ᠴᠠᠭᠠᠨ ᠣᠪᠣᠭ᠎ᠠ
ᠨᠡᠶᠢᠲᠡᠯᠡᠭᠰᠡᠨ ᠴᠠᠭ᠄
2023/7/10
     ᠠᠯᠲᠠᠨ ᠰᠢᠷᠭᠤᠭᠤᠯ ᠠᠭᠤᠯᠠᠨ ᠳᠤ ᠦᠨᠳᠦᠷ ᠪᠤᠭᠤᠨᠢ 9 ᠣᠷᠬᠢᠯ ᠲᠠᠢ ᠪᠠᠶᠢᠳᠠᠭ᠃ ᠲᠡᠭᠦᠨ ᠤ ᠭᠤᠣᠯ ᠣᠷᠭᠢᠯ ᠨᠢ ᠠᠯᠲᠠᠨ ᠰᠢᠷᠭᠤᠭᠤᠯ ᠤᠨ ᠤᠷᠤᠢ ᠶᠢᠨ ᠵᠡᠭᠦᠨ ᠲᠠᠯ᠎ᠠ ᠳᠤ ᠪᠠᠷᠤᠭ 150 ᠮᠧᠲᠷ ᠵᠠᠶᠢᠲᠠᠢ ᠪᠠᠶᠢᠳᠠᠭ ᠪᠦᠭᠡᠳ 9 ᠣᠷᠣᠢ ᠶᠢᠨ ᠬᠠᠮᠤᠭ ᠦᠨᠳᠦᠷ ᠨᠢ ᠪᠣᠯᠣᠨ᠎ᠠ᠃ ᠲᠡᠷᠡ ᠣᠷᠣᠢ ᠶᠢᠨ ᠳᠡᠭᠡᠷ᠎ᠡ ᠡᠷᠲᠡᠨ ᠤ ᠬᠦᠮᠦᠰ ᠤᠨ ᠪᠣᠰᠬᠠᠭᠰᠠᠨ ᠨᠢᠭᠡᠨ ᠲᠣᠮᠤ ᠴᠢᠯᠠᠭᠤᠨ ᠣᠪᠣᠭ᠎ᠠ ᠪᠠᠶᠢᠳᠠᠭ᠃ ᠲᠡᠷᠡ ᠣᠪᠣᠭ᠎ᠠ ᠶᠢ ︽ᠴᠠᠭᠠᠨ ᠣᠪᠣᠭ᠎ᠠ︾ ᠭᠡᠳᠡᠭ᠃ ᠬᠤᠷᠮᠣᠰᠲᠠ ᠲᠡᠭᠷᠢ᠂ ᠭᠡᠰᠡᠷ ᠪᠤᠭᠲᠠ ᠵᠢᠴᠢ ᠥᠬᠢᠨ ᠲᠡᠭᠷᠢ ᠶᠢ ᠳᠣᠮᠳᠠᠲᠤ ᠶᠢᠷᠳᠢᠨᠴᠦ ᠳᠤ ᠪᠠᠭᠤᠯᠭᠠᠵᠤ ᠮᠠᠩᠭᠤᠰ ᠢ ᠳᠠᠷᠣᠭᠤᠯᠣᠭᠰᠠᠨ ᠪᠦᠭᠡᠳ ᠥᠬᠢᠨ ᠲᠡᠭᠷᠢ ᠬᠤᠪᠢᠯᠭᠠᠨ ᠰᠤᠮᠤ ᠪᠠᠷ ᠢᠶᠠᠨ ᠠᠯᠲᠠᠨ ᠰᠢᠷᠭᠤᠭᠤᠯ ᠢ ᠬᠦᠮᠦᠨ ᠤ ᠣᠷᠴᠢᠯᠠᠩ ᠳᠤ ᠪᠦᠲᠦᠭᠡᠵᠦ ᠥᠭᠭᠦᠭᠰᠡᠨ ᠲᠤᠯᠠ᠂ ᠡᠷᠲᠡᠨ ᠤ ᠬᠦᠮᠦᠰ ᠭᠡᠰᠡᠷ ᠪᠤᠭᠲᠠ ᠶᠢ ᠳᠣᠷᠠᠰᠬᠠᠨ᠂ ᠥᠬᠢᠨ ᠲᠡᠭᠷᠢ ᠶᠢ ᠰᠢᠲᠦᠵᠦ ᠡᠨᠡ ᠬᠦ ᠣᠪᠣᠭ᠎ᠠ ᠶᠢ ᠪᠣᠰᠬᠠᠨ ᠵᠢᠯ ᠪᠦᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠲᠠᠬᠢᠳᠠᠭ ᠪᠦᠭᠡᠳ ᠯᠠᠮᠠ ᠬᠤᠸᠠᠷᠠᠭ ᠤᠳ ᠲᠤᠩ ᠴᠠᠭᠠᠨ ᠯᠠᠪᠠᠢ ᠪᠠᠷᠢᠵᠤ ᠣᠪᠣᠭ᠎ᠠ ᠶᠢ ᠲᠣᠭᠤᠷᠢᠨ ᠬᠤᠷᠣᠢ ᠳᠠᠯᠠᠯᠭ᠎ᠠ ᠬᠢᠵᠦ ᠬᠤᠷ᠎ᠠ ᠪᠣᠷᠣᠭᠠᠨ ᠭᠤᠶᠣᠳᠠᠭ᠃ ᠠᠷᠠᠳ ᠤᠯᠠᠨ ᠠᠯᠲᠠᠨ ᠰᠢᠷᠭᠤᠭᠤᠯ ᠳᠤ ᠰᠢᠷᠭᠤᠬᠤ ᠳᠠᠭᠠᠨ ᠡᠷᠬᠡᠪᠰᠢ ᠡᠨᠡ ᠣᠪᠣᠭᠠᠨ ᠳᠤ ᠴᠢᠯᠠᠭᠤ ᠨᠡᠮᠡᠨ ᠰᠦᠰᠦᠭᠯᠡᠨ ᠲᠠᠬᠢᠵᠤ᠂ ᠭᠡᠰᠡᠷ ᠪᠤᠭᠲᠠ ᠪᠠᠨ ᠳᠣᠷᠠᠰᠬᠠᠨ ᠥᠬᠢᠨ ᠲᠡᠭᠷᠢ ᠠᠴᠠ ᠠᠪᠤᠷᠠᠯ ᠭᠤᠶᠣᠳᠠᠭ ᠠᠵᠠᠢ᠃             ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号