| | 2023 ᠣᠨ ᠤ ᠵᠣᠨ ᠤ ᠠᠮᠠᠷᠠᠯᠲᠠ ᠬᠦᠷᠴᠦ ᠢᠷᠡᠯ᠎ᠡ᠂ ᠰᠤᠷᠤᠭᠴᠢᠳ ᠤᠨ ᠡᠯ᠎ᠡ ᠵᠦᠢᠯ ᠤᠨ | ᠠᠳᠡᠯ ᠢ ᠰᠡᠷᠭᠡᠶᠢᠯᠡᠬᠦ ᠶᠢᠨ ᠲᠥᠯᠥᠭᠡ᠂ ︽2023 ᠣᠨ ᠤ ᠳᠤᠮᠳᠠᠳᠤ ᠪᠠᠭ᠎ᠠ ᠰᠤᠷᠭᠠᠭᠤᠯᠢ ᠶᠢᠨ | ᠰᠤᠷᠤᠭᠴᠢᠳ ᠤᠨ ᠵᠣᠨ ᠤ ᠠᠮᠠᠷᠠᠯᠲᠠ ᠶᠢᠨ ᠠᠮᠤᠷ ᠲᠦᠪᠰᠢᠨ ᠤ ᠰᠠᠨᠠᠭᠤᠯᠤᠮᠵᠢ︾ ᠶᠢ ᠨᠡᠶᠢᠲᠡᠯᠡᠪᠡ᠃ ᠬᠡᠷ ᠤᠨ | ᠠᠬᠠᠮᠠᠳ ᠪᠣᠯᠤᠨ ᠪᠢᠴᠢᠬᠠᠨ ᠨᠠᠶᠢᠵᠠ ᠨᠠᠷ ᠨᠠᠷᠢᠨ ᠬᠢᠨᠠᠮᠠᠭᠠᠶ ᠤᠩᠰᠢᠭᠠᠷᠠᠶ︕ | 2023 ᠣᠨ ᠤ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠣᠨ ᠤ ᠠᠮᠠᠷᠠᠯᠲᠠ ᠶᠢᠨ | ᠠᠮᠤᠷ ᠲᠦᠪᠰᠢᠨ ᠤ ᠰᠠᠨᠠᠭᠤᠯᠤᠮᠵᠢ | 01 . ᠤᠰᠤᠨ ᠤ ᠠᠳᠡᠯ ᠢ ᠤᠷᠢᠳᠴᠢᠯᠠᠨ ᠰᠡᠷᠭᠡᠶᠢᠯᠡᠨ᠎ᠡ | 1 . ᠭᠤᠣᠯ ᠤᠨ ᠬᠥᠪᠡᠭᠡ᠂ ᠤᠰᠤ ᠬᠥᠪᠡᠭᠡᠳᠡᠭᠰᠡᠨ ᠲᠠᠪᠴᠠᠩ᠂ ᠤᠰᠤᠨ ᠴᠥᠭᠦᠷᠥᠮ ᠵᠡᠷᠭᠡ | ᠭᠠᠵᠠᠷ ᠨᠠᠭᠠᠳᠬᠤ ᠦᠭᠡᠢ᠃ | 2᠂ ᠭᠤᠣᠯ ᠵᠡᠷᠭᠡ ᠤᠰᠤᠨ ᠣᠷᠣᠨ ᠳᠤ ᠤᠨᠠᠭᠰᠠᠨ ᠡᠳ᠋ ᠢ ᠲᠡᠭᠦᠬᠦ ᠦᠭᠡᠢ᠃ | 3 . ᠭᠤᠣᠯ ᠳᠤ ᠶᠠᠭᠤᠮ᠎ᠠ ᠤᠬᠢᠶᠠᠬᠤ ᠦᠭᠡᠢ᠂ ᠵᠢᠭᠠᠰᠤ ᠰᠠᠮ ᠬᠤᠷᠣᠬᠠᠢ ᠵᠡᠷᠭᠡ ᠶᠢ ᠭᠦᠬᠢᠳᠡᠬᠦ ᠦᠭᠡᠢ᠃ | 4 . ᠭᠤᠤᠯ᠂ ᠨᠠᠭᠤᠷ ᠴᠥᠭᠦᠷᠥᠮ ᠵᠡᠷᠭᠡ ᠤᠰᠤᠨ ᠣᠷᠣᠨ ᠳᠤ ᠣᠴᠢᠵᠤ ᠤᠮᠪᠠᠭ᠋ᠤ ᠥᠬᠡᠶ᠃ | 5 . ᠤᠮᠪᠠᠯᠲᠠ ᠶᠢᠨ ᠴᠥᠭᠦᠷᠥᠮ ᠳᠤ ᠠᠯᠢᠶᠠᠷᠬᠠᠵᠤ ᠨᠠᠭᠠᠳᠬᠤ ᠦᠭᠡᠢ᠃ | 6 . ᠤᠰᠤᠨ ᠳᠤ ᠤᠨᠠᠭᠰᠠᠳ ᠢ ᠣᠯᠵᠤ ᠮᠡᠳᠡᠪᠡᠯ᠂ ᠳᠠᠷᠤᠶ ᠳᠤ ᠨᠢ ᠲᠣᠮᠣ ᠬᠥᠮᠦᠨ ᠤ | ᠬᠠᠪᠰᠤᠷᠤᠯᠭ᠎ᠠ ᠶᠢ ᠡᠷᠢᠬᠦ ᠶᠢᠨ ᠬᠠᠮᠲᠤ ᠤᠰᠤᠨ ᠳᠤ ᠤᠨᠠᠭᠰᠠᠳ ᠲᠤ ᠠᠪᠤᠷᠠᠬᠤ ᠴᠠᠭᠠᠷᠢᠭ᠂ ᠬᠥᠭᠡᠰᠦᠲᠦ | ᠬᠠᠪᠲᠠᠰᠤ᠂ ᠠᠪᠤᠷᠠᠬᠤ ᠳᠡᠭᠡᠰᠦ ᠵᠡᠷᠭᠡ ᠶᠢ ᠬᠠᠶᠠᠵᠤ ᠥᠭᠭᠦᠨ᠎ᠡ᠂ ᠬᠠᠷᠢᠨ ᠰᠣᠬᠤᠷ ᠪᠠᠯᠠᠶ ᠪᠠᠷ ᠠᠪᠤᠷᠠᠵᠤ ᠪᠣᠯᠬᠤ | ᠦᠭᠡᠢ᠃ | 02 . ᠵᠠᠮ ᠬᠠᠷᠢᠯᠴᠠᠭᠠᠨ ᠤ ᠠᠮᠤᠷ ᠲᠦᠪᠰᠢᠨ ᠢ ᠠᠩᠬᠠᠷᠤᠨ᠎ᠠ | 7 . ᠵᠠᠮ ᠬᠠᠷᠢᠯᠴᠠᠭᠠᠨ ᠤ ᠬᠠᠤᠯᠢ ᠲᠣᠭᠲᠠᠭᠠᠯ ᠢ ᠤᠬᠠᠮᠰᠠᠷ ᠠᠴᠠ ᠪᠠᠨ ᠵᠢᠷᠤᠮᠯᠠᠵᠤ᠂ ᠡᠯ᠎ᠡ | ᠵᠦᠢᠯ ᠤᠨ ᠬᠤᠷᠢᠭ᠎ᠠ ᠵᠠᠷᠯᠢᠭ ᠤᠨ ᠲᠡᠮᠳᠡᠭ ᠢ ᠵᠥᠷᠢᠴᠡᠬᠦ ᠥᠬᠡᠶ ᠪᠠᠶᠢᠬᠤ ᠬᠡᠷᠡᠭᠲᠡᠶ᠃ | 8 . ᠪᠦᠬᠦᠯᠢ 12 ᠨᠠᠰᠤ ᠬᠦᠷᠦᠭᠡᠳᠦᠢ ᠪᠣᠯ ᠳᠤᠭᠤᠶ ᠲᠡᠷᠭᠡ ᠤᠨᠤᠬᠤ ᠥᠬᠡᠶ᠂ ᠪᠦᠬᠦᠯᠢ 16 | ᠨᠠᠰᠤ ᠬᠦᠷᠦᠭᠡᠳᠦᠢ ᠪᠣᠯ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠤᠨᠤᠬᠤ ᠥᠬᠡᠶ᠃ | 9 . ᠠᠯᠬᠤᠬᠤ ᠪᠤᠶᠤ ᠳᠤᠭᠤᠶ ᠤᠨᠤᠬᠤ ᠳᠤ ᠪᠠᠨ ᠭᠠᠷ ᠤᠲᠠᠰᠤ ᠦᠵᠡᠬᠦ ᠥᠬᠡᠶ᠂ ᠳᠠᠭᠤᠤ | ᠬᠥᠭᠵᠢᠮ ᠰᠣᠨᠣᠰᠬᠤ ᠥᠬᠡᠶ᠂ ᠠᠯᠢᠶᠠᠷᠬᠠᠵᠤ ᠨᠠᠭᠠᠳᠬᠤ ᠥᠬᠡᠶ᠃ ᠬᠡᠷᠪᠡ ᠣᠨᠴᠠᠭᠠᠢ ᠴᠠᠭ ᠠᠭᠤᠷ | ᠲᠣᠬᠢᠶᠠᠯᠳᠤᠪᠠᠯ᠂ ᠢᠯᠡ ᠥᠩᠭᠡ ᠲᠠᠢ ᠬᠤᠪᠴᠠᠰᠤ ᠡᠮᠦᠰᠴᠦ᠂ ᠵᠠᠷ ᠤᠨ ᠫᠠᠶᠢᠰᠠ᠂ ᠬᠦᠴᠦᠳᠡᠯ ᠥᠭᠡᠷᠡᠴᠢᠯᠡᠭᠴᠢ᠂ | ᠴᠠᠬᠢᠯᠭᠠᠨ ᠲᠦᠭᠡᠭᠡᠬᠦ ᠬᠠᠶᠢᠷᠴᠠᠭ᠂ ᠥᠨᠳᠥᠷ ᠬᠦᠴᠦᠳᠡᠯᠲᠦ ᠴᠠᠬᠢᠯᠭᠠᠨ ᠤᠲᠠᠰᠤ ᠵᠡᠷᠭᠡ ᠠᠶᠤᠯᠲᠤ ᠪᠣᠳᠠᠰ ᠠᠴᠠ | ᠵᠠᠶᠢᠯᠠᠬᠤ ᠶᠢ ᠠᠩᠬᠠᠷᠬᠤ ᠬᠡᠷᠡᠭᠲᠡᠶ᠃ | 10 . ᠮᠠᠰᠢᠨ ᠲᠡᠷᠭᠡᠨ ᠤ ᠣᠷᠣᠵᠤ ᠭᠠᠷᠬᠤ ᠡᠭᠦᠳᠡ᠂ ᠵᠠᠮ ᠤᠨ ᠬᠠᠵᠠᠭᠤ ᠪᠤᠶᠤ ᠲᠡᠷᠭᠡ ᠤᠨᠤᠭᠠᠨ ᠤ | ᠪᠠᠯᠠᠶ ᠣᠷᠣᠨ ᠳᠤ ᠠᠯᠢᠶᠠᠷᠬᠠᠵᠤ ᠨᠠᠭᠠᠳᠬᠤ ᠦᠭᠡᠶ᠃ | 11 . ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠲᠡᠷᠭᠡᠨ ᠳᠤ ᠰᠠᠭᠤᠬᠤ ᠳᠤ ᠪᠠᠨ | ᠳᠦᠷᠢᠮ ᠢ ᠤᠬᠠᠮᠰᠠᠷ ᠠᠴᠠ ᠪᠠᠨ ᠵᠢᠷᠤᠮᠯᠠᠬᠤ ᠬᠡᠷᠡᠭᠲᠡᠶ᠃ | 12 . ᠲᠡᠮᠦᠷ ᠵᠠᠮ ᠢ ᠳᠤᠷ᠎ᠠ ᠪᠠᠷ ᠥᠩᠭᠡᠷᠡᠬᠦ ᠦᠭᠡᠢ᠂ ᠲᠡᠮᠦᠷ ᠵᠠᠮ ᠤᠨ ᠬᠠᠵᠠᠭᠤ ᠳᠤ ᠠᠯᠬᠤᠬᠤ | ᠦᠭᠡᠢ ᠪᠤᠶᠤ ᠲᠡᠮᠦᠷ ᠵᠠᠮ ᠤᠨ ᠠᠭᠤᠯᠵᠠᠷ ᠳᠤ ᠨᠠᠭᠠᠳᠬᠤ ᠦᠭᠡᠢ᠃ | 03 . ᠭᠡᠷ ᠲᠤ ᠰᠠᠭᠤᠬᠤ ᠠᠮᠤᠷ ᠲᠦᠪᠰᠢᠨ ᠢ ᠠᠩᠬᠠᠷᠤᠨ᠎ᠠ | 13 . ᠬᠥᠪᠦᠮᠡᠯ ᠴᠣᠩᠬᠤ ᠪᠤᠶᠤ ᠨᠠᠷᠠᠪᠴᠢᠨ ᠳᠡᠭᠡᠷ᠎ᠡ ᠨᠠᠭᠠᠳᠬᠤ ᠦᠭᠡᠢ᠃ | 14 . ᠨᠦᠢᠲᠠᠨ ᠭᠠᠷ ᠪᠤᠶᠤ ᠨᠦᠢᠲᠠᠨ ᠪᠥᠰ ᠢᠶᠠᠷ ᠭᠡᠷ ᠤᠨ ᠴᠠᠬᠢᠯᠭᠠᠨ ᠬᠡᠷᠡᠭᠰᠡᠯ ᠳᠤ ᠬᠦᠷᠦᠯᠴᠡᠬᠦ ᠦᠭᠡᠢ᠃ | | 15 . ᠲᠠᠨᠢᠬᠤ ᠦᠭᠡᠶ ᠬᠥᠮᠦᠨ ᠳᠤ ᠡᠭᠦᠳᠡ ᠨᠡᠭᠡᠭᠡᠵᠦ ᠥᠭᠬᠦ ᠦᠭᠡᠶ᠃ | 16 . ᠴᠣᠩᠬᠤ ᠪᠠᠷ ᠶᠠᠭᠤᠮ᠎ᠠ ᠬᠠᠶᠠᠬᠤ ᠦᠭᠡᠢ᠃ | 17 . ᠰᠢᠲᠠᠮᠠᠬᠠᠶ ᠬᠡᠢ ᠶᠢᠨ ᠲᠥᠬᠦᠭᠡᠷᠦᠮᠵᠢ᠂ ᠢᠷᠲᠦ ᠪᠠᠭᠠᠵᠢ ᠵᠡᠷᠭᠡ ᠶᠢ ᠡᠮᠬᠢ ᠵᠢᠷᠤᠮ ᠲᠠᠢ ᠬᠡᠷᠡᠭᠯᠡᠨ᠎ᠡ᠃ | 18 . ᠭᠠᠯ ᠢᠶᠠᠷ ᠨᠠᠭᠠᠳᠬᠤ ᠦᠭᠡᠢ᠂ ᠭᠠᠯ ᠭᠠᠷᠤᠭᠰᠠᠨ ᠢ ᠣᠯᠵᠤ ᠮᠡᠳᠡᠪᠡᠯ᠂ ᠳᠠᠷᠤᠢ ᠳᠤ ᠨᠢ | 119 ᠳᠤ ᠤᠲᠠᠰᠤᠳᠠᠨ᠎ᠠ᠃ | 04 . ᠰᠦᠯᠵᠢᠶ᠎ᠡ ᠶᠢ ᠠᠮᠤᠷ ᠲᠦᠪᠰᠢᠨ ᠬᠡᠷᠡᠭᠯᠡᠨ᠎ᠡ | 19 . ᠭᠠᠷ ᠤᠲᠠᠰᠤ᠂ ᠺᠣᠮᠫᠢᠦ᠋ᠲ᠋ᠧᠷ ᠵᠡᠷᠭᠡ ᠡᠯᠧᠺᠳ᠋ᠷᠣᠨ ᠦᠢᠯᠡᠳᠭᠦᠨ ᠤ ᠬᠡᠷᠡᠭᠯᠡᠬᠦ ᠴᠠᠭ ᠢ ᠡᠵᠡᠮᠳᠡᠵᠦ᠂ | ᠰᠦᠯᠵᠢᠶᠡᠨ ᠳᠤ ᠰᠢᠨᠤᠬᠤ ᠥᠬᠡᠶ᠃ | 20 . ᠬᠤᠪᠢ ᠬᠥᠮᠦᠨ᠂ ᠬᠡᠷ ᠤᠨ ᠬᠥᠮᠦᠨ ᠵᠢᠴᠢ ᠪᠤᠰᠤᠳ ᠬᠥᠮᠦᠨ ᠤ ᠬᠤᠪᠢ ᠬᠥᠮᠦᠨ ᠤ | ᠮᠡᠳᠡᠭᠡ ᠵᠠᠩᠭᠢ ᠶᠢ ᠰᠦᠯᠵᠢᠶᠡᠨ ᠳᠤ ᠳᠠᠮᠵᠢᠭᠤᠯᠬᠤ ᠥᠬᠡᠶ᠃ | 21 . ᠬᠦᠴᠦᠷᠬᠡᠭᠯᠡᠯ᠂ ᠱᠠᠯᠢᠭ ᠵᠠᠪᠬᠠᠶ ᠵᠡᠷᠭᠡ ᠪᠡᠶ᠎ᠡ ᠰᠡᠳᠬᠢᠯ ᠤᠨ ᠡᠷᠡᠭᠦᠯ ᠮᠡᠨᠳᠦ ᠳᠤ | ᠬᠤᠤᠷᠲᠠᠶ ᠰᠦᠯᠵᠢᠶᠡᠨ ᠤ ᠲᠣᠭᠯᠠᠭᠠᠮ ᠨᠠᠭᠠᠳᠬᠤ ᠥᠬᠡᠶ᠃ | 22 . ᠰᠦᠯᠵᠢᠶᠡᠨ ᠤ ᠳᠣᠷᠣᠮᠵᠢᠯᠠᠯ ᠶᠠᠪᠤᠭᠤᠯᠬᠤ ᠦᠭᠡᠶ᠃ | 23 . ᠰᠦᠯᠵᠢᠶᠡᠨ ᠨᠠᠶᠢᠵᠠ ᠲᠠᠢ ᠲᠠᠨᠢᠯᠴᠠᠬᠤ ᠳᠤ ᠪᠠᠨ ᠪᠣᠯᠭᠤᠮᠵᠢᠲᠠᠶ ᠪᠠᠶᠢᠵᠤ᠂ ᠰᠦᠯᠵᠢᠶᠡᠨ | ᠨᠠᠶᠢᠵᠠ ᠲᠠᠢ ᠠᠭᠤᠯᠵᠠᠬᠤ ᠳᠤ ᠪᠠᠨ ᠪᠣᠯᠭᠤᠮᠵᠢᠲᠠᠶ ᠪᠠᠶᠢᠬᠤ ᠬᠡᠷᠡᠭᠲᠡᠢ᠃ ᠪᠡᠯᠡᠨ ᠵᠣᠭᠤᠰ ᠨᠡᠮᠡᠬᠦ᠂ ︽ᠪᠡᠯᠡᠭ︾ | ᠬᠤᠳᠠᠯᠳᠤᠨ ᠠᠪᠬᠤ᠂ ᠰᠦᠯᠵᠢᠶᠡᠨ ᠳᠤ ᠲᠣᠭᠠᠴᠠᠭ᠎ᠠ ᠬᠢᠬᠦ ᠵᠡᠷᠭᠡ ᠡᠯ᠎ᠡ ᠲᠥᠷᠥᠯ ᠤᠨ ᠱᠠᠩᠨᠠᠯᠲᠤ | ᠦᠢᠯᠡᠴᠢᠯᠡᠭᠡ ᠳᠤ ᠣᠷᠣᠯᠴᠠᠬᠤ ᠥᠬᠡᠶ ᠪᠠᠶᠢᠵᠤ᠂ ᠰᠦᠯᠵᠢᠶᠡᠨ ᠤ ᠮᠡᠬᠡᠯᠡᠯ ᠢ ᠰᠡᠷᠭᠡᠶᠢᠯᠡᠨ᠎ᠡ᠃ | 24 . ᠪᠡᠶ᠎ᠡ ᠰᠡᠳᠬᠢᠯ ᠤᠨ ᠡᠷᠡᠭᠦᠯ ᠮᠡᠨᠳᠦ ᠳᠤ ᠬᠤᠤᠷ ᠬᠥᠨᠥᠭᠡᠯ ᠲᠠᠢ ᠰᠦᠯᠵᠢᠶᠡᠨ ᠤ ᠦᠢᠯᠡᠳᠭᠦᠨ | ᠪᠤᠶᠤ ᠰᠦᠯᠵᠢᠶᠡᠨ ᠤ ᠦᠢᠯᠡᠴᠢᠯᠡᠭᠡ ᠶᠢ ᠣᠯᠵᠤ ᠮᠡᠳᠡᠪᠡᠯ ᠳᠠᠷᠤᠢ ᠳᠤ ᠨᠢ ᠵᠠᠭᠠᠯᠳᠤᠵᠤ᠂ ᠢᠯᠡᠴᠢᠯᠡᠨ ᠮᠡᠳᠡᠭᠦᠯᠬᠦ | ᠬᠡᠷᠡᠭᠲᠡᠶ᠃ | 05 . ᠵᠢᠭᠤᠯᠴᠢᠯᠠᠯ ᠤᠨ ᠠᠮᠤᠷ ᠲᠦᠪᠰᠢᠨ ᠢ ᠴᠢᠬᠤᠯᠠᠴᠢᠯᠠᠨ᠎ᠠ | 25 . ︽ᠵᠢᠭᠤᠯᠴᠢᠯᠠᠯ︾ ᠪᠤᠶᠤ ᠪᠠᠷᠲᠠᠭ᠎ᠠ ᠬᠠᠶᠢᠬᠤ ᠵᠢᠭᠤᠯᠴᠢᠯᠠᠯ ᠳᠤ ᠣᠷᠣᠯᠴᠠᠬᠤ ᠦᠭᠡᠶ᠃ | 26 . ᠭᠠᠵᠠᠷ ᠤᠨ ᠭᠠᠮᠰᠢᠭ ᠣᠯᠠᠨ ᠭᠠᠷᠳᠠᠭ ᠣᠷᠣᠨ ᠳᠤ ᠣᠴᠢᠵᠤ ᠵᠢᠭᠤᠯᠴᠢᠯᠠᠬᠤ ᠦᠭᠡᠶ᠃ | ᠣᠨᠴᠠᠭᠠᠢ ᠠᠭᠤᠷ ᠠᠮᠢᠰᠬᠤᠯ ᠲᠣᠬᠢᠶᠠᠯᠳᠤᠪᠠᠯ᠂ ᠠᠭᠤᠯᠠᠷᠬᠠᠭ ᠣᠷᠣᠨ᠂ ᠭᠤᠣᠯ ᠤᠨ ᠬᠥᠨᠳᠡᠶ ᠵᠡᠷᠭᠡ ᠠᠶᠤᠯ | ᠲᠦᠭᠰᠢᠭᠦᠷᠢᠲᠦ ᠭᠠᠵᠠᠷ ᠣᠷᠣᠨ ᠢᠶᠠᠷ ᠵᠤᠭᠠᠴᠠᠬᠤ ᠦᠭᠡᠶ᠂ ᠤᠰᠤ ᠶᠢ ᠪᠣᠯᠤᠮᠵᠢ ᠦᠭᠡᠶ ᠬᠡᠲᠦᠯᠬᠦ ᠦᠭᠡᠶ᠃ | 27 . ᠨᠡᠶᠢᠲᠡ ᠶᠢᠨ ᠮᠠᠰᠢᠨ ᠲᠡᠷᠭᠡ᠂ ᠵᠤᠭᠠᠴᠠᠯ ᠤᠨ ᠣᠩᠭᠤᠴᠠ᠂ ᠨᠢᠰᠬᠡᠯ ᠵᠡᠷᠭᠡ ᠳᠤ | ᠰᠠᠭᠤᠬᠤ ᠳᠤ ᠪᠠᠨ ᠠᠮᠤᠷ ᠲᠦᠪᠰᠢᠨ ᠤ ᠪᠦᠰᠡ ᠶᠢ ᠤᠬᠠᠮᠰᠠᠷ ᠠᠴᠠ ᠪᠠᠨ ᠪᠦᠰᠡᠯᠡᠬᠦ ᠬᠡᠷᠡᠭᠲᠡᠶ᠃ | 28 . ᠪᠠᠭᠤᠳᠠᠯ ᠳᠤ ᠣᠷᠣᠪᠠᠯ᠂ ᠭᠠᠯ ᠤᠨᠲᠠᠷᠠᠭᠠᠬᠤ ᠵᠠᠮ ᠵᠢᠴᠢ ᠠᠮᠤᠷ ᠲᠦᠪᠰᠢᠨ ᠤ ᠭᠠᠷᠬᠤ | ᠡᠭᠦᠳᠡ ᠶᠢ ᠳᠠᠷᠤᠢ ᠳᠤ ᠨᠢ ᠣᠶᠢᠯᠠᠭᠠᠵᠤ ᠠᠪᠬᠤ ᠬᠡᠷᠡᠭᠲᠡᠶ᠃ | 29 . ᠠᠶᠤᠯᠲᠠᠢ ᠭᠡᠬᠦ ᠲᠡᠮᠳᠡᠭ ᠲᠠᠯᠪᠢᠭᠰᠠᠨ ᠭᠠᠵᠠᠷ ᠲᠤ ᠵᠣᠭᠰᠣᠬᠤ ᠦᠭᠡᠢ᠂ | ᠰᠡᠭᠦᠳᠡᠷᠯᠡᠬᠦ ᠶᠢ ᠬᠤᠷᠢᠭᠯᠠᠭᠰᠠᠨ ᠭᠠᠵᠠᠷ ᠲᠤ ᠭᠡᠷᠡᠯ ᠵᠢᠷᠤᠭ ᠠᠪᠬᠤ ᠦᠭᠡᠢ᠂ ᠵᠢᠷᠤᠭ ᠲᠥᠷᠰᠦ ᠰᠢᠩᠭᠡᠭᠡᠬᠦ ᠦᠭᠡᠢ | ᠃ | 30 . ᠬᠡᠷᠪᠡ ᠭᠡᠨᠡᠳᠲᠡ ᠶᠢᠨ ᠬᠡᠷᠡᠭ ᠲᠣᠬᠢᠶᠠᠯᠳᠤᠪᠠᠯ᠂ ᠵᠢᠯᠣᠭᠤᠳᠤᠯᠭ᠎ᠠ ᠶᠢ ᠳᠠᠭᠠᠵᠤ᠂ | ᠯᠠᠪᠳᠠᠭᠤᠨ ᠲᠣᠭᠲᠠᠭᠤᠨ ᠠᠷᠭᠠᠴᠠᠨ᠎ᠠ᠃ | 06 . ᠰᠡᠳᠬᠢᠴᠡ ᠶᠢᠨ ᠠᠮᠤᠷ ᠲᠦᠪᠰᠢᠨ ᠢ ᠴᠢᠩᠭᠠᠳᠬᠠᠨ᠎ᠠ | 31 . ᠣᠶᠤᠨᠴᠢ ᠡᠶᠡᠯᠳᠡᠭ ᠰᠡᠳᠬᠢᠴᠡ ᠪᠠᠷ ᠳᠡᠷᠭᠡᠳᠡᠬᠢ ᠬᠥᠮᠦᠨ ᠪᠤᠶᠤ ᠬᠡᠷᠡᠭ ᠲᠤ ᠬᠠᠨᠳᠤᠨ᠎ᠠ᠃ | 32 . ᠪᠤᠬᠢᠨᠢᠳᠤᠬᠤ ᠦᠶᠡᠰ᠂ ᠬᠥᠳᠡᠯᠭᠡᠭᠡᠨ ᠬᠢᠬᠦ᠂ ᠰᠣᠯᠢᠯᠴᠠᠬᠤ᠂ ᠠᠭᠤᠵᠢᠷᠠᠲᠠᠯ᠎ᠠ ᠶᠠᠷᠢᠬᠤ | ᠵᠡᠷᠭᠡ ᠪᠠᠷ ᠳᠠᠮᠵᠢᠨ ᠪᠣᠬᠢᠨᠢᠳᠤᠯ ᠢᠶᠠᠨ ᠠᠷᠢᠯᠭᠠᠨ᠎ᠠ᠃ | 33 . ᠰᠡᠳᠬᠢᠯ ᠲᠣᠭᠲᠠᠪᠤᠷᠢ ᠦᠭᠡᠢ ᠦᠶᠡᠰ᠂ ᠭᠡᠷ ᠤᠨ ᠠᠬᠠᠮᠠᠳ᠂ ᠪᠠᠭᠰᠢ᠂ | ᠲᠣᠭᠤᠷᠢᠭ ᠤᠨ ᠰᠡᠳᠬᠢᠴᠡ ᠶᠢᠨ ᠲᠥᠪ ᠤᠨ 24 ᠴᠠᠭ ᠤᠨ ᠬᠠᠯᠠᠮᠰᠢᠯ ᠤᠲᠠᠰᠤ ᠪᠤᠶᠤ 12355᠂ | 962525 ᠰᠡᠳᠬᠢᠴᠡ ᠶᠢᠨ ᠬᠠᠯᠠᠮᠰᠢᠯ ᠤᠲᠠᠰᠤ ᠵᠡᠷᠭᠡ ᠶᠢᠨ ᠬᠠᠪᠰᠤᠷᠤᠯᠭ᠎ᠠ ᠶᠢ ᠰᠠᠨᠠᠭᠠᠴᠢᠯᠠᠭ᠎ᠠ ᠠᠴᠠ ᠪᠠᠨ | ᠡᠷᠢᠨ᠎ᠡ᠃ | 34 . ᠨᠤᠭᠤᠷᠠᠯ ᠪᠦᠳᠦᠷᠢᠯ ᠳᠤ ᠤᠴᠠᠷᠠᠪᠠᠯ᠂ ᠢᠳᠡᠪᠬᠢᠲᠡᠢ ᠰᠡᠳᠬᠢᠴᠡ ᠶᠢᠨ ᠳᠣᠬᠢᠯᠲᠠ ᠪᠠᠷ | ᠥᠪᠡᠷ ᠤᠨ ᠢᠲᠡᠭᠡᠯ ᠵᠣᠷᠢᠭ ᠢᠶᠠᠨ ᠬᠥᠭᠵᠢᠭᠡᠨ᠎ᠡ᠃ | 35 . ᠥᠪᠡᠷ ᠤᠨ ᠴᠢᠷᠮᠠᠶᠢᠯᠭ᠎ᠠ ᠪᠠᠨ ᠮᠡᠳᠡᠷᠡᠵᠦ᠂ ᠰᠢᠯᠭᠠᠯᠲᠠ ᠶᠢᠨ ᠦᠷ᠎ᠡ ᠳ᠋ᠦᠩ ᠢ ᠬᠦᠯᠢᠶᠡᠨ ᠠᠪᠤᠨ᠎ᠠ᠃ | | 36 . ᠤᠷᠮ᠎ᠠ ᠰᠡᠳᠬᠢᠯᠭᠡ ᠪᠠᠨ ᠡᠵᠡᠮᠳᠡᠬᠦ ᠶᠢ ᠰᠤᠷᠴᠤ᠂ ᠪᠠᠶᠠᠷ ᠬᠥᠷᠲᠡᠢ ᠪᠠᠷ ᠡᠳᠦᠷ | ᠪᠦᠷᠢ ᠶᠢ ᠥᠩᠭᠡᠷᠡᠭᠦᠯᠦᠨ᠎ᠡ᠃ | ᠢᠷᠡᠯᠲᠡ᠄ ᠰᠤᠷᠭᠠᠨ ᠬᠥᠮᠥᠵᠢᠯ ᠤᠨ ᠲᠢᠩᠬᠢᠮ |