠮᠲᠠᠲᠤ ᠢᠳᠡᠭᠡᠨ ᠤ ᠦᠢᠯᠡᠳᠪᠦᠷᠢ ᠶᠢᠨ ᠬᠢᠨ | ᠦᠢᠯᠡᠳᠬᠦᠨ ᠤ ᠲᠥᠷᠥᠯ ᠵᠦᠢᠯ ᠢᠶᠠᠨ ᠲᠠᠰᠤᠷᠠᠯᠲᠠ ᠦᠭᠡᠢ ᠨᠡᠮᠡᠭᠳᠡᠭᠦᠯᠵᠦ᠂ ᠮᠤᠤᠷ ᠤᠨ ᠴᠢᠬᠢ᠂ ᠲᠣᠰᠣᠨ ᠳᠤ | ᠪᠤᠴᠠᠯᠭᠠᠭᠰᠠᠨ ᠪᠣᠣᠪᠤ᠂ ᠬᠡᠷᠴᠢᠭᠰᠡᠨ ᠪᠣᠣᠪᠤ ᠵᠡᠷᠭᠡ ᠪᠦᠲᠦᠭᠡᠭᠳᠡᠬᠦᠨ ᠢ ᠦᠢᠯᠡᠳᠦᠨ ᠦᠢᠯᠡᠳᠪᠦᠷᠢᠯᠡᠵᠦ᠂ ︽ | ᠰᠦᠯᠵᠢᠶᠡᠨ ᠳᠡᠭᠡᠷ᠎ᠡ + ᠰᠦᠯᠵᠢᠶᠡᠨ ᠭᠠᠳᠠᠨ᠎ᠠ︾ ᠪᠣᠷᠣᠯᠠᠭᠤᠯᠬᠤ ᠵᠠᠭᠪᠤᠷ ᠢᠶᠠᠷ ᠳᠠᠮᠵᠢᠨ᠂ ᠪᠣᠷᠣᠯᠠᠭᠤᠯᠬᠤ ᠠᠷᠭ᠎ᠠ | ᠵᠠᠮ ᠢ ᠴᠢᠷᠮᠠᠶᠢᠨ ᠥᠷᠭᠡᠳᠬᠡᠵᠦ᠂ 2023 ᠣᠨ ᠤ ᠵᠢᠯ ᠤᠨ ᠰᠡᠭᠦᠯᠴᠢ ᠠᠴᠠ ᠡᠮᠦᠨ᠎ᠡ ᠪᠦᠲᠦᠭᠡᠭᠳᠡᠬᠦᠨ ᠤ | ᠪᠣᠷᠤᠯᠠᠭᠤᠯᠭ᠎ᠠ ᠶᠢᠨ ᠬᠡᠮᠵᠢᠶ᠎ᠡ ᠶᠢ 10 ᠲᠦᠮᠡᠨ ᠵᠢᠩ ᠳᠤ ᠬᠦᠷᠦᠭᠦᠯᠬᠦ ᠪᠠᠷ ᠴᠢᠷᠮᠠᠶᠢᠵᠤ᠂ 15 ᠬᠥᠮᠥᠨ ᠳᠤ | ᠠᠵᠢᠯ ᠤᠨ ᠪᠠᠶᠢᠷᠢ ᠬᠠᠩᠭᠠᠵᠤ᠂ ᠬᠥᠮᠥᠨ ᠪᠦᠷᠢ ᠶᠢᠨ ᠳᠤᠮᠳᠠᠴᠢ ᠵᠢᠯ ᠤᠨ ᠣᠷᠣᠯᠭ᠎ᠠ ᠶᠢ 2 ᠲᠦᠮᠡᠨ ᠲᠥᠭᠦᠷᠢᠭ | ᠨᠡᠮᠡᠭᠳᠡᠭᠦᠯᠦᠨ᠂ ᠭᠠᠴᠠᠭ᠎ᠠ ᠲᠣᠰᠬᠤᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ ᠶᠢ 10 ᠲᠦᠮᠡᠨ ᠲᠥᠭᠦᠷᠢᠭ | ᠨᠡᠮᠡᠭᠳᠡᠭᠦᠯᠵᠦ᠂ ᠬᠠᠮᠲᠤ ᠶᠢᠨ ᠠᠵᠤ ᠠᠬᠤᠢ ᠶᠢ ᠠᠯᠬᠤᠮ ᠠᠯᠬᠤᠮ ᠢᠶᠠᠷ ᠪᠤᠵᠠᠭᠠᠶᠢᠷᠠᠭᠤᠯᠤᠨ᠂ ᠨᠠᠩ ᠣᠯᠠᠨ ᠮᠠᠯᠴᠢᠨ | ᠲᠠᠷᠢᠶᠠᠴᠢᠨ ᠢ ᠳᠠᠭᠠᠭᠤᠯᠤᠨ ᠣᠷᠣᠯᠭ᠎ᠠ ᠶᠢ ᠨᠢ ᠨᠡᠮᠡᠭᠳᠡᠭᠦᠯᠬᠦ ᠶᠢ ᠪᠡᠶᠡᠯᠡᠭᠦᠯᠬᠦ ᠪᠣᠯᠣᠨ᠎ᠠ ᠭᠡᠪᠡ᠃ |