| ᠨᠢᠭᠡ ᠬᠠᠳᠠᠭᠠᠰᠤ᠂ ᠨᠢᠭᠡ ᠲᠠᠪᠯᠠᠬᠤ᠂ ᠨᠢᠭᠡ ᠰᠡᠶᠢᠯᠪᠤᠷᠢ ᠪᠠᠷ ᠲᠤᠭ᠎ᠠ ᠲᠣᠮᠰᠢ ᠦᠭᠡᠢ ᠣᠯᠠᠨ ᠤᠳᠠᠭ᠎ᠠ | ᠳᠠᠪᠲᠠᠭᠰᠠᠭᠠᠷ ᠨᠢᠭᠡᠨ ᠭᠤᠶᠢᠳᠠ ᠰᠠᠶᠢᠬᠠᠨ ᠠᠷᠠᠰᠤᠨ ᠰᠡᠶᠢᠯᠦᠮᠡᠯ ᠤᠨ ᠵᠢᠷᠤᠭ ᠢ ᠪᠦᠲᠦᠭᠡᠳᠡᠭ᠂ ᠥᠪᠡᠷᠮᠢᠴᠡ | ᠣᠨᠴᠠᠯᠢᠭ ᠢᠶᠠᠷ ᠪᠢᠯᠬᠠᠭᠰᠠᠨ ᠠᠷᠠᠰᠤᠨ ᠰᠡᠶᠢᠯᠦᠮᠡᠯ ᠤᠨ ᠪᠦᠲᠦᠭᠡᠯ ᠤᠳ ᠨᠢ ᠵᠣᠬᠢᠶᠠᠨ ᠪᠦᠲᠦᠭᠡᠭᠴᠢ ᠶᠢᠨ ᠠᠪᠢᠶᠠᠰ | ᠪᠢᠯᠢᠭ ᠢ ᠠᠴᠢᠶᠠᠯᠠᠵᠤ ᠪᠠᠶᠢᠬᠤ ᠪᠠᠷ ᠪᠠᠷᠠᠬᠤ ᠦᠭᠡᠢ᠂ ᠨᠠᠩ ᠴᠤ ᠤᠯᠠᠮᠵᠢᠯᠠᠯᠲᠤ ᠰᠣᠶᠣᠯ ᠤᠨ ᠷᠢᠳᠢ ᠰᠢᠳᠢ ᠶᠢ | ᠰᠢᠩᠭᠡᠭᠡᠵᠦ ᠪᠠᠶᠢᠳᠠᠭ᠃ | | | ᠵᠠᠷᠤᠳ ᠬᠤᠰᠢᠭᠤᠨ ᠤ ᠳᠣᠯᠣᠲᠤ ᠰᠤᠮᠤᠨ ᠤ ᠪᠠᠶᠠᠨᠲᠠᠯ᠎ᠠ ᠭᠠᠴᠠᠭᠠᠨ ᠤ ᠮᠠᠯᠴᠢᠨ ᠪᠠᠶᠠᠨᠨᠠᠮᠤᠷ ᠬᠠᠷᠠᠬᠠᠨ | ᠪᠠᠭ᠎ᠠ ᠠᠴᠠ ᠪᠠᠨ ᠠᠷᠠᠰᠤᠨ ᠰᠡᠶᠢᠯᠦᠮᠡᠯ ᠤᠨ ᠭᠠᠷ ᠤᠷᠠᠯᠠᠯ ᠤᠨ ᠪᠦᠲᠦᠭᠡᠭᠳᠡᠬᠦᠨ ᠳᠤ ᠶᠡᠭᠡ ᠰᠣᠨᠢᠷᠬᠠᠯ ᠲᠠᠢ ᠪᠠᠶᠢᠵᠤ᠂ | ᠲᠡᠷᠡ ᠶᠡᠭᠡ ᠰᠤᠷᠭᠠᠭᠤᠯᠢ ᠳᠤ ᠪᠠᠶᠢᠬᠤ ᠠᠴᠠ ᠪᠠᠨ ᠡᠬᠢᠯᠡᠨ ᠠᠷᠠᠰᠤᠨ ᠰᠡᠶᠢᠯᠦᠮᠡᠯ ᠤᠨ ᠬᠠᠮᠢᠶ᠎ᠠ ᠪᠦᠬᠦᠢ ᠲᠤᠰᠬᠠᠢ | ᠮᠡᠷᠭᠡᠵᠢᠯ ᠤᠨ ᠮᠡᠳᠡᠯᠭᠡ ᠪᠠ ᠤᠷ᠎ᠠ ᠮᠡᠷᠭᠡᠵᠢᠯ ᠢ ᠰᠢᠮᠳᠠᠨ ᠰᠣᠷᠣᠯᠴᠠᠪᠠ᠃ ᠠᠷᠠᠰᠤᠨ ᠰᠡᠶᠢᠯᠦᠮᠡᠯ ᠤᠨ ᠤᠷᠠᠯᠢᠭ ᠢ | ᠰᠤᠷᠤᠯᠴᠠᠬᠤ ᠶᠠᠪᠤᠴᠠ ᠶᠢ ᠶᠠᠷᠢᠬᠤ ᠳᠤ᠂ ᠪᠠᠶᠠᠨᠨᠠᠮᠤᠷ᠄ ︽ᠪᠢ ᠬᠠᠷᠠᠬᠠᠨ ᠪᠠᠭ᠎ᠠ ᠠᠴᠠ ᠪᠠᠨ ᠥᠪᠡᠷᠮᠢᠴᠡ | ᠬᠡᠯᠪᠡᠷᠢ ᠪᠠᠷ ᠨᠤᠲᠤᠭ ᠢᠶᠠᠨ ᠬᠠᠶᠢᠷ᠎ᠠ ᠰᠡᠳᠬᠢᠯᠭᠡ ᠪᠠᠨ ᠢᠯᠡᠳᠭᠡᠳᠡᠭ᠂ ᠶᠡᠭᠡ ᠰᠤᠷᠭᠠᠭᠤᠯᠢ ᠳᠤ ᠪᠠᠶᠢᠬᠤ ᠳᠠᠭᠠᠨ | ᠠᠷᠠᠰᠤᠨ ᠰᠡᠶᠢᠯᠦᠮᠡᠯ ᠤᠨ ᠤᠷᠠᠯᠢᠭ ᠢ ᠣᠶᠢᠯᠠᠭᠠᠭᠰᠠᠨ ᠤ ᠳᠠᠷᠠᠭ᠎ᠠ᠂ ᠪᠢ ᠲᠡᠭᠦᠨ ᠳᠤ ᠭᠦᠨ ᠲᠠᠲᠠᠭᠳᠠᠪᠠ᠃ | ᠮᠣᠩᠭᠤᠯ ᠦᠨᠳᠦᠰᠦᠲᠡᠨ ᠤ ᠠᠷᠠᠰᠤᠨ ᠰᠡᠶᠢᠯᠦᠮᠡᠯ ᠵᠢᠷᠤᠭ ᠪᠣᠯ ᠨᠡᠭᠦᠳᠡᠯ ᠮᠠᠯᠵᠢᠯ ᠤᠨ ᠪᠣᠯᠪᠠᠰᠤᠨ ᠤ ᠬᠤᠷᠢᠶᠠᠩᠭᠤᠢ | ᠳᠦᠷᠰᠦ᠂ ᠣᠯᠠᠨ ᠡᠰᠢᠲᠦ ᠰᠣᠶᠣᠯ ᠤᠨ ᠣᠨᠴᠠᠯᠢᠭ ᠪᠠ ᠥᠪᠡᠷ ᠥᠪᠡᠷ ᠤᠨ ᠰᠢᠰᠲ᠋ᠧᠮᠴᠢᠯᠡᠭᠰᠡᠨ ᠤᠷᠠᠯᠢᠭ ᠤᠨ ᠬᠡᠪ | ᠨᠠᠮᠪᠠ ᠲᠠᠢ᠂ ᠥᠪᠡᠷᠲᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠢᠯ | ᠪᠣᠯᠣᠨ᠎ᠠ᠃ 2021 ᠣᠨ ᠳᠤ᠂ ᠮᠣᠩᠭᠤᠯ ᠦᠨᠳᠦᠰᠦᠲᠡᠨ ᠤ ᠠᠷᠠᠰᠤᠨ ᠤᠷᠠᠯᠠᠯ ᠴᠤ ᠤᠯᠤᠰ ᠤᠨ ᠲᠠᠰ ᠤᠨ | ᠪᠣᠳᠠᠰ ᠤᠨ ᠪᠤᠰᠤ ᠰᠣᠶᠣᠯ ᠤᠨ ᠥᠪ ᠤᠨ ᠨᠡᠷᠡᠰ ᠲᠤ ᠵᠢᠭᠰᠠᠭᠠᠭᠳᠠᠪᠠ︾ ᠭᠡᠪᠡ᠃ | | | ᠪᠠᠶᠠᠨᠨᠠᠮᠤᠷ ᠤᠨ ᠠᠵᠢᠯᠯᠠᠬᠤ ᠭᠡᠷ ᠲᠤ ᠣᠷᠣᠬᠤ ᠳᠤ ᠬᠠᠮᠤᠭ ᠤᠨ ᠲᠦᠷᠦᠭᠦᠨ ᠳᠤ ᠬᠡᠷᠡᠮ ᠳᠡᠭᠡᠷ᠎ᠡ ᠡᠯᠭᠦᠵᠦ | ᠪᠠᠶᠢᠭ᠎ᠠ ᠠᠷᠠᠰᠤᠨ ᠰᠡᠶᠢᠯᠦᠮᠡᠯ ᠤᠨ ᠪᠦᠲᠦᠭᠡᠯ᠂ ᠪᠦᠰᠡ᠂ ᠵᠣᠭᠤᠰᠤᠨ ᠪᠣᠭᠴᠣ᠂ ᠠᠷᠠᠰᠤᠨ ᠪᠣᠭᠴᠣ᠂ ᠠᠷᠠᠰᠤᠨ | ᠰᠡᠶᠢᠯᠦᠮᠡᠯ ᠤᠨ ᠵᠢᠷᠤᠭ ᠬᠠᠷᠠᠭᠳᠠᠨ᠎ᠠ ᠁ ᠦᠵᠡᠬᠦ ᠳᠤ ᠡᠩ ᠤᠨ ᠦᠬᠡᠷ ᠤᠨ ᠠᠷᠠᠰᠤ ᠪᠣᠯᠪᠠᠴᠤ ᠲᠡᠭᠦᠨ ᠤ | ᠨᠠᠷᠢᠯᠢᠭ ᠵᠢᠷᠣᠵᠤ᠂ ᠰᠡᠶᠢᠯᠬᠦ᠂ ᠲᠣᠭᠰᠢᠬᠤ᠂ ᠥᠩᠭᠡ ᠣᠷᠣᠭᠤᠯᠬᠤ ᠵᠡᠷᠭᠡ ᠠᠵᠢᠯ ᠤᠨ ᠳᠠᠷᠠᠭᠠᠯᠠᠯ ᠢᠶᠠᠷ ᠳᠡᠮᠵᠢᠨ᠂ | ᠬᠠᠲᠠᠭᠤ ᠪᠠᠬᠢ ᠦᠬᠡᠷ ᠤᠨ ᠠᠷᠠᠰᠤ ᠨᠢ ᠲᠡᠭᠦᠨ ᠤ ᠭᠠᠷ ᠲᠤ ᠰᠢᠨ᠎ᠡ ᠠᠮᠢᠵᠢᠷᠠᠯ ᠤᠨ ᠬᠦᠴᠦᠨ ᠲᠠᠢ ᠪᠣᠯᠵᠤ᠂ | ᠭᠤᠶᠢᠳᠠ ᠰᠠᠶᠢᠬᠠᠨ ᠡᠮᠡᠭᠡᠯ᠂ ᠬᠤᠯᠤ᠂ ᠠᠷᠠᠰᠤᠨ ᠱᠠᠬᠠᠢ ᠵᠡᠷᠭᠡ ᠠᠷᠠᠰᠤᠨ ᠰᠡᠶᠢᠯᠦᠮᠡᠯ ᠤᠨ ᠪᠦᠲᠦᠭᠡᠯ ᠪᠣᠯᠤᠭᠰᠠᠨ | ᠪᠠᠶᠢᠨ᠎ᠠ᠃ | | | ︽ᠠᠷᠠᠰᠤᠨ ᠰᠡᠶᠢᠯᠦᠮᠡᠯ ᠢ ᠦᠢᠯᠡᠳᠬᠦ ᠦᠶᠡᠯᠡᠯ ᠤᠨ ᠬᠤᠭᠤᠴᠠᠭ᠎ᠠ ᠨᠢ ᠤᠷᠲᠤ ᠪᠣᠯᠬᠤᠷ ᠣᠳᠣᠬᠠᠨ ᠳᠤ | ᠵᠥᠪᠬᠡᠨ ᠵᠠᠬᠢᠶᠠᠯᠠᠭ᠎ᠠ ᠶᠢ ᠭᠥᠯᠢᠶᠡᠨ ᠠᠪᠬᠤ᠂ ᠵᠠᠷᠢᠮ ᠨᠢ ᠠᠬᠠᠮᠠᠳ ᠦᠶ᠎ᠡ ᠳᠡᠭᠡᠨ ᠬᠦᠷᠭᠡᠬᠦ᠂ ᠵᠠᠷᠢᠮ ᠨᠢ | ᠭᠡᠷ ᠲᠡᠭᠡᠨ ᠪᠤᠶᠤ ᠳᠡᠯᠭᠡᠭᠦᠷ ᠲᠡᠭᠡᠨ ᠡᠯᠭᠦᠭᠡᠳ ᠵᠠᠰᠠᠯ ᠴᠢᠮᠡᠭᠯᠡᠯ ᠤᠨ ᠡᠳ᠋ ᠪᠣᠯᠭᠠᠳᠠᠭ᠂ ᠵᠠᠷᠢᠮ ᠡᠮᠡᠭᠡᠯ᠂ ᠡᠮᠡᠭᠡᠯ ᠤᠨ | ᠪᠣᠭᠴᠣ ᠮᠡᠲᠦ ᠶᠢᠨ ᠭᠠᠷ ᠤᠷᠠᠯᠠᠯ ᠤᠨ ᠡᠳ᠋ᠯᠡᠯ ᠢ ᠪᠣᠯ ᠮᠠᠰᠢ ᠣᠯᠠᠨ ᠵᠣᠴᠢᠳ ᠬᠤᠳᠠᠯᠳᠤᠨ ᠠᠪᠴᠤ ᠲᠥᠷᠥᠯ | ᠰᠠᠳᠤᠨ ᠨᠠᠶᠢᠵᠠ ᠨᠥᠬᠦᠳ ᠲᠡᠭᠡᠨ ᠬᠦᠷᠭᠡᠵᠦ ᠪᠠᠶᠢᠳᠠᠭ︾ ᠭᠡᠵᠦ ᠪᠠᠶᠠᠨᠨᠠᠮᠤᠷ ᠬᠡᠯᠡᠪᠡ᠃ | ᠦᠬᠡᠷ ᠤᠨ ᠠᠷᠠᠰᠤ ᠪᠠᠷ ᠵᠢᠷᠤᠭ ᠵᠢᠷᠤᠬᠤ ᠨᠢ ᠬᠡᠯᠡᠬᠦ ᠳᠤ ᠲᠦᠭᠦᠮ ᠪᠣᠯᠪᠠᠴᠤ ᠦᠨᠡᠨ ᠳᠡᠭᠡᠨ ᠨᠠᠷᠢᠨ | ᠪᠤᠳᠤᠯᠢᠶᠠᠨᠲᠠᠢ ᠶᠠᠪᠤᠴᠠ ᠲᠠᠢ ᠪᠠᠶᠢᠳᠠᠭ᠂ ᠠᠷᠠᠰᠤᠨ ᠵᠢᠷᠤᠭ ᠨᠢᠭᠡᠪᠦᠷᠢ ᠨᠢ ᠴᠥᠮ ᠵᠢᠷᠤᠬᠤ᠂ ᠠᠷᠠᠰᠤ ᠡᠰᠬᠡᠬᠦ᠂ | ᠰᠡᠶᠢᠯᠬᠦ᠂ ᠪᠤᠳᠤᠭ ᠣᠷᠣᠭᠤᠯᠬᠤ᠂ ᠭᠢᠯᠠᠶᠢᠯᠭᠠᠬᠤ᠂ ᠳᠦᠷᠰᠦ ᠲᠣᠭᠲᠠᠭᠠᠬᠤ ᠵᠡᠷᠭᠡ ᠤᠷᠠᠯᠠᠯ ᠢ ᠥᠩᠭᠡᠷᠡᠭᠡᠳᠡᠭ | ᠪᠥᠭᠡᠳ ᠤᠷᠠᠨ ᠳᠠᠷᠬᠠᠨ ᠤ ᠭᠠᠷ ᠢᠶᠠᠷ ᠬᠢᠬᠦ ᠶᠢ ᠱᠠᠭᠠᠷᠳᠠᠳᠠᠭ᠂ ᠶᠡᠭᠡ ᠲᠥᠯᠥᠪ ᠪᠤᠳᠤᠵᠤ ᠦᠵᠡᠪᠡᠯ᠂ ᠠᠷᠠᠰᠤᠨ | ᠰᠡᠶᠢᠯᠦᠮᠡᠯ ᠢ ᠬᠢᠬᠦ ᠳᠤ ᠬᠡᠳᠦᠨ ᠠᠷᠪᠠᠨ ᠠᠵᠢᠯ ᠤᠨ ᠳᠠᠷᠠᠭᠠᠯᠠᠯ ᠢ ᠦᠩᠭᠡᠷᠡᠭᠡᠳᠡᠭ᠃ ᠡᠨᠡ ᠨᠢ ᠵᠣᠬᠢᠶᠠᠭᠴᠢ ᠶᠢᠨ | ᠬᠦᠯᠢᠴᠡᠩᠭᠦᠢ ᠰᠢᠯᠭᠠᠯᠲᠠ ᠲᠡᠳᠦᠢ ᠪᠢᠰᠢ᠂ ᠨᠠᠩ ᠴᠤ ᠤᠷ᠎ᠠ ᠮᠡᠷᠭᠡᠵᠢᠯ ᠪᠠ ᠰᠢᠨ᠎ᠡ ᠶᠢ ᠡᠭᠦᠳᠬᠦ ᠶᠢᠨ ᠪᠦᠷᠢᠨ | ᠲᠡᠭᠦᠯᠳᠡᠷ ᠢᠯᠡᠷᠡᠯ ᠪᠣᠯᠬᠤ ᠶᠤᠮ᠃ ᠪᠠᠶᠠᠨᠨᠠᠮᠤᠷ ᠤᠨ ᠲᠠᠨᠢᠯᠴᠠᠭᠤᠯᠤᠭᠰᠠᠨ ᠢᠶᠠᠷ᠄ ︽ᠠᠷᠠᠰᠤᠨ ᠰᠡᠶᠢᠯᠦᠮᠡᠯ ᠨᠢ | ᠪᠤᠰᠤᠳ ᠵᠢᠷᠤᠭ ᠲᠠᠢ ᠠᠳᠠᠯᠢ ᠦᠭᠡᠢ᠂ ᠤᠴᠢᠷ ᠨᠢ ᠦᠬᠡᠷ ᠤᠨ ᠠᠷᠠᠰᠤ ᠨᠢ ᠮᠠᠰᠢ ᠰᠠᠶᠢᠨ ᠰᠤᠨᠵᠤ ᠠᠪᠴᠢᠬᠤ | ᠴᠢᠨᠠᠷ ᠲᠠᠢ᠂ ᠠᠷᠠᠰᠤᠨ ᠳᠣᠣᠷ᠎ᠠ ᠨᠢ ᠵᠢᠭᠠᠬᠠᠨ ᠶᠠᠭᠤᠮ᠎ᠠ ᠳᠡᠪᠢᠰᠪᠡᠯ᠂ ᠵᠢᠷᠤᠭ ᠤᠨ ᠳᠡᠭᠡᠷᠡᠬᠢ ᠬᠡ ᠤᠭᠠᠯᠵᠠ ᠶᠢ | ᠭᠦᠳᠦᠶᠢᠯᠭᠡᠵᠦ᠂ ᠦᠵᠡᠬᠦ ᠳᠤ ᠪᠡᠶᠡᠲᠦ ᠮᠡᠳᠡᠷᠡᠮᠵᠢ ᠲᠠᠢ᠂ ᠨᠠᠩ ᠴᠤ ᠤᠷᠠᠯᠢᠭ ᠤᠨ ᠠᠭᠤᠷ ᠠᠮᠢᠰᠬᠤᠯ ᠲᠠᠢ ᠪᠠᠶᠢᠳᠠᠭ︾ | ᠭᠡᠵᠦ ᠪᠠᠶᠠᠨᠨᠠᠮᠤᠷ ᠬᠡᠯᠡᠪᠡ᠃ | | | ᠳᠠᠷᠠᠭᠠᠴᠢ ᠶᠢᠨ ᠠᠯᠬᠤᠮ ᠤᠨ ᠲᠥᠯᠥᠪᠯᠡᠭᠡ ᠶᠢᠨ ᠲᠣᠬᠠᠢ ᠪᠠᠶᠠᠨᠨᠠᠮᠤᠷ ᠬᠡᠯᠡᠬᠦ ᠳᠡᠭᠡᠨ᠂ ︽ᠪᠢ ᠣᠳᠣ ᠶᠢᠨ | ᠳᠡᠯᠭᠡᠷᠡᠵᠦ ᠪᠠᠶᠢᠭ᠎ᠠ ᠵᠠᠷᠢᠮ ᠡᠯᠧᠮᠧᠨ᠋ᠲ ᠢ ᠤᠯᠠᠮᠵᠢᠯᠠᠯᠲᠤ ᠠᠷᠠᠰᠤᠨ ᠰᠡᠶᠢᠯᠦᠮᠡᠯ ᠤᠨ ᠰᠣᠶᠣᠯ ᠲᠠᠢ ᠤᠶᠠᠯᠳᠤᠭᠤᠯᠵᠤ᠂ | ᠠᠷᠠᠰᠤᠨ ᠰᠡᠶᠢᠯᠦᠮᠡᠯ ᠤᠨ ᠪᠦᠲᠦᠭᠡᠯ ᠢᠶᠠᠨ ᠤᠯᠠᠮ ᠨᠢᠭᠡ ᠠᠯᠬᠤᠮ ᠳᠡᠯᠭᠡᠷᠡᠭᠦᠯᠵᠦ᠂ ᠮᠠᠨ ᠤ ᠦᠨᠳᠦᠰᠦᠲᠡᠨ ᠤ | ᠰᠢᠯᠢᠳᠡᠭ ᠤᠯᠠᠮᠵᠢᠯᠠᠯᠲᠤ ᠰᠣᠶᠣᠯ ᠢᠶᠠᠨ ᠨᠡᠩ ᠣᠯᠠᠨ ᠬᠥᠮᠥᠨ ᠳᠤ ᠣᠶᠢᠯᠠᠭᠠᠭᠤᠯᠬᠤ ᠪᠠᠷ ᠲᠥᠯᠥᠪᠯᠡᠵᠦ ᠪᠠᠶᠢᠨ᠎ᠠ︾ | ᠭᠡᠪᠡ᠃ | | | |