| | 1. ᠢᠮᠠᠭ᠎ᠠ ᠲᠡᠵᠢᠭᠡᠬᠦ ᠳᠤ ᠬᠦᠴᠦ ᠣᠷᠣᠭᠤᠯᠬᠤ ᠦᠭᠡᠢ ᠣᠯᠠᠩᠬᠢ ᠢᠮᠠᠭ᠎ᠠ ᠲᠡᠵᠢᠭᠡᠬᠦ ᠡᠷᠦᠬᠡ ᠠᠮᠠᠷ ᠢ | ᠪᠣᠳᠣᠵᠤ᠂ ᠡᠪᠡᠰᠦ ᠪᠤᠶᠤ ᠡᠰᠢ ᠰᠦᠷᠡᠯ ᠢ ᠪᠦᠬᠦᠯᠢ ᠢᠶᠠᠷ ᠰᠢᠭᠤᠳ ᠬᠠᠰᠢᠶ᠎ᠠ ᠬᠤᠷᠤᠭᠠᠨ ᠳᠤᠨᠢ ᠬᠠᠶᠠᠵᠤ ᠲᠡᠵᠢᠭᠡᠨ᠂ | ᠴᠢᠨᠠᠭᠰᠢᠯᠠᠪᠠᠯ ᠨᠠᠷᠢᠯᠢᠭ ᠪᠣᠷᠳᠤᠭ᠎ᠠ ᠪᠤᠶᠤ ᠡᠷᠦᠳᠡᠰᠦ ᠪᠣᠳᠠᠰ᠂ ᠨᠡᠮᠡᠯᠲᠡ ᠡᠳ᠋ ᠨᠡᠮᠡᠵᠦ ᠲᠡᠵᠢᠭᠡᠬᠦ ᠦᠭᠡᠢ ᠪᠠᠶᠢᠳᠠᠭ᠃ | | 2. ᠬᠢᠵᠢᠭ ᠰᠡᠷᠭᠡᠶᠢᠯᠡᠬᠦ ᠪᠠ ᠬᠤᠷᠣᠬᠠᠢ ᠲᠠᠭᠤᠬᠤ ᠦᠭᠡᠢ ᠣᠯᠠᠩᠬᠢ ᠢᠮᠠᠭ᠎ᠠ ᠲᠡᠵᠢᠭᠡᠬᠦ ᠡᠷᠦᠬᠡ ᠨᠢ | ᠢᠮᠠᠭ᠎ᠠ ᠶᠢ ᠠᠮᠠᠷᠬᠠᠨ ᠭᠡᠮᠨᠡᠬᠦ ᠦᠭᠡᠢ᠂ ᠰᠡᠷᠭᠡᠶᠢᠯᠡᠯᠲᠡ ᠶᠢᠨ ᠲᠠᠷᠢᠯᠭ᠎ᠠ ᠬᠢᠬᠦ ᠴᠢᠬᠤᠯᠠ ᠦᠭᠡᠢ᠂ ᠬᠤᠷᠣᠬᠠᠢ | ᠲᠠᠭᠤᠬᠤ ᠨᠢ ᠨᠡᠩ ᠴᠦ ᠨᠢᠭᠡ ᠵᠦᠢᠯ ᠤᠨ ᠢᠯᠡᠭᠦᠴᠡ ᠬᠡᠷᠡᠭ᠂ ᠵᠣᠭᠤᠰ ᠢ ᠲᠠᠯᠠᠭᠠᠷ ᠪᠦᠷᠢᠯᠭᠡᠵᠦ ᠪᠠᠶᠢᠬᠤ ᠬᠡᠷᠡᠭ | ᠭᠡᠵᠦ ᠦᠵᠡᠭᠡᠳ᠂ ᠬᠠᠷᠢᠨ ᠬᠠᠯᠳᠠᠪᠤᠷᠢᠲᠦ ᠭᠡᠮ᠂ ᠮᠦᠯᠵᠢᠭᠦᠷ ᠬᠤᠷᠣᠬᠠᠢ ᠶᠢᠨ ᠭᠡᠮ ᠤᠨ ᠢᠮᠠᠭ᠎ᠠ ᠲᠡᠵᠢᠭᠡᠬᠦ | ᠦᠢᠯᠡᠰ ᠲᠠᠬᠢ ᠬᠠᠮᠤᠭ ᠤᠨ ᠶᠡᠭᠡ ᠬᠤᠤᠷ ᠬᠦᠨᠦᠭᠡᠯ ᠢ ᠮᠡᠳᠡᠬᠦ ᠦᠭᠡᠢ ᠪᠠᠶᠢᠳᠠᠭ᠃ | 3. ᠣᠶᠢᠷ᠎ᠠ ᠲᠥᠷᠥᠯ ᠢᠶᠠᠷ ᠬᠡᠭᠡᠯᠲᠦᠬᠦ ᠢᠮᠠᠭ᠎ᠠ ᠶᠢ ᠦᠷᠡᠵᠢᠭᠦᠯᠬᠦ ᠳᠡᠭᠡᠷ᠎ᠡ ᠣᠯᠠᠩᠬᠢ ᠬᠥᠮᠥᠰ ᠳᠦᠭᠦᠮ ᠢ | ᠪᠣᠳᠣᠵᠤ᠂ ᠤᠬᠤᠨ᠎ᠠ ᠶᠢ ᠰᠣᠩᠭᠤᠬᠤ ᠦᠭᠡᠢ᠂ ᠳᠣᠷ᠎ᠠ ᠪᠠᠷ ᠬᠡᠭᠡᠯᠲᠦᠭᠦᠯᠦᠭᠰᠡᠨ ᠠᠴᠠ ᠣᠶᠢᠷ᠎ᠠ ᠲᠦᠷᠦᠯ ᠢᠶᠠᠷ | ᠬᠡᠭᠡᠯᠳᠦᠵᠦ᠂ ᠡᠭᠦᠯᠳᠡᠷ ᠳᠤᠷᠦ᠋ᠢᠲᠠᠭᠠᠳ᠂ ᠦᠷᠡᠵᠢᠯ ᠤᠨ ᠴᠢᠳᠠᠪᠤᠷᠢ ᠳᠣᠷᠣᠭᠰᠢᠯᠠᠬᠤ ᠪᠠᠶᠢᠳᠠᠯ ᠢᠯᠡᠷᠡᠭᠰᠡᠨ ᠪᠠᠶᠢᠨ᠎ᠠ | ᠃ | 4. ᠡᠷ᠎ᠡ ᠡᠮ᠎ᠡ ᠢᠮᠠᠭ᠎ᠠ ᠶᠢ ᠬᠠᠮᠳᠤ ᠲᠡᠵᠢᠭᠡᠬᠦ ᠡᠷ᠎ᠡ ᠢᠮᠠᠭ᠎ᠠ ᠶᠢᠨ ᠪᠡᠯᠭᠡ ᠨᠢ ᠪᠣᠯᠪᠠᠰᠣᠷᠠᠭᠰᠠᠨ ᠤ ᠰᠡᠭᠦᠯᠡᠷ | ᠵᠠᠪᠠᠯ ᠡᠮ᠎ᠡ ᠢᠮᠠᠭ᠎ᠠ ᠠᠴᠠ ᠰᠠᠯᠭᠠᠵᠦ ᠲᠡᠵᠢᠭᠡᠬᠦ ᠬᠡᠷᠡᠭᠲᠡᠢ᠃ | 5. ᠢᠰᠢᠭᠡ ᠶᠢ ᠰᠦ ᠠᠴᠠ ᠨᠢ ᠬᠡᠳᠦ ᠡᠷᠲᠡ ᠰᠠᠯᠭᠠᠬᠤ ᠢᠰᠢᠭᠡ ᠶᠢ ᠰᠦ ᠠᠴᠠ ᠨᠢ ᠬᠡᠳᠦ ᠡᠷᠲᠡ | ᠰᠠᠯᠭᠠᠪᠠᠯ᠂ ᠦᠰᠦᠯᠲᠡ ᠪᠤᠶᠢᠵᠢᠯᠲᠠ ᠶᠢ ᠨᠢ ᠨᠦᠯᠦᠭᠡᠯᠡᠵᠦ᠂ ᠴᠢᠨᠠᠭᠰᠢᠯᠠᠪᠠᠯ ᠦᠬᠦᠵᠦ ᠮᠡᠳᠡᠨ᠎ᠡ᠃ | 6. ᠨᠠᠷᠢᠯᠢᠭ ᠪᠣᠷᠳᠤᠭ᠎ᠠ ᠪᠠᠷ ᠬᠡᠲᠦᠷᠡᠲᠡᠯ᠎ᠡ ᠲᠡᠵᠢᠭᠡᠬᠦ ᠪᠠ ᠲᠡᠵᠢᠭᠡᠯ ᠪᠣᠷᠳᠤᠭ᠎ᠠ ᠶᠢ ᠭᠡᠨᠡᠳᠲᠡ ᠰᠤᠯᠢᠬᠤ | ᠲᠡᠵᠢᠭᠡᠬᠦ ᠡᠷᠦᠬᠡ ᠠᠴᠠ ᠢᠮᠠᠭ᠎ᠠ ᠶᠢᠨ ᠰᠦᠨ ᠭᠠᠷᠤᠯᠲᠠ ᠪᠤᠶᠤ ᠦᠰᠦᠯᠲᠡ ᠶᠢ ᠲᠦᠷᠭᠡᠳᠭᠡᠬᠦ ᠶᠢᠨ ᠲᠥᠯᠥᠭᠡ᠂ ᠨᠢᠭᠡ | ᠯᠠ ᠬᠡᠪ ᠢᠶᠠᠷ ᠨᠠᠷᠢᠯᠢᠭ ᠪᠣᠷᠳᠤᠭ᠎ᠠ ᠪᠠᠷ ᠲᠡᠵᠢᠭᠡᠪᠡᠯ ᠢᠮᠠᠭ᠎ᠠ ᠶᠢᠨ ᠭᠦᠵᠡᠭᠡ ᠬᠥᠭᠡᠭᠡᠬᠦ ᠪᠤᠯᠤᠨ᠎ᠠ︔ ᠵᠠᠷᠢᠮ ᠲᠡᠵᠢᠭᠡᠬᠦ | ᠡᠷᠦᠬᠡ ᠨᠢ ᠪᠠᠰᠠ ᠪᠣᠷᠳᠤᠭ᠎ᠠ ᠶᠢ ᠭᠡᠨᠡᠳᠲᠡ ᠰᠣᠯᠢᠵᠤ᠂ ᠬᠤᠳᠤᠭᠤᠳᠤ ᠭᠡᠳᠡᠰᠦ ᠶᠢ ᠡᠪ ᠦᠭᠡᠢ ᠪᠤᠯᠭᠠᠵᠦ ᠪᠤᠢ᠃ | 7. ᠬᠠᠰᠢᠶ᠎ᠠ ᠬᠤᠷᠤᠭ᠎ᠠ ᠶᠢ ᠴᠢᠩᠭ᠎ᠠ ᠠᠷᠢᠭᠤᠳᠬᠠᠬᠤ ᠦᠭᠡᠢ ᠬᠠᠰᠢᠶ᠎ᠠ ᠬᠤᠷᠤᠭ᠎ᠠ ᠨᠢ ᠴᠢᠬᠢᠭ ᠶᠡᠭᠡ᠂ | ᠰᠠᠯᠬᠢ ᠨᠡᠪᠲᠡᠷᠡᠯᠲᠡ ᠮᠠᠭᠤ ᠦᠶᠡᠰ ᠬᠡᠷᠪᠡ ᠲᠤᠭᠲᠠᠮᠠᠯ ᠬᠤᠭᠤᠴᠠᠭ᠎ᠠ ᠪᠠᠷ ᠠᠷᠢᠭᠤᠳᠬᠠᠬᠤ ᠦᠭᠡᠢ ᠪᠣᠯ ᠢᠮᠠᠭ᠎ᠠ ᠨᠢ | ᠲᠤᠩ ᠠᠮᠠᠷᠬᠠᠨ ᠪᠠᠭᠠᠰᠤ ᠠᠯᠳᠠᠵᠦ᠂ ᠬᠠᠮᠠᠭᠤ᠂ ᠲᠤᠭᠤᠷᠠᠢ ᠢᠯᠵᠠᠷᠠᠬᠤ ᠭᠡᠮ ᠳᠤ ᠨᠡᠷᠪᠡᠭᠳᠡᠭᠡᠳ᠂ ᠬᠠᠯᠳᠠᠪᠤᠷᠢᠲᠦ | ᠭᠡᠮ ᠢ ᠬᠢᠵᠠᠭᠠᠷᠯᠠᠬᠤ ᠳᠤ ᠬᠦᠴᠢᠷ ᠪᠣᠯᠣᠨ᠎ᠠ᠃ | | | | |