| 12 ᠰᠠᠷ᠎ᠠ ᠶᠢᠨ 26 ᠤ ᠡᠳᠦᠷ ᠤᠨ ᠦᠳᠡ ᠶᠢᠨ ᠬᠤᠶᠢᠨ᠎ᠠ᠂ ᠵᠠᠷᠤᠳ ᠬᠤᠰᠢᠭᠤ ᠵᠠᠬᠢᠳᠠᠯ | ᠰᠣᠷᠪᠤᠯᠵᠢᠯᠠᠭ᠎ᠠ ᠶᠢᠨ ᠲᠣᠭᠲᠠᠭᠤᠨ ᠢ ᠬᠠᠮᠠᠭᠠᠯᠠᠬᠤ ᠠᠵᠢᠯ ᠢ ᠠᠬᠢᠭᠤᠯᠬᠤ ᠬᠤᠷᠠᠯ ᠵᠢᠴᠢ ᠤᠯᠤᠰ ᠲᠥᠷᠥ ᠬᠠᠤᠯᠢ | ᠴᠠᠭᠠᠵᠠ ᠶᠢᠨ ᠭᠡᠰᠢᠭᠦᠨ ᠤ ᠲᠤᠰᠢᠶᠠᠯ ᠤᠨ ᠮᠡᠳᠡᠭᠦᠯᠦᠯᠲᠡ ᠪᠠ ᠠᠷᠢᠭᠤᠨ ᠴᠢᠬᠡᠴᠢ ᠶᠢᠨ ᠮᠡᠳᠡᠭᠦᠯᠦᠯᠲᠡ ᠶᠢ ᠦᠨᠡᠯᠡᠬᠦ | ᠬᠤᠷᠠᠯ ᠬᠢᠪᠡ᠃ ᠬᠤᠰᠢᠭᠤᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠤᠯᠤᠰ ᠲᠥᠷᠥ ᠬᠠᠤᠯᠢ ᠴᠠᠭᠠᠵᠠ ᠶᠢᠨ | ᠬᠤᠷᠢᠶ᠎ᠠ ᠶᠢᠨ ᠱᠦᠵᠢ ᠶᠠᠩ ᠽᠢ ᠴᠢᠶᠠᠩ ᠬᠤᠷᠠᠯ ᠳᠤ ᠣᠷᠣᠯᠴᠠᠨ ᠶᠠᠷᠢᠶ᠎ᠠ ᠲᠠᠯᠪᠢᠪᠠ᠂ ᠬᠤᠰᠢᠭᠤᠨ ᠤ ᠠᠷᠠᠳ ᠤᠨ | ᠪᠠᠶᠢᠴᠠᠭᠠᠬᠤ ᠬᠤᠷᠢᠶ᠎ᠠ ᠶᠢᠨ ᠪᠠᠶᠢᠴᠠᠭᠠᠬᠤ ᠳᠠᠷᠤᠭ᠎ᠠ ᠴᠢᠦᠢ ᠶᠧ ᠬᠤᠩ ᠬᠤᠷᠠᠯ ᠳᠤ ᠣᠷᠣᠯᠴᠠᠵᠤ᠂ ᠵᠠᠬᠢᠳᠠᠯ | ᠰᠣᠷᠪᠤᠯᠵᠢᠯᠠᠭ᠎ᠠ ᠶᠢᠨ ᠲᠣᠪᠴᠢᠶ᠎ᠠ᠂ ᠬᠠᠤᠯᠢ ᠴᠠᠭᠠᠵᠠ ᠶᠢᠨ ᠲᠣᠪᠴᠢᠶ᠎ᠠ ᠶᠢᠨ ᠭᠤᠣᠯ ᠤᠳᠤᠷᠢᠳᠤᠯᠭ᠎ᠠ᠂ ᠤᠯᠤᠰ | ᠲᠥᠷᠥ ᠬᠠᠤᠯᠢ ᠴᠠᠭᠠᠵᠠ ᠶᠢᠨ ᠬᠤᠷᠢᠶ᠎ᠠ ᠶᠢᠨ ᠤᠳᠤᠷᠢᠳᠬᠤ ᠪᠠᠭ ᠤᠨ ᠭᠡᠰᠢᠭᠦᠨ᠂ ᠳᠣᠲᠣᠭᠠᠳᠤ ᠶᠢ ᠬᠠᠮᠠᠭᠠᠯᠠᠬᠤ | ᠲᠣᠪᠴᠢᠶ᠎ᠠ᠂ ᠰᠢᠭᠦᠬᠦ ᠬᠤᠷᠢᠶ᠎ᠠ ᠶᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ ᠵᠢᠴᠢ ᠡᠯ᠎ᠡ ᠰᠤᠮᠤ ᠪᠠᠯᠭᠠᠰᠤᠨ ᠤ | ᠤᠯᠤᠰ ᠲᠥᠷᠥ ᠬᠠᠤᠯᠢ ᠴᠠᠭᠠᠵᠠ ᠶᠢᠨ ᠭᠡᠰᠢᠭᠦᠨ᠂ ᠵᠡᠭᠡᠯᠢ ᠭᠤᠳᠤᠮᠵᠢ ᠶᠢᠨ ᠭᠤᠷᠪᠠᠨ ᠲᠠᠯᠠᠪᠤᠷ ᠤᠨ ᠬᠤᠪᠢᠳᠠᠨ | ᠬᠠᠮᠢᠶᠠᠷᠬᠤ ᠤᠳᠤᠷᠢᠳᠤᠯᠭ᠎ᠠ ᠬᠤᠷᠠᠯ ᠳᠤ ᠣᠷᠣᠯᠴᠠᠪᠠ᠃ | ᠬᠤᠷᠠᠯ ᠳᠡᠭᠡᠷ᠎ᠡ᠂ ᠮᠠᠤ ᠽᠦ ᠳ᠋ᠦᠩ ᠨᠥᠬᠦᠷ ᠤᠨ ᠴᠣᠬᠤᠯᠠᠪᠤᠷᠢᠯᠠᠭᠰᠠᠨ ︽ᠹᠧᠩ ᠴᠢᠶᠦᠦ ᠶᠢᠨ ᠲᠤᠷᠰᠢᠯᠭ᠎ᠠ︾ | ᠶᠢ ᠰᠤᠷᠤᠯᠴᠠᠨ ᠳᠡᠯᠭᠡᠷᠡᠭᠦᠯᠦᠭᠰᠡᠨ 60 ᠵᠢᠯ ᠤᠨ ᠤᠢ ᠵᠢᠴᠢ ᠰᠢ ᠶᠢᠨ ᠫᠢᠩ ᠶᠡᠷᠦᠩᠬᠡᠢ ᠱᠦᠵᠢ ᠶᠢᠨ | ᠵᠢᠭᠠᠪᠤᠷᠢᠯᠠᠭᠰᠠᠨ ︽ᠹᠧᠩ ᠴᠢᠶᠦᠦ ᠶᠢᠨ ᠲᠤᠷᠰᠢᠯᠭ᠎ᠠ︾ ᠶᠢ ᠪᠠᠷᠢᠮᠲᠠᠯᠠᠨ ᠬᠥᠭᠵᠢᠭᠦᠯᠦᠭᠰᠡᠨ 20 ᠵᠢᠯ ᠤᠨ ᠤᠢ ᠶᠢ | ᠳᠤᠷᠠᠰᠬᠠᠬᠤ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠪᠠ᠃ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ ᠶᠢᠨ ᠱᠦᠵᠢ ᠰᠦᠨ ᠱᠣᠸ ᠴᠧᠩ ᠰᠢᠨ᠎ᠡ ᠴᠠᠭ ᠦᠶ᠎ᠡ ᠶᠢᠨ ︽ᠹᠧᠩ ᠴᠢᠶᠦᠦ ᠶᠢᠨ ᠲᠤᠷᠰᠢᠯᠭ᠎ᠠ︾ ᠶᠢ | ᠪᠠᠷᠢᠮᠲᠠᠯᠠᠨ ᠬᠥᠭᠵᠢᠭᠦᠯᠬᠦ ᠲᠤᠬᠠᠢ ᠴᠣᠬᠤᠯᠠᠪᠤᠷᠢ ᠵᠢᠭᠠᠪᠤᠷᠢ ᠶᠢᠨ ᠵᠣᠷᠢᠭ ᠰᠠᠨᠠᠭ᠎ᠠ ᠵᠢᠴᠢ ︽ᠰᠢᠨ᠎ᠡ ᠴᠠᠭ ᠦᠶ᠎ᠡ ᠶᠢᠨ | ︿ᠹᠧᠩ ᠴᠢᠶᠦᠦ ᠶᠢᠨ ᠲᠤᠷᠰᠢᠯᠭ᠎ᠠ﹀ ᠶᠢ ᠪᠠᠷᠢᠮᠲᠠᠯᠠᠨ ᠬᠥᠭᠵᠢᠭᠦᠯᠵᠦ ᠨᠡᠶᠢᠭᠡᠮ ᠤᠨ ᠵᠥᠷᠢᠴᠡᠯ ᠵᠢᠭᠤᠷᠠᠯᠳᠤᠭᠠᠨ ᠢ | ᠰᠡᠷᠭᠡᠶᠢᠯᠡᠨ ᠠᠷᠢᠯᠭᠠᠬᠤ ᠴᠢᠳᠠᠪᠤᠷᠢ ᠶᠢ ᠳᠡᠭᠡᠭᠰᠢᠯᠡᠭᠦᠯᠬᠦ ᠲᠤᠬᠠᠢ ᠰᠠᠨᠠᠯ︾ ᠢ ᠰᠤᠷᠣᠯᠴᠠᠪᠠ᠃ ᠬᠤᠲᠠ ᠶᠢᠨ ᠵᠠᠬᠢᠳᠠᠯ | ᠰᠣᠷᠪᠤᠯᠵᠢᠯᠠᠭ᠎ᠠ ᠶᠢᠨ ᠬᠠᠮᠲᠤᠷᠠᠭᠰᠠᠨ ᠬᠤᠷᠠᠯ ᠵᠢᠴᠢ ᠤᠯᠤᠰ ᠲᠥᠷᠥ ᠬᠠᠤᠯᠢ ᠴᠠᠭᠠᠵᠠ ᠶᠢᠨ ᠬᠤᠷᠠᠯ ᠤᠨ ᠵᠣᠷᠢᠭ | ᠰᠠᠨᠠᠭ᠎ᠠ ᠶᠢ ᠤᠯᠠᠮᠵᠢᠯᠠᠵᠤ᠂ ᠵᠠᠬᠢᠳᠠᠯ ᠰᠣᠷᠪᠤᠯᠵᠢᠯᠠᠭ᠎ᠠ ᠶᠢᠨ ᠲᠣᠭᠲᠠᠭᠤᠨ ᠪᠠᠶᠢᠳᠠᠯ ᠢ ᠬᠠᠮᠠᠭᠠᠯᠠᠬᠤ᠂ ᠠᠮᠢᠨ ᠬᠡᠷᠡᠭ ᠢ | ᠰᠡᠷᠭᠡᠶᠢᠯᠡᠨ ᠡᠵᠡᠮᠳᠡᠬᠦ ᠵᠡᠷᠭᠡ ᠠᠵᠢᠯ ᠢ ᠭᠤᠣᠯᠳᠠᠯᠭ᠎ᠠ ᠲᠠᠢ ᠪᠠᠶᠢᠷᠢᠯᠠᠭᠤᠯᠵᠤ᠂ ᠠᠷᠠᠳ ᠣᠯᠠᠨ ᠤ ᠠᠮᠤᠷ ᠠᠮᠤᠭᠤᠯᠠᠩ | ᠡᠶ᠎ᠡ ᠨᠠᠶᠢᠷᠠᠮᠳᠠᠭᠤ ᠠᠭᠤᠷ ᠠᠮᠢᠰᠬᠤᠯ ᠤᠨ ᠳᠤᠮᠳᠠ ᠰᠢᠨ᠎ᠡ ᠵᠢᠯ᠂ ᠴᠠᠭᠠᠨ ᠰᠠᠷ᠎ᠠ ᠪᠠᠨ ᠪᠠᠶᠠᠷ ᠬᠥᠷ ᠲᠠᠢ | ᠥᠩᠭᠡᠷᠡᠭᠦᠯᠬᠦ ᠠᠵᠢᠯ ᠤᠨ ᠲᠣᠬᠠᠢ ᠪᠠᠶᠢᠷᠢᠯᠠᠭᠤᠯᠪᠠ᠃ ᠣᠯᠠᠨ ᠲᠦᠮᠡᠨ ᠤ ᠪᠦᠯᠬᠦᠮ ᠵᠣᠬᠢᠶᠠᠨ ᠪᠠᠶᠢᠭᠤᠯᠤᠯᠲᠠ ᠶᠢᠨ | ᠵᠠᠬᠢᠳᠠᠯ ᠰᠣᠷᠪᠤᠯᠵᠢᠯᠠᠭ᠎ᠠ ᠶᠢᠨ ᠲᠣᠭᠲᠠᠭᠤᠨ ᠪᠠᠶᠢᠳᠠᠯ ᠢ ᠬᠠᠮᠠᠭᠠᠯᠠᠬᠤ ᠠᠵᠢᠯ ᠳᠤ ᠬᠦᠴᠦ ᠨᠡᠮᠡᠷᠢᠯᠡᠬᠦ ᠲᠣᠬᠠᠢ | ᠰᠤᠳᠤᠯᠪᠠ᠃ ᠤᠯᠤᠰ ᠲᠦᠷᠦ ᠬᠠᠤᠯᠢ ᠴᠠᠭᠠᠵᠠ ᠶᠢᠨ ᠭᠡᠰᠢᠭᠦᠨ ᠤ ᠲᠤᠰᠢᠶᠠᠯ ᠤᠨ ᠮᠡᠳᠡᠭᠦᠯᠦᠯᠲᠡ ᠪᠠ ᠠᠷᠢᠭᠤᠨ | ᠴᠢᠬᠡᠴᠢ ᠶᠢᠨ ᠮᠡᠳᠡᠭᠦᠯᠦᠯᠲᠡ ᠶᠢ ᠰᠣᠨᠣᠰᠤᠭᠰᠠᠨ ᠪᠥᠭᠡᠳ ᠦᠨᠡᠯᠡᠯᠲᠡ ᠬᠢᠪᠡ᠃ | ᠬᠤᠷᠠᠯ ᠠᠴᠠ᠂ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ | ᠭᠦᠨᠵᠡᠭᠡᠢ ᠰᠤᠷᠤᠯᠴᠠᠨ ᠲᠤᠤᠱᠯᠠᠭᠤᠯᠵᠤ᠂ ᠰᠢᠨ᠎ᠡ ᠴᠠᠭ ᠦᠶ᠎ᠡ ᠶᠢᠨ ︽ᠹᠧᠩ ᠴᠢᠶᠦᠦ ᠶᠢᠨ ᠲᠤᠷᠰᠢᠯᠭ᠎ᠠ︾ ᠶᠢᠨ | ᠦᠢᠯᠡᠳᠦᠯᠭᠡ ᠶᠢᠨ ᠱᠠᠭᠠᠷᠳᠠᠯᠭ᠎ᠠ ᠶᠢ ᠪᠠᠲᠤ ᠡᠵᠡᠮᠰᠢᠵᠦ᠂ ᠪᠠᠭ᠎ᠠ ᠬᠡᠪᠴᠢᠶ᠎ᠡ ᠪᠠᠷ ᠰᠢᠢᠳᠪᠦᠷᠢᠯᠡᠬᠦ᠂ ᠭᠤᠣᠯᠳᠠᠯᠭ᠎ᠠ ᠶᠢ | ᠠᠩᠬᠠᠷᠬᠤ᠂ ᠵᠠᠩᠭᠢᠯᠠᠭ᠎ᠠ ᠶᠢ ᠠᠳᠬᠤᠬᠤ ᠶᠢ ᠪᠠᠷᠢᠮᠲᠠᠯᠠᠨ᠂ ︽ᠵᠠᠷᠭᠤ ᠦᠭᠡᠢ ᠰᠣᠷᠪᠤᠯᠵᠢᠯᠠᠭ᠎ᠠ ᠦᠭᠡᠢ︾ ᠭᠠᠴᠠᠭ᠎ᠠ | ᠲᠣᠰᠬᠤᠨ ᠢ ᠡᠭᠦᠳᠬᠦ ᠪᠠᠶᠢᠭᠤᠯᠬᠤ ᠠᠵᠢᠯ ᠢ ᠬᠡᠷᠡᠭᠵᠢᠭᠦᠯᠬᠦ ᠪᠠᠷ ᠠᠴᠢᠶᠠᠯᠠᠪᠤᠷᠢ ᠪᠣᠯᠭᠠᠵᠤ᠂ ᠤᠳᠤᠷᠢᠳᠬᠤ | ᠺᠠᠳ᠋ᠷᠴᠤᠳ ᠤᠨ ᠰᠣᠷᠪᠤᠯᠵᠢᠯᠠᠭ᠎ᠠ ᠶᠢ ᠬᠦᠯᠢᠶᠡᠬᠦ ᠳᠣᠷᠣᠭᠰᠢ ᠪᠠᠭᠤᠵᠤ ᠰᠤᠷᠪᠤᠯᠵᠢᠯᠠᠬᠤ ᠪᠠ ᠬᠡᠷᠡᠭ ᠢ ᠳᠠᠭᠠᠭᠠᠨ | ᠣᠷᠣᠯᠠᠨ ᠭᠦᠢᠴᠡᠳᠬᠡᠬᠦ ᠲᠣᠭᠲᠠᠴᠠ ᠶᠢ ᠲᠡᠭᠦᠯᠳᠡᠷᠵᠢᠭᠦᠯᠬᠦ ᠶᠢ ᠪᠠᠷᠢᠮᠲᠠᠯᠠᠨ᠂ ᠵᠠᠬᠢᠳᠠᠯ ᠰᠣᠷᠪᠤᠯᠵᠢᠯᠠᠭ᠎ᠠ ᠶᠢᠨ | ᠣᠷᠣᠯᠠᠨ ᠭᠦᠢᠴᠡᠳᠬᠡᠬᠦ ᠳᠦᠷᠢᠮ ᠢ ᠬᠡᠷᠡᠭᠵᠢᠭᠦᠯᠬᠦ ᠶᠢ ︽ᠹᠧᠩ ᠴᠢᠶᠣᠤ ᠶᠢᠨ ᠲᠤᠷᠰᠢᠯᠭ᠎ᠠ︾ ᠶᠢ ᠳᠡᠯᠭᠡᠷᠡᠭᠦᠯᠬᠦ | ᠯᠦᠭᠡ ᠣᠷᠭᠠᠨᠢᠭ ᠢᠶᠠᠷ ᠤᠶᠠᠯᠳᠤᠭᠤᠯᠵᠤ᠂ ᠠᠵᠢᠯ ᠤᠨ ᠴᠤᠪᠤᠷᠠᠯ ᠢᠶᠠᠨ ᠤᠯᠠᠮ ᠨᠢᠭᠡ ᠠᠯᠬᠤᠮ ᠰᠢᠯᠢᠳᠡᠭᠵᠢᠭᠦᠯᠦᠨ᠂ | ᠣᠷᠣᠯᠠᠨ ᠭᠦᠢᠴᠡᠳᠬᠡᠬᠦ ᠠᠷᠭ᠎ᠠ ᠵᠠᠮ ᠢ ᠰᠠᠭᠠᠳ ᠦᠭᠡᠢ ᠨᠠᠪᠲᠠᠷᠡᠭᠦᠯᠵᠦ᠂ ᠬᠢᠨᠠᠨ ᠰᠢᠯᠭᠠᠬᠤ ᠠᠷᠭ᠎ᠠ ᠶᠢ | ᠪᠦᠷᠢᠨᠰᠢᠭᠦᠯᠦᠨ ᠲᠡᠭᠦᠯᠳᠡᠷᠵᠢᠭᠦᠯᠬᠦ ᠬᠡᠷᠡᠭᠲᠡᠢ᠃ ︽ᠪᠠᠭ᠎ᠠ ᠶᠠᠪᠤᠳᠠᠯ ᠢ ᠲᠣᠰᠬᠤᠨ ᠠᠴᠠ ᠭᠠᠷᠭᠠᠬᠤ ᠦᠭᠡᠢ᠂ ᠶᠡᠭᠡ | ᠶᠠᠪᠤᠳᠠᠯ ᠢ ᠪᠠᠯᠭᠠᠰᠤ ᠠᠴᠠ ᠭᠠᠷᠭᠠᠬᠤ ᠦᠭᠡᠢ᠂ ᠵᠥᠷᠢᠴᠡᠯ ᠢ ᠳᠡᠭᠡᠭᠰᠢ ᠲᠤᠰᠢᠶᠠᠬᠤ ᠦᠭᠡᠢ︾ ᠪᠠᠷ ᠬᠠᠷᠠᠯᠲᠠ | ᠪᠣᠯᠭᠠᠨ᠂ ︽ᠤᠷᠢᠳᠴᠢᠯᠠᠨ ᠰᠡᠷᠭᠡᠶᠢᠯᠡᠬᠦ ᠶᠢ ᠲᠡᠷᠢᠭᠦᠨ ᠳᠤ ᠲᠠᠯᠪᠢᠬᠤ᠂ ᠡᠶᠡᠳᠡᠭᠦᠯᠬᠦ ᠶᠢ ᠲᠡᠷᠢᠭᠦᠨ ᠳᠤ ᠲᠠᠯᠪᠢᠬᠤ᠂ | ᠬᠠᠤᠯᠢ ᠪᠠᠷ ᠵᠠᠰᠠᠬᠤ ᠶᠢ ᠬᠡᠷᠡᠭᠯᠡᠬᠦ᠂ ᠲᠤᠬᠠᠢ ᠶᠢᠨ ᠭᠠᠵᠠᠷ ᠲᠤᠨᠢ ᠰᠢᠢᠳᠪᠦᠷᠢᠯᠡᠬᠦ︾ ᠶᠢ ᠦᠨᠡᠨᠬᠦ ᠪᠣᠳᠠᠲᠠᠢ | ᠨᠠᠶᠢᠳᠠᠪᠤᠷᠢᠵᠢᠭᠤᠯᠵᠤ᠂ ᠰᠢᠨ᠎ᠡ ᠴᠠᠭ ᠦᠶ᠎ᠡ ᠶᠢᠨ ︽ ᠹᠧᠩ ᠴᠢᠶᠦᠦ ᠶᠢᠨ ᠲᠤᠷᠰᠢᠯᠭ᠎ᠠ︾ ᠶᠢ ᠵᠠᠷᠣᠳ ᠲᠤ | ᠪᠣᠲᠠᠲᠠᠶᠢᠵᠢᠭᠤᠯᠣᠨ ᠨᠠᠶᠢᠲᠠᠪᠣᠷᠢᠵᠢᠭᠤᠯᠬᠤ ᠬᠡᠷᠡᠭᠲᠡᠢ᠃ ᠣᠯᠠᠨ ᠲᠦᠮᠡᠨ ᠤ ᠪᠦᠯᠬᠦᠮ ᠤᠨ ᠵᠠᠬᠢᠳᠠᠯ | ᠰᠣᠷᠪᠤᠯᠵᠢᠯᠠᠭ᠎ᠠ ᠶᠢᠨ ᠲᠣᠭᠲᠠᠭᠤᠨ ᠢ ᠬᠠᠮᠠᠭᠠᠯᠠᠬᠤ ᠠᠵᠢᠯ ᠳᠤ ᠬᠦᠴᠦ ᠨᠡᠮᠡᠷᠢᠯᠡᠬᠦ ᠶᠠᠪᠤᠳᠠᠯ ᠢ ᠡᠳᠦᠷ ᠲᠤᠲᠤᠮ ᠤᠨ | ᠴᠢᠬᠤᠯᠠ ᠵᠥᠪᠯᠡᠬᠦ ᠵᠦᠢᠯ ᠳᠡᠭᠡᠨ ᠣᠷᠣᠭᠤᠯᠵᠤ᠂ ᠡᠭᠦᠷᠭᠡ ᠬᠠᠷᠢᠭᠤᠴᠠᠯᠭ᠎ᠠ ᠳᠠᠭᠠᠨ ᠰᠠᠭᠤᠷᠢᠯᠠᠨ᠂ ᠵᠥᠷᠢᠴᠡᠯ ᠢ | ᠵᠢᠭᠰᠠᠭᠠᠨ ᠪᠠᠶᠢᠴᠠᠭᠠᠬᠤ᠂ ᠤᠷᠢᠳᠴᠢᠯᠠᠨ ᠰᠡᠷᠡᠮᠵᠢᠯᠡᠭᠦᠯᠬᠦ᠂ ᠡᠶᠡᠳᠡᠭᠦᠯᠦᠨ ᠰᠢᠢᠳᠪᠦᠷᠢᠯᠡᠬᠦ ᠵᠡᠷᠭᠡ ᠡᠯ᠎ᠡ | ᠭᠤᠭᠴᠤᠭ᠎ᠠ ᠶᠢᠨ ᠠᠵᠢᠯ ᠢ ᠨᠠᠷᠢᠨ ᠨᠢᠮᠪᠠᠢ ᠵᠣᠬᠢᠶᠠᠨ ᠪᠠᠶᠢᠭᠤᠯᠵᠤ᠂ ᠰᠠᠨᠠᠭᠠᠴᠢᠯᠠᠭ᠎ᠠ ᠠᠴᠠ ᠪᠠᠨ ᠣᠷᠣᠯᠴᠠᠵᠤ᠂ ᠨᠢᠭᠡ | ᠪᠦᠯᠦᠭ ᠨᠡᠶᠢᠭᠡᠮ ᠤᠨ ᠲᠣᠭᠲᠠᠭᠤᠨ ᠢ ᠨᠥᠯᠥᠭᠡᠯᠡᠬᠦ ᠲᠣᠪᠣᠶᠢᠮ᠎ᠠ ᠠᠰᠠᠭᠤᠳᠠᠯ ᠪᠠ ᠴᠤᠬᠤᠶᠢᠯᠲᠠ ᠶᠢᠨ ᠴᠢᠨᠠᠷᠲᠠᠢ᠂ | ᠬᠡᠯᠪᠡᠷᠢᠯ ᠤᠨ ᠴᠢᠨᠠᠷᠲᠠᠢ ᠠᠰᠠᠭᠤᠳᠠᠯ ᠢ ᠪᠦᠲᠦᠮᠵᠢᠲᠡᠶ ᠰᠢᠢᠳᠪᠦᠷᠢᠯᠡᠵᠦ᠂ ︽ᠵᠠᠬᠢᠳᠠᠯ ᠰᠣᠷᠪᠤᠯᠵᠢᠯᠠᠭ᠎ᠠ + ᠣᠯᠠᠨ | ᠲᠦᠮᠡᠨ ᠤ ᠪᠦᠯᠬᠦᠮ︾ ᠤᠨ ᠠᠵᠢᠯ ᠤᠨ ᠵᠠᠭᠪᠤᠷ ᠢ ᠬᠦᠴᠦᠯᠡᠨ ᠪᠣᠶ ᠪᠣᠯᠭᠠᠵᠤ᠂ ᠬᠤᠲᠠ ᠶᠢᠨ ᠬᠡᠪᠴᠢᠶᠡᠨ ᠤ | ᠨᠡᠶᠢᠭᠡᠮ ᠤᠨ ᠵᠠᠰᠠᠯᠲᠠ ᠶᠢᠨ ᠣᠳᠣᠬᠢᠴᠢᠯᠠᠯᠲᠠ ᠶᠢᠨ ᠬᠢᠷᠢ ᠲᠦᠪᠰᠢᠨ ᠢ ᠳᠡᠭᠡᠭᠰᠢᠯᠡᠭᠦᠯᠬᠦ ᠳᠤ ᠣᠯᠠᠨ ᠲᠦᠮᠡᠨ ᠤ | ᠪᠦᠯᠬᠦᠮ ᠤᠨ ᠬᠦᠴᠦᠨ ᠴᠢᠳᠠᠯ ᠢ ᠨᠡᠮᠡᠷᠢᠯᠡᠬᠦ ᠬᠡᠷᠡᠭᠲᠡᠢ ᠭᠡᠵᠦ ᠱᠠᠭᠠᠷᠳᠠᠪᠠ᠃ | ᠬᠤᠷᠠᠯ ᠠᠴᠠ᠂ ᠡᠯ᠎ᠡ ᠭᠡᠰᠢᠭᠦᠨ ᠦᠵᠡᠯ ᠰᠠᠨᠠᠭ᠎ᠠ ᠤᠯᠤᠰ ᠲᠥᠷᠥ ᠶᠢᠨ ᠪᠠᠶᠢᠭᠤᠯᠤᠯᠲᠠ ᠪᠠ ᠨᠠᠮ ᠤᠨ | ᠪᠠᠶᠢᠭᠤᠯᠤᠯᠲᠠ ᠶᠢᠨ ᠠᠵᠢᠯ ᠢ ᠴᠢᠩᠭᠠᠳᠬᠠᠬᠤ ᠶᠢ ᠢᠮᠠᠭᠲᠠ ᠴᠢᠬᠤᠯᠠ ᠪᠠᠶᠢᠷᠢᠨ ᠳᠤ ᠲᠠᠯᠪᠢᠵᠤ᠂ ᠨᠠᠮ ᠤᠨ ᠤᠯᠤᠰ | ᠲᠦᠷᠦ ᠬᠠᠤᠯᠢ ᠴᠠᠭᠠᠵᠠ ᠶᠢᠨ ᠠᠵᠢᠯ ᠳᠠᠬᠢ ᠬᠠᠷᠢᠴᠠᠯᠠᠰᠢ ᠦᠭᠡᠢ ᠤᠳᠤᠷᠢᠳᠤᠯᠭ᠎ᠠ ᠶᠢ ᠬᠦᠴᠦᠲᠡᠢ ᠪᠠᠲᠤᠯᠠᠵᠤ᠂ | ᠪᠠᠭ ᠢ ᠠᠳᠬᠤᠬᠤ᠂ ᠡᠩᠨᠡᠭᠡ ᠶᠢ ᠳᠠᠭᠠᠭᠤᠯᠬᠤ᠂ ᠬᠥᠭᠵᠢᠯᠲᠡ ᠶᠢ ᠠᠬᠢᠭᠤᠯᠬᠤ᠂ ᠲᠣᠭᠲᠠᠭᠤᠨ ᠢ ᠪᠠᠲᠤᠯᠠᠬᠤ ᠵᠡᠷᠭᠡ | ᠲᠠᠯ᠎ᠠ ᠪᠠᠷ ᠴᠥᠮ ᠮᠠᠰᠢ ᠤᠯᠠᠨ ᠪᠣᠳᠠᠲᠠᠢ ᠶᠢ ᠡᠷᠬᠢᠮᠯᠡᠭᠰᠡᠨ ᠪᠦᠲᠦᠮᠵᠢᠲᠡᠢ ᠠᠷᠭ᠎ᠠ ᠬᠡᠮᠵᠢᠶ᠎ᠡ ᠠᠪᠴᠤ᠂ ᠡᠬᠡ | ᠤᠯᠤᠰ ᠤᠨ ᠤᠮᠠᠷᠠᠲᠤ ᠬᠢᠯᠢ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠪᠠᠬᠢᠵᠢᠭᠦᠯᠬᠦ ᠡᠯ᠎ᠡ ᠵᠦᠢᠯ ᠤᠨ | ᠡᠭᠦᠷᠭᠡ ᠶᠢ ᠲᠡᠭᠦᠰ ᠠᠮᠵᠢᠯᠲᠠ ᠲᠠᠢ ᠪᠡᠶᠡᠯᠡᠭᠦᠯᠵᠦ᠂ ︽ᠬᠤᠶᠠᠷ ᠶᠡᠭᠡ ᠶᠠᠪᠤᠳᠠᠯ︾ ᠢ ᠪᠣᠳᠠᠲᠠᠢ | ᠨᠠᠶᠢᠳᠠᠪᠤᠷᠢᠵᠢᠭᠤᠯᠤᠨ ᠦᠷ᠎ᠡ ᠪᠦᠲᠦᠮᠵᠢ ᠣᠯᠬᠤ ᠶᠢ ᠬᠦᠴᠦᠲᠡᠢ ᠪᠠᠲᠣᠯᠠᠬᠤ ᠬᠡᠷᠡᠭᠲᠡᠢ᠃ 2024 ᠣᠨ ᠳᠤ᠂ ︽ | ᠳᠤᠮᠳᠠᠳᠤ ᠤᠯᠤᠰ ᠤᠨ ᠡᠪ ᠬᠠᠮᠲᠤ ᠨᠠᠮ ᠤᠨ ᠤᠯᠤᠰ ᠲᠦᠷᠦ ᠬᠠᠤᠯᠢ ᠴᠠᠭᠠᠵᠠ ᠶᠢᠨ ᠠᠵᠢᠯ ᠤᠨ ᠳᠦᠷᠢᠮ︾ ᠢ | ᠲᠤᠤᠱᠯᠠᠭᠤᠯᠤᠨ ᠨᠠᠶᠢᠳᠠᠪᠤᠷᠢᠵᠢᠭᠤᠯᠬᠤ ᠶᠢ ᠢᠮᠠᠭᠲᠠ ᠰᠠᠶᠢᠲᠤᠷ ᠠᠳᠬᠤᠵᠤ᠂ ᠤᠯᠤᠰ ᠲᠦᠷᠦ ᠬᠠᠤᠯᠢ ᠴᠠᠭᠠᠵᠠ ᠶᠢᠨ | ᠡᠩᠨᠡᠭᠡᠨ ᠤ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ ᠤᠯᠤᠰ ᠲᠦᠷᠦ ᠬᠠᠤᠯᠢ ᠴᠠᠭᠠᠵᠠ ᠶᠢᠨ ᠡᠯ᠎ᠡ | ᠵᠦᠢᠯ ᠤᠨ ᠭᠤᠣᠯᠳᠠᠯᠭ᠎ᠠ ᠲᠠᠢ ᠠᠵᠢᠯ ᠢ ᠯᠠᠪᠳᠠᠭᠤᠨ ᠪᠠᠲᠤᠲᠠᠢ ᠠᠬᠢᠭᠤᠯᠵᠤ᠂ ᠥᠴᠥᠬᠡᠨ ᠴᠦ ᠣᠰᠣᠯᠳᠠᠬᠤ ᠦᠭᠡᠢ | ᠰᠤᠷᠲᠠᠯ᠂ ᠡᠴᠦᠰ ᠲᠤᠨᠢ ᠲᠤᠯᠲᠠᠯ᠎ᠠ ᠠᠳᠬᠤᠬᠤ ᠵᠣᠷᠢᠭ ᠢᠶᠠᠷ ᠠᠵᠢᠯ ᠢᠶᠠᠨ ᠲᠡᠷᠡ ᠬᠡᠪ ᠢᠶᠠᠷ ᠨᠢ | ᠨᠠᠶᠢᠳᠠᠪᠤᠷᠢᠵᠢᠭᠤᠯᠬᠤ ᠬᠡᠷᠡᠭᠲᠡᠢ᠃ ᠥᠪᠡᠷ ᠤᠨ ᠪᠡᠶ᠎ᠡ ᠪᠠᠨ ᠦᠨᠡᠨ ᠬᠦ ᠣᠷᠣᠭᠤᠯᠵᠤ᠂ ᠡᠭᠦᠷᠭᠡ ᠬᠠᠷᠢᠭᠤᠴᠠᠯᠭ᠎ᠠ ᠪᠠᠨ | ᠦᠨᠡᠨ ᠬᠦ ᠣᠷᠣᠭᠤᠯᠵᠤ᠂ ᠠᠵᠢᠯ ᠢᠶᠠᠨ ᠦᠨᠡᠨ ᠬᠦ ᠣᠷᠣᠭᠤᠯᠵᠤ᠂ ᠠᠵᠢᠯ ᠤᠨ ᠡᠭᠦᠷᠭᠡ ᠪᠠᠨ ᠬᠠᠷᠭᠤᠭᠤᠯᠤᠨ᠂ | ᠠᠵᠢᠯ ᠤᠨ ᠡᠭᠦᠷᠭᠡ ᠬᠠᠷᠢᠭᠤᠴᠠᠯᠭ᠎ᠠ ᠪᠠᠨ ᠲᠣᠳᠣᠷᠬᠠᠢ ᠪᠣᠯᠭᠠᠵᠤ᠂ ᠨᠢᠭᠡ ᠨᠢᠭᠡ ᠶᠠᠪᠤᠳᠠᠯ ᠢᠶᠠᠷ ᠠᠳᠬᠤᠵᠤ᠂ ᠨᠢᠭᠡ | ᠨᠢᠭᠡ ᠵᠠᠩᠭᠢᠯᠠᠭ᠎ᠠ ᠶᠢᠨ ᠴᠡᠭ ᠢᠶᠠᠷ ᠬᠢᠵᠦ᠂ ᠭᠤᠣᠯᠳᠠᠯᠭ᠎ᠠ ᠲᠠᠢ ᠬᠦᠴᠢᠷ ᠲᠦᠪᠡᠭᠲᠡᠢ ᠠᠰᠠᠭᠤᠳᠠᠯ ᠢ ᠦᠨᠡᠨ ᠬᠦ | ᠰᠠᠶᠢᠲᠤᠷ ᠰᠢᠢᠳᠪᠦᠷᠢᠯᠡᠵᠦ᠂ ᠴᠠᠭ ᠮᠥᠴᠡ ᠶᠢ ᠠᠮᠵᠢᠨ ᠤᠯᠤᠰ ᠲᠥᠷᠥ ᠬᠠᠤᠯᠢ ᠴᠠᠭᠠᠵᠠ ᠶᠢᠨ ᠠᠵᠢᠯ ᠤᠨ | ᠭᠦᠨᠵᠡᠭᠡᠶᠢᠷᠡᠨ ᠪᠣᠳᠠᠲᠠᠶᠢᠵᠢᠬᠤ ᠶᠢ ᠲᠦᠯᠬᠢᠨ ᠠᠬᠢᠭᠤᠯᠬᠤ ᠬᠡᠷᠡᠭᠲᠡᠢ᠃ ᠰᠠᠨᠠᠭᠠᠴᠢᠯᠠᠭ᠎ᠠ ᠠᠴᠠ ᠪᠡᠷᠢᠮᠵᠢᠶ᠎ᠡ ᠪᠠᠨ | ᠳᠡᠭᠡᠭᠰᠢᠯᠡᠭᠦᠯᠵᠦ᠂ ᠵᠣᠷᠢᠭᠲᠠᠢ ᠪᠠᠷ ᠲᠡᠷᠢᠭᠦᠨ ᠳᠤ ᠣᠷᠣᠬᠤ ᠪᠠᠷ ᠲᠡᠮᠡᠴᠡᠵᠦ᠂ ᠥᠨᠳᠥᠷ ᠪᠠᠷᠢᠮᠵᠢᠶ᠎ᠠ᠂ ᠲᠦᠷᠭᠡᠨ | ᠠᠶᠢᠵᠠᠮ ᠢᠶᠠᠷ ᠡᠯ᠎ᠡ ᠵᠦᠢᠯ ᠤᠨ ᠠᠵᠢᠯ ᠤᠨ ᠲᠡᠷᠢᠭᠦᠨ ᠢ ᠲᠡᠮᠡᠴᠡᠨ ᠣᠯᠬᠤ ᠶᠢ ᠠᠬᠢᠭᠤᠯᠵᠤ᠂ ᠲᠦᠷᠦᠯ ᠲᠡᠮᠳᠡᠭ ᠢ | ᠪᠤᠢ ᠪᠣᠯᠭᠠᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠭᠰᠠᠨ ᠵᠠᠷᠣᠳ ᠤᠨ ᠰᠢᠨ᠎ᠡ ᠦᠢᠯᠡᠳᠦᠯᠭᠡ ᠶᠢ | ᠠᠬᠢᠭᠤᠯᠬᠤ ᠳᠤ ᠪᠠᠲᠤ ᠴᠢᠩᠭ᠎ᠠ ᠤᠯᠤᠰ ᠲᠦᠷᠦ ᠬᠠᠤᠯᠢ ᠴᠠᠭᠠᠵᠠ ᠶᠢᠨ ᠪᠠᠲᠤᠯᠠᠭ᠎ᠠ ᠬᠠᠩᠭᠠᠬᠤ ᠬᠡᠷᠡᠭᠲᠡᠢ ᠭᠡᠵᠦ | ᠴᠢᠬᠤᠯᠠᠴᠢᠯᠠᠪᠠ᠃ | ᠬᠤᠷᠠᠯ ᠤᠨ ᠲᠠᠷᠠᠭ᠎ᠠ᠂ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠤᠯᠤᠰ ᠲᠦᠷᠤ ᠬᠠᠤᠯᠢ | ᠴᠠᠭᠠᠵᠠ ᠶᠢᠨ ᠠᠵᠢᠯ ᠤᠨ ᠳᠦᠷᠢᠮ︾ ᠤᠨ ᠮᠡᠳᠡᠯᠭᠡ ᠶᠢᠨ ᠰᠢᠯᠭᠠᠯᠲᠠ ᠥᠷᠨᠢᠭᠦᠯᠪᠡ᠃ |