ᠪᠠᠶᠠᠷᠳᠤᠬᠤᠰᠢᠭᠤ ᠪᠠᠯᠭᠠᠰᠤ ᠪᠤᠯ ᠵᠠᠷᠤᠳ ᠬᠤᠰᠢᠭᠤᠨ ᠤ ᠠᠷᠤ ᠳᠤ ᠪᠠᠶᠢᠷᠢᠯᠠᠭᠰᠠᠨ ᠮᠠᠯᠵᠢᠬᠤ ᠪᠠᠯᠭᠠᠰᠤ | ᠪᠤᠯᠤᠨ᠎ᠠ᠃ ᠲᠤᠰ ᠪᠠᠯᠭᠠᠰᠤᠨ ᠤ ᠨᠡᠷ᠎ᠡ ᠶᠢᠨ ᠲᠤᠬᠠᠢ ᠡᠶᠢᠮᠤ ᠨᠢᠭᠡᠨ ᠤᠯᠠᠮᠵᠢᠯᠠᠯ ᠶᠠᠷᠢᠶ᠎ᠠ ᠪᠤᠢ᠃ | ᠡᠷᠳᠡ ᠦᠶ᠎ᠡ ᠳᠤ᠂ ᠮᠤᠩᠭᠤᠯᠴᠤᠳ ᠤᠪᠤᠭ᠎ᠠ ᠲᠠᠬᠢᠳᠠᠭ ᠵᠠᠩᠰᠢᠯ ᠲᠠᠢ᠂ ᠶᠠᠮᠠᠷ ᠨᠢᠭᠡᠨ ᠪᠠᠶᠠᠷ ᠨᠠᠭᠠᠳᠤᠮ | ᠪᠤᠶᠤ ᠲᠤᠷᠠᠰᠬᠠᠯ ᠤᠨ ᠡᠳᠤᠷ ᠲᠤ ᠶᠡᠭᠡ ᠬᠡᠪᠴᠢᠶᠡᠨ ᠤ ᠲᠠᠬᠢᠯᠭ᠎ᠠ ᠨᠠᠶᠢᠷ ᠶᠠᠪᠤᠭᠤᠯᠳᠠᠭ᠃ ᠲᠤᠰ ᠠᠶᠢᠯ ᠤᠨ | ᠪᠠᠷᠠᠭᠤᠨ ᠡᠮᠤᠨ᠎ᠡ ᠲᠠᠯ᠎ᠠ ᠳᠤ ᠨᠢᠭᠡᠨ ᠵᠢᠵᠢᠭᠬᠡᠨ ᠤᠪᠤᠭ᠎ᠠ — ᠲᠠᠷᠤᠢ ᠵᠢᠵᠢᠭ ᠪᠦᠮᠪᠦᠷᠢᠬᠡᠨ ᠠᠭᠤᠯᠠ ᠪᠤᠢ᠃ ᠡᠷᠳᠡ | ᠦᠶ᠎ᠡ ᠳᠤ ᠬᠦᠮᠤᠰ ᠡᠨᠡ ᠲᠤᠪᠤ ᠳᠤ ᠴᠤᠭᠯᠠᠷᠠᠵᠦ᠂ ᠪᠠᠶᠠᠷ ᠨᠠᠶᠢᠷ ᠬᠢᠵᠦ᠂ ᠤᠪᠤᠭ᠎ᠠ ᠲᠠᠬᠢᠳᠠᠭ ᠤᠴᠢᠷ ᠠᠴᠠ《 | ᠪᠠᠶᠠᠷᠳᠤ ᠤᠪᠤᠭ᠎ᠠ》 ᠭᠡᠵᠦ ᠨᠡᠷᠡᠯᠡᠵᠠᠢ᠃ | 《ᠪᠠᠶᠠᠷᠳᠤ ᠤᠪᠤᠭ᠎ᠠ》 ᠨᠢ ᠰᠢᠪᠠᠭᠤ ᠶᠢᠨ ᠬᠤᠰᠢᠭᠤ ᠰᠢᠭ᠋ ᠵᠡᠭᠦᠨᠰᠢ ᠵᠢᠭᠠᠬᠠᠨ ᠰᠤᠨᠵᠦ ᠭᠠᠷᠴᠠᠢ ︵ᠪᠠᠰᠠ | ᠬᠤᠱᠤᠤ ᠭᠡᠳᠡᠭ︶᠃ ᠡᠶᠢᠮᠤ ᠠᠴᠠ ᠬᠦᠮᠤᠰ ᠡᠨᠡ ᠤᠪᠤᠭ᠎ᠠ ᠶᠢ ᠪᠠᠶᠠᠷᠳᠤ ᠬᠤᠰᠢᠭᠤ ᠤᠪᠤᠭ᠎ᠠ ᠬᠡᠵᠦ᠂ ᠵᠡᠭᠦᠨ | ᠬᠤᠶᠢᠨ᠎ᠠ ᠨᠢ ᠰᠠᠭᠤᠭᠰᠠᠨ ᠠᠶᠢᠯ ᠢ《 ᠪᠠᠶᠠᠷᠳᠤ ᠬᠤᠰᠢᠭᠤ》 ᠠᠶᠢᠯ ᠭᠡᠵᠦ ᠨᠡᠷᠡᠶᠢᠳᠴᠢ᠃ ᠡᠨᠡ ᠠᠶᠢᠯ ᠪᠤᠯ | ᠲᠦᠷᠪᠡᠨ ᠲᠠᠯ᠎ᠠ ᠪᠠᠷ ᠢᠶᠠᠨ ᠠᠭᠤᠯᠠ ᠪᠠᠷ ᠬᠦᠷᠢᠶᠡᠯᠡᠭᠳᠡᠵᠦ᠂ ᠶᠠᠭ ᠡᠮᠤᠨ᠎ᠡ ᠨᠢ ᠦᠨᠳᠤᠷ ᠰᠦᠷᠯᠢᠭ ᠵᠠᠷᠤᠳ ᠬᠠᠨ ︵ | ᠬᠠᠶᠢᠷᠠᠬᠠᠨ ᠬᠠᠨ ᠠᠭᠤᠯᠠ︶ ᠬᠦᠨᠳᠡᠯᠢᠰᠴᠤ ᠦᠵᠡᠭᠳᠡᠳᠡᠭ᠃ ᠠᠶᠢᠯ ᠤᠨ ᠪᠠᠷᠠᠭᠤᠨ ᠲᠠᠯ᠎ᠠ ᠳᠤ ᠲᠤᠭᠤᠭ᠎ᠠ | ᠬᠡᠯᠪᠡᠷᠢᠳᠠᠢ ᠠᠭᠤᠯᠠ ᠪᠠᠶᠢᠵᠦ᠂ ᠡᠭᠦᠨ ᠢ《 ᠲᠤᠭᠤᠭᠠᠴᠢᠨ ᠠᠭᠤᠯᠠ》 ᠭᠡᠵᠦ ᠨᠡᠷᠡᠯᠡᠵᠠᠢ᠃ ᠠᠭᠤᠯᠠᠨ ᠳᠤ ᠪᠠᠰᠠ | ᠨᠢᠭᠡᠨ ᠲᠤᠮᠤ ᠴᠢᠯᠠᠭᠤᠨ ᠲᠤᠭᠤᠭ᠎ᠠ ᠪᠤᠢ᠃ ᠨᠠᠰᠤᠳᠠᠶᠢᠴᠤᠳ ᠤᠨ ᠬᠡᠯᠡᠬᠦ ᠪᠠᠷ᠂ ᠡᠨᠡ ᠲᠤᠭᠤᠭ᠎ᠠ ᠲᠦᠭᠦᠷᠴᠤ ᠵᠡᠭᠦᠨ | ᠡᠮᠤᠨ᠎ᠡ ᠵᠢᠯᠠᠭ᠎ᠠ ᠠᠴᠠ ᠤᠰᠤ ᠤᠷᠤᠰᠴᠤ ᠢᠷᠡᠬᠦ ᠦᠶ᠎ᠡ ᠳᠤ᠂ ᠡᠨᠡ ᠠᠶᠢᠯ ᠲᠡᠤᠭᠡᠨ ᠳᠤ ᠭᠠᠷᠤᠭ᠎ᠠ ᠦᠭᠡᠢ | ᠪᠠᠶᠠᠵᠢᠨ᠎ᠠ ᠭᠡᠨ᠎ᠡ᠃ ᠭᠡᠳᠡᠯ᠎ᠠ ᠡᠨᠡ ᠲᠤᠭᠤᠭ᠎ᠠ ᠦᠨᠤ ᠪᠤᠯᠳᠠᠯ ᠲᠦᠭᠦᠷᠤᠭᠡᠳᠤᠢ᠃ | ︵ᠬᠦᠷᠤᠮᠡ ᠡᠮᠬᠢᠳᠭᠡᠪᠡ︶ |