ᠣᠶᠢᠷ᠎ᠠ ᠳᠤ᠂ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ ᠬᠢᠨ ᠠᠵᠢᠯ ᠮᠡᠷᠭᠡᠵᠢᠯ ᠤᠨ ᠰᠤᠷᠭᠠᠨ | ᠬᠥᠮᠦᠵᠢᠯ ᠤᠨ ᠲᠥᠪ ᠲᠤ ᠬᠦᠷᠴᠦ ᠲᠤᠰᠬᠠᠢ ᠰᠡᠳᠦᠪᠲᠦ ᠬᠠᠤᠯᠢ ᠳᠦᠷᠢᠮ ᠤᠨ ᠲᠠᠶᠢᠯᠤᠮᠵᠢ ᠥᠷᠨᠢᠭᠦᠯᠪᠡ᠃ | ᠲᠠᠶᠢᠯᠤᠮᠵᠢ ᠶᠢ ᠴᠠᠬᠢᠯᠭᠠᠨ ᠬᠤᠯᠪᠣᠭ᠎ᠠ ᠰᠦᠯᠵᠢᠶ᠎ᠡ ᠪᠠᠷ ᠮᠡᠬᠡᠯᠡᠭᠰᠡᠨ ᠦᠨᠡᠨ ᠪᠣᠳᠠᠲᠤ ᠬᠡᠷᠡᠭ ᠲᠠᠢ ᠤᠶᠠᠯᠳᠤᠭᠤᠯᠵᠤ᠂ | ︽ᠶᠠᠭᠤ ᠶᠢ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠭᠡᠬᠦ ᠪᠤᠶ︾ ︽ᠪᠢᠳᠡ ᠶᠠᠭᠤᠨ ᠳᠤ ᠮᠡᠬᠡᠯᠡᠭᠳᠡᠭᠰᠡᠨ ᠪᠤᠶ | ︾ ᠭᠡᠬᠦ ᠵᠡᠷᠭᠡ ᠣᠯᠠᠨ ᠵᠦᠢᠯ ᠤᠨ ᠠᠭᠤᠯᠭ᠎ᠠ ᠶᠢ ᠭᠦᠨᠵᠡᠭᠡᠢ ᠪᠥᠭᠡᠳ ᠣᠶᠢᠯᠠᠭᠠᠮᠵᠢᠲᠠᠢ ᠲᠠᠶᠢᠯᠪᠤᠷᠢᠯᠠᠵᠤ᠂ ᠬᠡᠷᠡᠭ ᠢᠶᠠᠷ | ᠬᠠᠤᠯᠢ ᠴᠠᠭᠠᠵᠠ ᠶᠢ ᠲᠠᠶᠢᠯᠪᠤᠷᠢᠯᠠᠬᠤ ᠠᠷᠭ᠎ᠠ ᠮᠠᠶ᠋ᠢᠭ ᠢᠶᠠᠷ ᠰᠦᠯᠵᠢᠶᠡᠨ ᠤ ᠮᠡᠬᠡᠯᠡᠯ ᠤᠨ ᠶᠠᠯᠠᠲᠤ ᠠᠵᠢᠯᠯᠠᠭ᠎ᠠ ᠶᠢᠨ | ᠬᠤᠣᠷ ᠬᠥᠨᠥᠭᠡᠯ ᠪᠠ ᠦᠷ᠎ᠡ ᠤᠷᠰᠢᠭ ᠢ ᠲᠣᠳᠣᠷᠬᠠᠶᠢᠯᠠᠵᠤ᠂ ᠣᠳᠣᠬᠠᠨ ᠳᠤ ᠨᠡᠯᠢᠶᠡᠳ ᠲᠦᠭᠡᠮᠡᠯ ᠣᠷᠣᠰᠢᠵᠤ | ᠪᠠᠶᠢᠭ᠎ᠠ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠠᠷᠭ᠎ᠠ ᠪᠠᠷᠢᠯ ᠵᠢᠴᠢ ᠵᠣᠬᠢᠴᠠᠩᠭᠤᠢ ᠰᠡᠷᠭᠡᠶᠢᠯᠡᠬᠦ ᠠᠷᠭ᠎ᠠ | ᠬᠡᠮᠵᠢᠶ᠎ᠡ ᠶᠢ ᠵᠢᠭᠰᠠᠭᠠᠨ ᠲᠣᠭᠠᠴᠢᠭᠰᠠᠨ ᠪᠥᠭᠡᠳ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠪᠠᠶᠢᠩᠭᠤ | ᠲᠣᠬᠢᠶᠠᠯᠳᠤᠬᠤ ᠲᠦᠷᠦᠯ ᠬᠡᠯᠪᠡᠷᠢ᠂ ᠣᠨᠴᠠᠯᠢᠭ᠂ ᠬᠤᠬᠢᠷᠠᠯ ᠠᠮᠰᠠᠭᠰᠠᠨ ᠬᠦᠮᠤᠰ ᠵᠢᠴᠢ ᠰᠢᠢᠳᠪᠦᠷᠢᠯᠡᠬᠦ ᠶᠠᠪᠤᠴᠠ | ᠵᠡᠷᠭᠡ ᠠᠭᠤᠯᠭ᠎ᠠ ᠶᠢ ᠪᠠᠭᠲᠠᠭᠠᠭᠰᠠᠨ ᠬᠠᠤᠯᠢ ᠴᠠᠭᠠᠵᠠ ᠶᠢᠨ ᠤᠬᠠᠭᠤᠯᠭ᠎ᠠ ᠶᠢᠨ ᠳᠡᠪᠲᠡᠷ ᠢ 200 ᠬᠤᠪᠢ | ᠲᠠᠷᠬᠠᠭᠠᠪᠠ᠃ | | | |