| | ᠣᠶᠢᠷ᠎ᠠ ᠶᠢᠨ ᠬᠤᠭᠤᠴᠠᠭᠠᠨ ᠤ ᠪᠦᠬᠦ ᠤᠯᠤᠰ ᠤᠨ ᠭᠠᠯ ᠤᠨ ᠭᠠᠮᠰᠢᠭ ᠤᠨ ᠠᠳᠡᠯ ᠠᠴᠠ ᠭᠦᠨᠵᠡᠭᠡᠢ ᠰᠤᠷᠭᠠᠮᠵᠢ | ᠠᠪᠣᠵᠤ᠂ ᠭᠠᠯ ᠤᠨᠲᠠᠷᠠᠭᠠᠬᠤ ᠠᠮᠤᠷ ᠲᠦᠪᠰᠢᠨ ᠤ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠪᠦᠬᠦ | ᠬᠦᠴᠦ ᠪᠠᠷ ᠢᠶᠠᠨ ᠰᠠᠶᠢᠲᠤᠷ ᠠᠳᠬᠤᠵᠤ᠂ ᠬᠦᠨᠳᠦ ᠶᠡᠭᠡ ᠣᠨᠴᠠ ᠶᠡᠭᠡ ᠭᠠᠯ ᠤᠨ ᠭᠠᠮᠰᠢᠭ ᠤᠨ ᠠᠳᠡᠯ ᠭᠠᠷᠬᠤ ᠶᠢ | ᠡᠷᠡᠰ ᠬᠤᠷᠢᠭᠯᠠᠬᠤ ᠶᠢᠨ ᠲᠦᠯᠦᠭᠡ᠂ ᠵᠠᠷᠤᠳ ᠬᠤᠰᠢᠭᠤᠨ ᠤ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠭᠡ | ᠠᠩᠭᠢ ᠶᠢᠨ ᠬᠢᠨ ︽ᠭᠤᠷᠪᠠ ᠳᠤ ᠠᠩᠬᠠᠷᠤᠯ ᠢᠶᠠᠨ ᠲᠥᠪᠯᠡᠷᠡᠭᠦᠯᠬᠦ︾ ᠠᠵᠢᠯ ᠤᠨ ᠰᠡᠳᠬᠢᠴᠡ ᠶᠢᠨ ᠲᠣᠭᠤᠷᠢᠨ ᠳᠤ᠂ | ᠡᠮᠴᠢᠯᠡᠭᠡᠨ ᠤ ᠪᠠᠶᠢᠭᠤᠯᠤᠮᠵᠢ ᠶᠢᠨ ᠭᠠᠯ ᠤᠨᠲᠠᠷᠠᠭᠠᠬᠤ ᠠᠮᠤᠷ ᠲᠦᠪᠰᠢᠨ ᠤ ᠲᠤᠰᠬᠠᠢ ᠴᠡᠭᠴᠡᠯᠡᠨ ᠵᠠᠰᠠᠬᠤ ᠠᠵᠢᠯ ᠢ | ᠪᠥᠬᠦ ᠲᠠᠯ᠎ᠠ ᠪᠠᠷ ᠥᠷᠨᠢᠭᠦᠯᠵᠦ᠂ ᠡᠮᠴᠢᠯᠡᠭᠡᠨ ᠤ ᠪᠠᠶᠢᠭᠤᠯᠤᠮᠵᠢ ᠶᠢᠨ ᠭᠠᠯ ᠤᠨ ᠭᠠᠮᠰᠢᠭ ᠤᠨ ᠠᠳᠡᠯ ᠭᠠᠷᠬᠤ ᠶᠢ | ᠴᠢᠩᠭ᠎ᠠ ᠰᠡᠷᠭᠡᠶᠢᠯᠡᠨ᠂ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ ᠦᠨᠡᠨᠬᠦ ᠪᠠᠲᠤᠯᠠᠵᠤ | ᠂ ᠬᠠᠷᠢᠶ᠎ᠠᠣᠷᠣᠨ ᠤ ᠭᠠᠯ ᠤᠨᠲᠠᠷᠠᠭᠠᠬᠤ ᠠᠮᠤᠷ ᠲᠦᠪᠰᠢᠨ ᠤ ᠣᠷᠴᠢᠨ ᠲᠣᠭᠤᠷᠢᠨ ᠤ ᠲᠣᠭᠲᠠᠭᠤᠨ ᠢ ᠬᠠᠮᠠᠭᠠᠯᠠᠵᠤ | ᠪᠤᠢ᠃ | | | ᠠᠶᠤᠯ ᠲᠦᠭᠰᠢᠭᠦᠷᠢ ᠶᠢᠨ ᠳᠠᠯᠲᠠ ᠬᠡᠮ ᠳᠤ ᠠᠩᠬᠠᠷᠤᠯ ᠢᠶᠠᠨ ᠲᠥᠪᠯᠡᠷᠡᠭᠦᠯᠵᠦ᠂ ᠵᠢᠭᠰᠠᠭᠠᠨ ᠪᠠᠶᠢᠴᠠᠭᠠᠵᠤ | ᠴᠡᠭᠴᠡᠯᠡᠨ ᠵᠠᠰᠠᠬᠤ ᠠᠵᠢᠯ ᠢ ᠦᠷᠨᠢᠭᠦᠯᠪᠡ᠃ ᠬᠤᠰᠢᠭᠤᠨ ᠤ ᠭᠠᠯ ᠣᠨᠲᠠᠷᠠᠭᠠᠬᠤ ᠠᠪᠤᠷᠠᠨ ᠲᠤᠰᠠᠯᠠᠬᠤ ᠶᠡᠭᠡ | ᠠᠩᠭᠢ ᠲᠤᠰᠬᠠᠢ ᠪᠠᠶᠢᠴᠠᠭᠠᠯᠲᠠ ᠶᠢᠨ ᠳᠤᠭᠤᠶᠢᠯᠠᠩ ᠪᠠᠶᠢᠭᠤᠯᠵᠤ᠂ ᠬᠠᠷᠢᠶ᠎ᠠ ᠣᠷᠣᠨ ᠤ ᠪᠠᠨ ᠡᠮᠴᠢᠯᠡᠭᠡᠨ ᠤ | ᠪᠠᠶᠢᠭᠤᠯᠤᠮᠵᠢ ᠳᠤ ᠭᠦᠨᠵᠡᠭᠡᠶᠢᠷᠡᠨ ᠴᠠᠭ ᠵᠦᠷᠢᠭᠦᠯᠦᠨ ᠪᠠᠶᠢᠴᠠᠭᠠᠵᠤ᠂ ᠡᠯ᠎ᠡ ᠡᠮᠴᠢᠯᠡᠭᠡᠨ ᠤ ᠪᠠᠶᠢᠭᠤᠯᠤᠮᠵᠢ ᠳᠤ | ᠲᠣᠭᠲᠠᠭᠠᠯ ᠠᠴᠠ ᠵᠥᠷᠢᠴᠡᠨ ᠴᠠᠬᠢᠯᠭᠠᠨ ᠭᠠᠩᠨᠠᠯᠲᠠ ᠶᠢᠨ ᠠᠵᠢᠯ ᠬᠢᠭᠰᠡᠨ ᠡᠰᠡᠬᠦ ᠵᠢᠴᠢ ᠲᠣᠭᠲᠠᠭᠠᠯ ᠠᠴᠠ | ᠵᠥᠷᠢᠴᠡᠨ ᠭᠠᠯ ᠴᠠᠬᠢᠯᠭᠠᠨ ᠲᠣᠰᠣ ᠬᠡᠢ ᠬᠡᠷᠡᠭᠯᠡᠭᠰᠡᠨ ᠡᠰᠡᠬᠦ᠂ ᠠᠶᠤᠯ ᠠᠴᠠ ᠵᠠᠶᠢᠯᠠᠬᠤ ᠵᠠᠮ ᠢ ᠪᠦᠭᠯᠡᠵᠦ ᠡᠵᠡᠯᠡᠨ | ᠬᠡᠷᠡᠭᠯᠡᠭᠰᠡᠨ ᠡᠰᠡᠬᠦ᠂ ᠭᠠᠯ ᠤᠨᠲᠠᠷᠠᠭᠠᠬᠤ ᠲᠥᠬᠦᠭᠡᠷᠦᠮᠵᠢ ᠪᠠᠭᠠᠵᠢ ᠬᠡᠷᠡᠭᠰᠡᠯ ᠢ ᠪᠦᠷᠢᠨ ᠪᠦᠲᠦᠨ ᠪᠥᠭᠡᠳ | ᠪᠦᠲᠦᠮᠵᠢᠲᠡᠢ ᠪᠠᠶᠢᠬᠤ ᠦᠭᠡᠢ᠂ ᠵᠢᠵᠢᠭᠦᠷᠯᠡᠨ ᠰᠠᠬᠢᠭᠴᠢ ᠠᠵᠢᠯ ᠤᠨ ᠪᠠᠶᠢᠷᠢ ᠠᠴᠠ ᠪᠠᠨ ᠰᠠᠯᠤᠭᠰᠠᠨ ᠡᠰᠡᠬᠦ ᠵᠡᠷᠭᠡ | ᠲᠣᠪᠣᠶᠢᠮ᠎ᠠ ᠠᠰᠠᠭᠤᠳᠠᠯ ᠳᠤ ᠭᠤᠣᠯᠳᠠᠯᠭ᠎ᠠ ᠲᠠᠢ ᠪᠠᠶᠢᠴᠠᠭᠠᠯᠲᠠ ᠬᠢᠪᠡ᠃ ᠡᠭᠦᠨ ᠤ ᠵᠡᠷᠭᠡᠴᠡᠪᠡᠷ ᠡᠮᠴᠢᠯᠡᠭᠡᠨ ᠤ | ᠪᠠᠶᠢᠭᠤᠯᠤᠮᠵᠢ ᠶᠢᠨ ᠲᠠᠯᠳᠠ ᠭᠡᠮ ᠤᠨ ᠨᠠᠷᠢᠨ ᠳᠠᠩᠰᠠ ᠶᠢ ᠪᠠᠶᠢᠭᠤᠯᠵᠤ᠂ ᠳᠠᠩᠰᠠᠯᠠᠵᠤ ᠪᠠᠶᠢᠭ᠎ᠠ ᠲᠠᠯᠳᠠ ᠭᠡᠮ ᠤᠨ | ᠠᠰᠠᠭᠤᠳᠠᠯ ᠳᠤ ᠴᠢᠭᠯᠡᠭᠦᠯᠦᠨ ᠲᠣᠭᠲᠠᠮᠠᠯ ᠬᠤᠭᠤᠴᠠᠭ᠎ᠠ ᠲᠠᠢ ᠪᠠᠷ ︽ᠡᠷᠭᠢᠵᠦ ᠬᠠᠷᠠᠬᠤ︾ ᠠᠵᠢᠯ ᠥᠷᠨᠢᠭᠦᠯᠵᠦ᠂ | ᠭᠠᠯ ᠤᠨᠲᠠᠷᠠᠭᠠᠵᠤ ᠠᠮᠤᠷ ᠲᠥᠪᠰᠢᠨ ᠤ ᠬᠠᠮᠢᠶᠠᠷᠤᠯᠲᠠ ᠶᠢᠨ ᠠᠵᠢᠯ ᠢ ᠨᠠᠷᠢᠨ ᠴᠢᠩᠭ᠎ᠠ ᠰᠠᠶᠢᠲᠤᠷ ᠠᠳᠬᠤᠵᠤ᠂ | ᠭᠠᠯ ᠤᠨ ᠠᠶᠤᠯ ᠤᠨ ᠠᠳᠡᠯ ᠭᠠᠷᠬᠤ ᠶᠢ ᠡᠷᠡᠰ ᠬᠤᠷᠢᠭᠯᠠᠪᠠ᠃ | | | ᠪᠣᠯᠪᠠᠰᠤᠷᠠᠭᠤᠯᠤᠯ ᠵᠢᠯᠣᠭᠤᠳᠤᠯᠭ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ᠠᠮᠤᠷ ᠲᠦᠪᠰᠢᠨ ᠤ ᠤᠬᠠᠮᠰᠠᠷ ᠢ | ᠳᠡᠭᠡᠭᠰᠢᠯᠡᠭᠦᠯᠪᠡ᠃ ᠡᠮᠴᠢᠯᠡᠭᠡᠨ ᠤ ᠪᠠᠶᠢᠭᠤᠯᠤᠮᠵᠢ ᠳᠤ ᠭᠦᠨᠵᠡᠭᠡᠶᠢᠷᠡᠨ ᠭᠠᠯ ᠤᠨᠲᠠᠷᠠᠭᠠᠬᠤ ᠠᠮᠤᠷ ᠲᠦᠪᠰᠢᠨ ᠤ | ᠪᠣᠯᠪᠠᠰᠤᠷᠠᠭᠤᠯᠤᠯ ᠢ ᠵᠣᠬᠢᠶᠠᠨ ᠪᠠᠶᠢᠭᠤᠯᠤᠨ ᠦᠷᠨᠢᠭᠦᠯᠪᠡ᠃ ᠪᠣᠯᠪᠠᠰᠤᠷᠠᠭᠤᠯᠤᠯ ᠤᠨ ᠠᠵᠢᠯᠲᠠᠳ ᠡᠮᠨᠡᠯᠭᠡ ᠶᠢᠨ | ᠬᠤᠷᠢᠶᠠᠨ ᠤ ᠭᠠᠯ ᠤᠨ ᠠᠶᠤᠯ ᠤᠨ ᠣᠨᠴᠠᠯᠢᠭ ᠲᠠᠢ ᠤᠶᠠᠯᠳᠤᠭᠤᠯᠤᠨ᠂ ᠬᠢᠯᠪᠡᠷ ᠣᠶᠢᠯᠠᠭᠠᠮᠵᠢᠲᠠᠢ ᠦᠭᠡ ᠬᠡᠯᠡ ᠪᠠᠷ | ᠭᠠᠯ ᠤᠨ ᠠᠶᠤᠯ ᠡᠭᠦᠰᠬᠦ ᠪᠣᠯᠬᠤ᠂ ᠭᠠᠯ ᠤᠨ ᠠᠶᠤᠯ ᠤᠨ ᠬᠥᠨᠥᠭᠡᠯ᠂ ᠠᠩᠬᠠᠨ ᠤ ᠦᠶ᠎ᠡ ᠶᠢᠨ ᠭᠠᠯ ᠢ ᠤᠨᠲᠠᠷᠠᠭᠠᠵᠤ | ᠠᠶᠤᠯ ᠠᠴᠠ ᠠᠪᠤᠷᠠᠬᠤ᠂ ᠭᠠᠯ ᠤᠨ ᠠᠶᠤᠯ ᠤᠨ ᠲᠠᠯᠳᠠ ᠭᠡᠮ ᠢ ᠵᠢᠭᠰᠠᠭᠠᠨ ᠪᠠᠶᠢᠴᠠᠭᠠᠬᠤ ᠪᠠ ᠰᠡᠷᠭᠡᠶᠢᠯᠡᠬᠦ | ᠠᠷᠭ᠎ᠠ ᠶᠢ ᠭᠦᠨᠵᠡᠭᠡᠢ ᠪᠥᠭᠡᠳ ᠣᠶᠢᠯᠠᠭᠠᠮᠵᠢᠲᠠᠢ ᠳᠠᠶᠢᠯᠪᠣᠷᠢᠯᠠᠪᠠ᠃ ᠡᠭᠦᠨ ᠤ ᠬᠠᠮᠲᠤ ᠲᠤᠬᠠᠢ ᠶᠢᠨ ᠭᠠᠵᠠᠷ ᠲᠤᠨᠢ | ᠭᠠᠯ ᠤᠨᠲᠠᠷᠠᠭᠠᠬᠤ ᠪᠠᠭᠠᠵᠢ ᠬᠡᠷᠡᠭᠰᠡᠯ ᠢ ᠬᠡᠷᠡᠭᠯᠡᠬᠦ ᠠᠷᠭ᠎ᠠ ᠶᠢ ᠵᠢᠱᠢᠶ᠎ᠡ ᠦᠵᠡᠭᠦᠯᠵᠦ᠂ ᠡᠮᠴᠢ ᠰᠤᠪᠢᠯᠠᠭᠴᠢᠳ ᠢ | ᠵᠢᠯᠣᠭᠤᠳᠤᠨ ᠬᠠᠭᠤᠷᠠᠢ ᠨᠤᠨᠳᠠᠭᠳᠣ ᠭᠠᠯ ᠤᠨᠲᠠᠷᠠᠭᠠᠭᠤᠷ ᠢ ᠵᠥᠪ ᠬᠡᠷᠡᠭᠯᠡᠭᠦᠯᠵᠦ᠂ ᠡᠮᠴᠢ ᠰᠤᠪᠢᠯᠠᠭᠴᠢᠳ ᠤᠨ ᠭᠠᠯ | ᠤᠨᠲᠠᠷᠠᠭᠠᠬᠤ ᠠᠮᠤᠷ ᠲᠦᠪᠰᠢᠨ ᠤ ᠦᠵᠡᠯ ᠤᠬᠠᠮᠰᠠᠷ ᠪᠠ ᠠᠩᠬᠠᠨ ᠤ ᠦᠶ᠎ᠡ ᠶᠢᠨ ᠭᠠᠯ ᠢ ᠤᠨᠲᠠᠷᠠᠭᠠᠵᠤ | ᠠᠶᠤᠯ ᠠᠴᠠ ᠠᠪᠤᠷᠠᠬᠤ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠪᠡ᠃ | | | ᠲᠠᠷᠬᠠᠭᠠᠨ ᠵᠠᠶᠢᠯᠠᠭᠤᠯᠬᠤ ᠰᠣᠷᠢᠯᠲᠠ ᠬᠢᠬᠦ ᠳᠤ ᠠᠩᠬᠠᠷᠤᠯ ᠢᠶᠠᠨ ᠲᠥᠪᠯᠡᠷᠡᠭᠦᠯᠵᠦ᠂ ᠠᠪᠤᠷᠠᠨ ᠲᠤᠰᠠᠯᠠᠬᠤ | ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠪᠡ᠃ ᠬᠠᠷᠢᠶ᠎ᠠ ᠣᠷᠣᠨ ᠤ ᠡᠮᠴᠢᠯᠡᠭᠡᠨ ᠤ ᠪᠠᠶᠢᠭᠤᠯᠤᠮᠵᠢ ᠳᠤ ᠭᠠᠯ | ᠤᠨᠲᠠᠷᠠᠭᠠᠨ ᠠᠪᠤᠷᠠᠨ ᠲᠤᠰᠠᠯᠠᠬᠤ ᠪᠣᠳᠠᠲᠤ ᠳᠠᠶᠢᠨ ᠤ ᠰᠣᠷᠢᠯᠲᠠ ᠶᠢᠨ ᠠᠵᠢᠯᠯᠠᠭ᠎ᠠ ᠥᠷᠨᠢᠭᠦᠯᠵᠦ᠂ ︽ | ᠰᠣᠷᠢᠯᠲᠠ ᠪᠠᠷ ᠳᠠᠶᠢᠨ︾ ᠬᠢᠬᠦ ᠵᠢᠯᠤᠭᠤᠳᠬᠤ ᠴᠢᠭᠯᠡᠯᠲᠡ ᠪᠣᠯᠭᠠᠵᠤ᠂ ︽ᠪᠠᠶᠢᠯᠳᠤᠬᠤ ᠬᠦᠴᠦᠨ ᠢᠶᠠᠨ | ᠳᠡᠭᠡᠭᠰᠢᠯᠡᠭᠦᠯᠬᠦ︾ ᠪᠠᠷ ᠦᠨᠳᠦᠰᠦᠨ ᠬᠠᠷᠠᠯᠲᠠ ᠪᠣᠯᠭᠠᠵᠤ᠂ ᠠᠩᠬᠠᠨ ᠤ ᠳᠠᠶᠢᠨ ᠢ ᠡᠵᠡᠮᠳᠡᠬᠦ᠂ ᠳᠣᠲᠣᠷ ᠭᠠᠯ ᠢ | ᠣᠨᠲᠠᠷᠠᠭᠠᠵᠤ ᠬᠥᠮᠥᠨ ᠢ ᠠᠪᠤᠷᠠᠬᠤ᠂ ᠬᠦᠴᠦᠯᠡᠨ ᠳᠠᠭᠠᠷᠢᠵᠤ ᠣᠶᠢᠷ᠎ᠠ ᠪᠠᠶᠢᠯᠳᠤᠬᠤ ᠵᠡᠷᠭᠡ ᠪᠠᠶᠢᠯᠳᠤᠬᠤ ᠠᠷᠭ᠎ᠠ ᠶᠢᠨ | ᠮᠡᠷᠭᠡᠵᠢᠯ ᠤᠨ ᠪᠣᠯᠪᠠᠰᠤᠷᠠᠯ ᠢ ᠴᠢᠩᠭᠠᠳᠬᠠᠵᠤ᠂ ᠡᠭᠦᠷᠭᠡ ᠬᠠᠷᠢᠭᠤᠴᠠᠯᠭ᠎ᠠ ᠪᠠᠨ ᠲᠣᠳᠣᠷᠬᠠᠶᠢᠯᠠᠬᠤ᠂ ᠲᠠᠰ | ᠳᠠᠷᠠᠭᠠᠯᠠᠯ ᠢ ᠲᠣᠳᠣᠷᠬᠠᠶᠢᠯᠠᠬᠤ ᠶᠢ ᠦᠨᠡᠨᠬᠦ ᠪᠡᠶᠡᠯᠡᠭᠦᠯᠵᠦ᠂ ᠡᠩᠨᠡᠭᠡ ᠶᠢᠨ ᠬᠠᠮᠵᠢᠯᠴᠠᠨ ᠪᠠᠶᠢᠯᠳᠤᠬᠤ ᠴᠢᠳᠠᠪᠤᠷᠢ ᠪᠠ | ᠡᠮᠴᠢ ᠰᠤᠪᠢᠯᠠᠭᠴᠢᠳ ᠤᠨ ᠠᠩᠬ᠎ᠠ ᠡᠭᠦᠰᠦᠭᠰᠡᠨ ᠭᠠᠯ ᠤᠨ ᠠᠶᠤᠯ ᠢ ᠤᠨᠲᠠᠷᠠᠭᠠᠬᠤ ᠵᠢᠴᠢ ᠲᠠᠷᠬᠠᠭᠠᠨ | ᠵᠠᠶᠢᠯᠠᠭᠤᠯᠬᠤ ᠶᠢ ᠬᠥᠲᠥᠯᠥᠨ ᠵᠢᠯᠤᠭᠤᠳᠬᠤ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ | ᠪᠣᠯᠪᠠᠰᠣᠷᠠᠯ ᠤᠨ ᠴᠢᠭᠯᠡᠭᠦᠯᠦᠯᠲᠦ ᠴᠢᠨᠠᠷ ᠪᠠ ᠪᠣᠳᠠᠲᠤ ᠦᠷ᠎ᠡ ᠪᠦᠲᠦᠮᠵᠢᠲᠦ ᠴᠢᠨᠠᠷ ᠢ ᠭᠦᠨᠵᠡᠭᠡᠶᠢᠷᠡᠭᠦᠯᠦᠨ᠂ ᠠᠮᠤᠷ | ᠲᠦᠪᠰᠢᠨ ᠤ ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠪᠡ᠃ | | | ᠲᠠᠷᠠᠭᠠᠴᠢ ᠶᠢᠨ ᠠᠯᠬᠤᠮ ᠳᠤ᠂ ᠬᠤᠰᠢᠭᠤᠨ ᠤ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠭᠡ ᠠᠩᠭᠢ | ᠠᠰᠠᠭᠤᠳᠠᠯ ᠢᠶᠠᠷ ᠤᠳᠤᠷᠢᠳᠤᠮᠵᠢ ᠪᠣᠯᠭᠠᠬᠤ᠂ ᠬᠠᠷᠠᠯᠲᠠ ᠪᠠᠷ ᠤᠳᠤᠷᠢᠳᠤᠮᠵᠢ ᠪᠣᠯᠭᠠᠬᠤ ᠪᠠ ᠦᠷ᠎ᠡ ᠳ᠋ᠦᠩ ᠢᠶᠠᠷ | ᠤᠳᠤᠷᠢᠳᠤᠮᠵᠢ ᠪᠣᠯᠭᠠᠬᠤ ᠶᠢ ᠦᠷᠭᠦᠯᠵᠢᠯᠡᠨ ᠪᠠᠷᠢᠮᠲᠠᠯᠠᠵᠤ᠂ ᠡᠷᠡᠭᠦᠯ ᠬᠠᠮᠠᠭᠠᠯᠠᠯ ᠡᠷᠡᠭᠦᠯ ᠮᠡᠨᠳᠦ᠂ ᠠᠷᠠᠳ ᠤᠨ | ᠶᠠᠪᠤᠳᠠᠯ ᠵᠡᠷᠭᠡ ᠠᠵᠢᠯ ᠲᠥᠷᠥᠯ ᠤᠨ ᠰᠠᠯᠠᠭ᠎ᠠ ᠮᠥᠴᠢᠷ ᠲᠠᠢ ᠬᠤᠯᠪᠤᠭᠠᠯᠠᠨ᠂ ᠡᠮᠨᠡᠯᠭᠡ ᠶᠢᠨ ᠬᠤᠷᠢᠶ᠎ᠠ᠂ ᠨᠠᠰᠤᠲᠠᠨ ᠢ | ᠠᠰᠠᠷᠠᠬᠤ ᠬᠦᠷᠢᠶᠡᠯᠡᠩ ᠵᠡᠷᠭᠡ ᠠᠶᠤᠯ ᠲᠦᠭᠰᠢᠭᠦᠷᠢ ᠶᠡᠬᠡᠲᠡᠢ ᠲᠠᠯᠠᠪᠤᠷ ᠲᠤ ᠵᠢᠭᠰᠠᠭᠠᠨ ᠪᠠᠶᠢᠴᠠᠭᠠᠵᠤ ᠴᠡᠭᠴᠡᠯᠡᠨ | ᠵᠠᠰᠠᠬᠤ ᠠᠵᠢᠯ ᠢ ᠭᠤᠣᠯᠳᠠᠯᠭ᠎ᠠ ᠲᠠᠢ ᠥᠷᠨᠢᠭᠦᠯᠵᠦ᠂ ᠵᠢᠯᠣᠭᠤᠳᠤᠨ ᠪᠠᠶᠢᠴᠠᠭᠠᠬᠤ ᠶᠢ ᠪᠠᠶᠢᠩᠭᠤᠵᠢᠭᠤᠯᠤᠨ | ᠥᠷᠨᠢᠭᠦᠯᠵᠦ᠂ ᠬᠠᠷᠢᠭᠤᠴᠠᠯᠭ᠎ᠠ ᠶᠢᠨ ᠬᠡᠯᠬᠢᠶ᠎ᠡ ᠶᠢ ᠴᠢᠩᠭ᠎ᠠ ᠠᠳᠬᠤᠨ ᠪᠣᠳᠠᠲᠠᠶᠢᠵᠢᠭᠤᠯᠵᠤ᠂ ᠰᠡᠷᠭᠡᠶᠢᠯᠡᠬᠦ ᠠᠷᠭ᠎ᠠ | ᠬᠡᠮᠵᠢᠶ᠎ᠡ ᠶᠢ ᠨᠠᠶᠢᠳᠠᠪᠤᠷᠢᠵᠢᠭᠤᠯᠬᠤ ᠶᠢ ᠠᠬᠢᠭᠤᠯᠤᠨ᠂ ᠭᠠᠯ ᠤᠨ ᠭᠠᠮᠰᠢᠭ ᠢ ᠰᠡᠷᠭᠡᠶᠢᠯᠡᠨ ᠡᠵᠡᠮᠳᠡᠬᠦ ᠠᠵᠢᠯ ᠤᠨ | ᠥᠨᠳᠥᠷ ᠳᠠᠷᠤᠯᠲᠠᠲᠤ ᠪᠠᠶᠢᠳᠠᠯ ᠢ ᠦᠷᠭᠦᠯᠵᠢᠯᠡᠨ ᠪᠠᠲᠤᠯᠠᠵᠤ᠂ ᠬᠠᠷᠢᠶ᠎ᠠ ᠣᠷᠣᠨ ᠳᠤ ᠭᠠᠯ ᠤᠨ ᠭᠠᠮᠰᠢᠭ ᠦᠯᠦ | ᠭᠠᠷᠬᠤ ᠶᠢ ᠪᠥᠬᠦ ᠬᠦᠴᠦᠨ ᠢᠶᠠᠷ ᠢᠶᠠᠨ ᠪᠠᠲᠤᠯᠠᠨ᠎ᠠ ᠭᠡᠪᠡ᠃ | | | |