ᠰᠢᠶᠣᠣ ᠾᠧᠢ ᠱᠠᠨ ᠲᠣᠰᠬᠤᠨ ᠤ ᠴᠠᠭᠠᠨ ᠢᠳᠡᠭᠡᠨ ᠤ ᠠᠵᠤ ᠦᠢᠯᠡᠰ
ᠨᠡᠶᠢᠲᠡᠯᠡᠭᠰᠡᠨ ᠴᠠᠭ᠄
2024/3/27
     ᠣᠶᠢᠷ᠎ᠠ ᠶᠢᠨ ᠵᠢᠯ ᠳᠤ᠂ ᠵᠠᠷᠤᠳ ᠬᠤᠰᠢᠭᠤᠨ ᠤ ᠯᠦᠪᠧᠢ ᠪᠠᠯᠭᠠᠰᠤᠨ ᠤ ᠰᠢᠶᠣᠣ ᠾᠧᠢ ᠱᠠᠨ ᠲᠣᠰᠬᠤᠨ ᠤ ᠶᠢᠦ ᠶᠤᠸᠠᠨ ᠰᠦᠨ ᠤ ᠪᠦᠲᠦᠭᠡᠭᠳᠡᠬᠦᠨ ᠪᠣᠯᠪᠠᠰᠤᠷᠠᠭᠤᠯᠬᠤ ᠦᠢᠯᠡᠳᠪᠦᠷᠢ ᠶᠢᠨ ᠬᠢᠨ ᠴᠠᠭᠠᠨ ᠢᠳᠡᠭᠡᠨ ᠤ ᠠᠵᠤ ᠦᠢᠯᠡᠰ ᠢ ᠬᠥᠭᠵᠢᠭᠦᠯᠬᠦ ᠪᠠᠷ ᠠᠵᠠ ᠲᠣᠬᠢᠶᠠᠯ ᠪᠣᠯᠭᠠᠵᠤ᠂ ᠰᠢᠶᠣᠣ ᠾᠧᠢ ᠱᠠᠨ ᠲᠣᠰᠬᠤᠨ ᠤ ᠮᠠᠯ ᠠᠵᠤ ᠠᠬᠤᠢ ᠶᠢᠨ ᠥᠪᠡᠷᠮᠢᠴᠡ ᠳᠠᠪᠠᠭᠤᠯᠢᠭ ᠲᠤ ᠲᠦᠰᠢᠭᠯᠡᠨ᠂ ᠡᠵᠡᠩᠨᠡᠯᠲᠡ ᠶᠢᠨ ᠬᠡᠯᠪᠡᠷᠢ ᠨᠢ ᠵᠦᠢ ᠵᠣᠬᠢᠰᠲᠠᠢ᠂ ᠦᠷ᠎ᠡ ᠠᠰᠢᠭ ᠨᠢ ᠢᠯᠡᠷᠬᠡᠢ᠂ ᠠᠮᠢ ᠠᠬᠤᠢ ᠨᠢ ᠰᠢᠯᠢᠳᠡᠭ ᠰᠠᠶᠢᠨ ᠣᠨᠴᠠᠯᠢᠭᠲᠤ ᠪᠦᠲᠦᠭᠡᠭᠳᠡᠬᠦᠨ ᠢ ᠡᠭᠦᠳᠴᠦ᠂ ᠣᠨᠴᠠᠯᠢᠭᠲᠤ ᠴᠠᠭᠠᠨ ᠢᠳᠡᠭᠡᠨ ᠢ ︽ᠵᠢᠵᠢᠭ ᠣᠨᠴᠠ ᠭᠠᠷᠤᠯᠲᠠ︾ ᠪᠠᠶᠢᠭᠰᠠᠨ ᠠᠴᠠ ᠪᠠᠨ ︽ᠲᠣᠮᠣ ᠠᠵᠤ ᠦᠢᠯᠡᠰ ︾ ᠪᠣᠯᠭᠠᠨ ᠲᠡᠰ ᠳᠡᠪᠰᠢᠭᠦᠯᠵᠦ᠂ ᠬᠥᠳᠡᠭᠡ ᠲᠣᠰᠬᠤᠨ ᠤ ᠰᠠᠶᠢᠨ ᠰᠠᠶᠢᠬᠠᠨ ᠠᠮᠢᠳᠤᠷᠠᠯ ᠳᠤ ᠬᠦᠴᠦᠨ ᠨᠡᠮᠡᠷᠢᠯᠡᠪᠡ᠃     ᠰᠢᠶᠣᠣ ᠾᠧᠢ ᠱᠠᠨ ᠲᠣᠰᠬᠤᠨ ᠤ ᠶᠢᠦ ᠶᠤᠸᠠᠨ ᠰᠦᠨ ᠤ ᠪᠦᠲᠦᠭᠡᠭᠳᠡᠬᠦᠨ ᠪᠣᠯᠪᠠᠰᠤᠷᠠᠭᠤᠯᠬᠤ ᠦᠢᠯᠡᠳᠪᠦᠷᠢ ᠳᠤ ᠣᠷᠣᠬᠤ ᠳᠤ᠂ ᠦᠢᠯᠡᠳᠪᠦᠷᠢ ᠶᠢᠨ ᠲᠠᠰᠤᠭ ᠲᠤ ᠰᠦ ᠶᠢᠨ ᠦᠨᠦᠷ ᠬᠠᠩᠬᠤᠯᠵᠤ ᠪᠠᠶᠢᠯ᠎ᠠ᠃ ᠡᠭᠡᠳᠡᠭᠰᠡᠨ ᠰᠦ ᠪᠣᠯᠪᠠᠰᠤᠷᠠᠭᠤᠯᠬᠤ ᠠᠵᠢᠯ ᠢ ᠥᠨᠳᠥᠷ ᠪᠦᠲᠦᠮᠵᠢᠲᠡᠶ ᠪᠠᠷ ᠶᠠᠪᠤᠭᠳᠠᠭᠤᠯᠵᠤ᠂ ᠤᠷᠢᠳᠴᠢᠯᠠᠨ ᠰᠢᠢᠳᠪᠦᠷᠢᠯᠡᠬᠦ᠂ ᠰᠠᠪᠠᠯᠠᠬᠤ᠂ ᠪᠣᠭᠤᠳᠠᠯᠯᠠᠬᠤ ᠵᠡᠷᠭᠡ ᠭᠤᠭᠴᠤᠭ᠎ᠠ ᠨᠢ ᠮᠢᠨᠦ᠋ᠲ ᠰᠧᠺᠦ᠋ᠨ᠋ᠳ᠋ ᠴᠦ ᠵᠣᠭᠰᠣᠯ ᠦᠭᠡᠢ ᠶᠠᠪᠤᠭᠳᠠᠵᠤ᠂ ᠯᠠᠰᠠ ᠰᠠᠪᠠᠨ ᠳᠤ ᠰᠠᠪᠠᠯᠠᠭᠰᠠᠨ ᠡᠭᠡᠳᠡᠭᠰᠡᠨ ᠰᠦ ᠨᠢ ᠳᠠᠮᠵᠢᠭᠤᠯᠬᠤ ᠪᠦᠰᠡᠨ ᠳᠡᠭᠡᠷ᠎ᠡ ᠰᠢᠯᠵᠢᠵᠦ᠂ ᠠᠵᠢᠯᠴᠢᠳ ᠪᠣᠯᠪᠠᠰᠤᠷᠠᠩᠭᠤᠢ ᠪᠠᠷ ᠡᠭᠡᠳᠡᠭᠰᠡᠨ ᠰᠦ ᠪᠠᠨ ᠰᠠᠯᠭᠠᠨ ᠰᠠᠪᠠᠯᠠᠵᠤ᠂ ᠰᠦ ᠶᠢᠨ ᠦᠨᠦᠷ ᠬᠠᠩᠬᠤᠯᠵᠤ ᠪᠠᠶᠢᠯ᠎ᠠ᠂ ᠡᠨᠡ ᠪᠣᠯ ᠲᠤᠬᠠᠢ ᠶᠢᠨ ᠭᠠᠵᠠᠷ ᠤᠨ ᠬᠥᠮᠥᠰ ᠤᠨ ᠬᠠᠮᠤᠭ ᠤᠨ ᠰᠠᠶᠢᠨ ᠮᠡᠳᠡᠳᠡᠭ ᠦᠨᠦᠷ ᠠᠮᠲᠠ ᠪᠣᠯᠬᠤ ᠪᠥᠭᠡᠳ ᠲᠤᠬᠠᠢ ᠶᠢᠨ ᠭᠠᠵᠠᠷ ᠤᠨ ᠴᠠᠭᠠᠨ ᠢᠳᠡᠭᠡᠨ ᠤ ᠥᠪᠡᠷᠮᠢᠴᠡ ᠦᠨᠦᠷ ᠠᠮᠲᠠ ᠪᠣᠯᠬᠤ ᠶᠤᠮ᠃     ᠣᠶᠢᠯᠠᠭᠠᠭᠰᠠᠨ ᠢᠶᠠᠷ᠂ ᠬᠤᠰᠢᠭᠤᠨ ᠤ ᠪᠠᠨ ᠡᠭᠡᠳᠡᠭᠰᠡᠨ ᠰᠦ ᠶᠢᠨ ᠠᠵᠢᠯ ᠲᠥᠷᠥᠯ ᠤᠨ ᠭᠠᠷᠮᠠᠭᠠᠢ ᠬᠥᠮᠥᠨ ᠪᠣᠯᠤᠭᠰᠠᠨ ᠤ ᠬᠤᠪᠢ ᠳᠤ᠂ ᠰᠢᠶᠣᠣ ᠾᠧᠢ ᠱᠠᠨ ᠲᠣᠰᠬᠤᠨ ᠤ ᠶᠢᠦ ᠶᠤᠸᠠᠨ ᠰᠦᠨ ᠤ ᠪᠦᠲᠦᠭᠡᠭᠳᠡᠬᠦᠨ ᠪᠣᠯᠪᠠᠰᠤᠷᠠᠭᠤᠯᠬᠤ ᠦᠢᠯᠡᠳᠪᠦᠷᠢ ᠶᠢᠨ ᠬᠢᠨ ᠣᠶᠢᠷ᠎ᠠ ᠶᠢᠨ ᠬᠤᠭᠤᠴᠠᠭᠠᠨ ᠳᠤ ᠰᠢᠨ᠎ᠡ ᠦᠢᠯᠡᠳᠬᠦᠨ ︽ᠮᠠ ᠡᠦ ᠡᠦ︾ ᠡᠭᠡᠳᠡᠭᠰᠡᠨ ᠰᠦ ᠦᠢᠯᠡᠳᠴᠦ᠂ ᠵᠠᠬ᠎ᠠ ᠳᠡᠯᠭᠡᠭᠦᠷ ᠲᠤ ᠭᠠᠷᠤᠮᠠᠭᠴᠠ ᠬᠡᠷᠡᠭᠯᠡᠭᠴᠢᠳ ᠤᠨ ᠢᠲᠡᠭᠡᠯ ᠢ ᠣᠯᠵᠤ᠂ ᠦᠢᠯᠡᠳᠬᠦᠨ ᠤ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠦᠭᠡᠢ ᠪᠣᠯᠤᠭᠰᠠᠨ ᠪᠠᠶᠢᠨ᠎ᠠ᠃     ︽ᠣᠳᠣᠬᠠᠨ ᠳᠤ ᠮᠠᠨ ᠤ ᠡᠳᠦᠷ ᠤᠨ ᠰᠦᠨ ᠤ ᠭᠠᠷᠤᠯᠲᠠ 5  ᠠᠴᠠ 6 ᠲᠣᠨ ᠳᠤ ᠬᠦᠷᠦᠭᠰᠡᠨ ᠪᠣᠯᠪᠠᠴᠤ᠂ ᠮᠥᠨ ᠬᠦ ᠬᠡᠷᠡᠭᠴᠡᠭᠡ  ᠶᠢ ᠬᠠᠩᠭᠠᠵᠤ ᠳᠡᠶᠢᠯᠬᠦ ᠦᠭᠡᠢ ᠪᠠᠶᠢᠳᠠᠯ ᠳᠤ ᠪᠠᠶᠢᠭᠰᠠᠭᠠᠷ᠂ ᠠᠵᠢᠯᠴᠢᠳ ᠡᠳᠦᠷ ᠪᠦᠷᠢ ᠴᠠᠭ ᠨᠡᠮᠡᠵᠦ ᠠᠵᠢᠯᠯᠠᠵᠤ ᠪᠠᠶᠢᠨ᠎ᠠ᠂ ᠡᠨᠡ ᠵᠢᠯ ᠤᠨ ᠬᠤᠳᠠᠯᠳᠤᠨ ᠠᠪᠤᠭᠰᠠᠨ ᠰᠢᠨ᠎ᠡ ᠲᠣᠨᠤᠭ ᠲᠥᠬᠦᠭᠡᠷᠦᠮᠵᠢ ᠬᠦᠷᠴᠦ ᠢᠷᠡᠭᠰᠡᠨ ᠤ ᠳᠠᠷᠠᠭ᠎ᠠ ᠵᠠᠬ᠎ᠠ ᠳᠡᠯᠭᠡᠭᠦᠷ ᠤᠨ ᠬᠠᠩᠭᠠᠯᠭ᠎ᠠ  ᠶᠢᠨ ᠬᠡᠮᠵᠢᠶ᠎ᠡ  ᠶᠢ ᠬᠠᠩᠭᠠᠵᠤ ᠴᠢᠳᠠᠬᠤ ᠪᠣᠯᠣᠨ᠎ᠠ᠃︾ ᠭᠡᠵᠦ ᠲᠤᠰ ᠪᠣᠯᠪᠠᠰᠤᠷᠠᠭᠤᠯᠬᠤ ᠦᠢᠯᠡᠳᠪᠦᠷᠢ ᠶᠢᠨ ᠬᠠᠷᠢᠭᠤᠴᠠᠯᠭᠠᠲᠠᠨ ᠮᠠ ᠰᠢ ᠵᠢᠶᠦ᠋ᠨ ᠲᠠᠨᠢᠯᠴᠠᠭᠤᠯᠪᠠ᠃     ᠪᠠᠶᠠᠷᠯᠠᠭᠤᠰᠢᠲᠠᠢ ᠨᠢ ᠪᠣᠷᠤᠯᠠᠭᠤᠯᠭ᠎ᠠ ᠶᠢᠨ ᠬᠡᠮᠵᠢᠶ᠎ᠡ ᠨᠢ ᠨᠡᠮᠡᠭᠳᠡᠬᠦ ᠶᠢ ᠳᠠᠭᠠᠯᠳᠣᠨ ᠬᠥᠳᠡᠯᠮᠦᠷᠢ ᠶᠢᠨ ᠬᠦᠴᠦᠨ ᠢ ᠬᠡᠷᠡᠭᠰᠡᠬᠦ ᠬᠡᠮᠵᠢᠶ᠎ᠡ ᠴᠤ ᠨᠡᠮᠡᠭᠳᠡᠵᠦ ᠣᠶᠢᠷ᠎ᠠ ᠬᠠᠪᠢ ᠶᠢᠨ ᠭᠠᠴᠠᠭᠠᠨ ᠤ ᠠᠷᠠᠳ ᠲᠤ ᠣᠶᠢᠷ᠎ᠠ ᠬᠠᠪᠢ ᠳᠠᠭᠠᠨ ᠬᠥᠯᠥᠰᠦᠨ ᠠᠵᠢᠯ ᠬᠢᠬᠦ ᠳᠤ ᠳᠥᠭᠦᠮ ᠦᠵᠡᠭᠦᠯᠪᠡ᠃ ᠲᠣᠰᠬᠤᠨ ᠤ ᠠᠷᠠᠳ ᠳ᠋ᠧᠩ ᠰᠢᠸ ᠯᠢᠶᠠᠨ ᠶᠢᠦ ᠶᠤᠸᠠᠨ ᠰᠦᠨ ᠤ ᠪᠦᠲᠦᠭᠡᠭᠳᠡᠬᠦᠨ ᠪᠣᠯᠪᠠᠰᠤᠷᠠᠭᠤᠯᠬᠤ ᠦᠢᠯᠡᠳᠪᠦᠷᠢ ᠪᠠᠶᠢᠭᠤᠯᠤᠭᠳᠠᠬᠤ ᠶᠢᠨ ᠡᠬᠢᠨ ᠤ ᠦᠶ᠎ᠡ ᠳᠤ ᠠᠳᠡ ᠢᠷᠡᠵᠦ ᠠᠵᠢᠯᠯᠠᠪᠠ᠃ ᠲᠡᠷᠡ ᠪᠠᠶᠠᠷᠲᠠᠢ ᠪᠠᠷ᠂ ︽ᠪᠢᠳᠡ ᠭᠠᠳᠠᠭᠰᠢ ᠭᠠᠷᠴᠤ ᠠᠵᠢᠯ ᠬᠢᠬᠦ ᠬᠡᠷᠡᠭ ᠦᠭᠡᠢ ᠮᠥᠷᠲᠡᠭᠡᠨ ᠪᠠᠰᠠ ᠭᠡᠷ ᠤᠨ ᠡᠭᠦᠳᠡᠨ ᠳᠤ ᠪᠠᠨ ᠠᠵᠢᠯ ᠣᠯᠬᠤ ᠶᠢ ᠪᠡᠶᠡᠯᠡᠭᠦᠯᠵᠦ᠂ ᠪᠢᠳᠡᠨ ᠤ ᠠᠮᠢᠳᠤᠷᠠᠯ ᠳᠤ ᠲᠤᠶᠢᠯ ᠤᠨ ᠶᠡᠭᠡ ᠲᠦᠭᠦᠮ ᠦᠵᠡᠭᠦᠯᠪᠡ᠃︾ ᠭᠡᠵᠦ ᠬᠡᠯᠡᠪᠡ᠃      ᠰᠢᠶᠣᠣ ᠾᠧᠢ ᠱᠠᠨ ᠤ ᠶᠢᠦ ᠶᠤᠸᠠᠨ ᠰᠦᠨ ᠤ ᠪᠦᠲᠦᠭᠡᠭᠳᠡᠬᠦᠨ ᠪᠣᠯᠪᠠᠰᠤᠷᠠᠭᠤᠯᠬᠤ ᠦᠢᠯᠡᠳᠪᠦᠷᠢ ᠶᠢ 2021 ᠣᠨ ᠤ 6 ᠰᠠᠷ᠎ᠠ ᠠᠴᠠ ᠡᠬᠢᠯᠡᠨ ᠪᠠᠶᠢᠭᠤᠯᠵᠤ᠂ ᠶᠡᠷᠦᠩᠬᠡᠢ ᠪᠡᠯᠡ ᠣᠷᠣᠭᠤᠯᠤᠯᠲᠠ ᠨᠢ 480 ᠭᠠᠷᠤᠢ ᠲᠦᠮᠡᠨ ᠲᠥᠭᠦᠷᠢᠭ ᠬᠦᠷᠴᠦ᠂ ᠪᠠᠷᠢᠯᠭ᠎ᠠ ᠶᠢᠨ ᠶᠡᠷᠦᠩᠬᠡᠢ ᠲᠠᠯᠠᠪᠠᠢ ᠨᠢ 1800 ᠲᠡᠭᠰᠢ ᠳᠥᠷᠪᠡᠯᠵᠢᠨ ᠮᠧᠲᠷ ᠪᠠᠶᠢᠵᠤ᠂ ᠤᠳᠤ ᠨᠢᠭᠡᠨᠲᠡ ᠡᠭᠡᠳᠡᠭᠰᠡᠨ ᠰᠦ ᠦᠢᠯᠡᠳᠪᠦᠷᠢᠯᠡᠬᠦ ᠲᠠᠰᠤᠭ᠂ ᠬᠠᠳᠠᠭᠠᠭᠰᠠᠨ ᠦᠷᠦᠮ᠎ᠡ ᠦᠢᠯᠡᠳᠪᠦᠷᠢ ᠲᠠᠰᠤᠭ᠂ ᠬᠥᠯᠳᠡᠭᠡᠬᠦ ᠬᠥᠮᠥᠷᠭᠡ᠂ ᠰᠢᠨ᠎ᠡ ᠰᠣᠷᠭᠤᠭ ᠪᠠᠶᠢᠯᠭᠠᠬᠤ ᠬᠥᠮᠥᠷᠭᠡ ᠵᠡᠷᠭᠡ ᠰᠠᠭᠤᠷᠢ ᠲᠥᠬᠦᠭᠡᠷᠦᠮᠵᠢ ᠶᠢ ᠪᠠᠶᠢᠭᠤᠯᠵᠤ᠂ ᠵᠢᠯ ᠤᠨ ᠡᠵᠡᠩᠨᠡᠯᠲᠡ ᠶᠢᠨ ᠨᠤᠷᠮ᠎ᠠ ᠨᠢ 300 ᠭᠠᠷᠤᠢ ᠲᠦᠮᠡᠨ ᠲᠥᠭᠦᠷᠢᠭ᠂ ᠠᠰᠢᠭ ᠬᠤᠨᠵᠢᠪᠤᠷᠢ  ᠨᠢ 60 ᠭᠠᠷᠤᠢ ᠲᠦᠮᠡᠨ ᠲᠥᠭᠦᠷᠢᠭ ᠲᠤ ᠬᠦᠷᠴᠦ᠂ ᠦᠢᠯᠡᠳᠬᠦᠨ ᠤ ᠵᠠᠬ᠎ᠠ ᠳᠡᠯᠭᠡᠭᠦᠷ ᠤᠨ ᠢᠷᠡᠭᠡᠳᠦᠢ ᠰᠠᠷᠠᠭᠤᠯ ᠠᠭᠤᠳᠠᠮ ᠪᠠᠶᠢᠨ᠎ᠠ᠃     ᠮᠠ ᠰᠢ ᠵᠢᠶᠦ᠋ᠨ ᠲᠠᠷᠠᠭᠠᠴᠢ ᠶᠢᠨ ᠠᠯᠬᠤᠮ ᠤᠨ ᠲᠥᠯᠥᠪᠯᠡᠭᠡ ᠶᠢᠨ ᠲᠤᠬᠠᠢ ᠶᠠᠷᠢᠬᠤ ᠳᠠᠭᠠᠨ᠄ ︽ᠲᠠᠷᠠᠭᠠᠴᠢ ᠶᠢᠨ ᠠᠯᠬᠤᠮ ᠳᠤ ᠪᠢᠳᠡ ᠦᠢᠯᠡᠳᠪᠦᠷᠢᠯᠡᠯ ᠤᠨ ᠬᠡᠪᠴᠢᠶ᠎ᠡ ᠪᠠᠨ ᠤᠯᠠᠮ ᠨᠢᠭᠡ ᠠᠯᠬᠤᠮ ᠥᠷᠭᠡᠳᠬᠡᠵᠦ᠂ ᠵᠠᠬ᠎ᠠ ᠳᠡᠯᠭᠡᠭᠦᠷ ᠤᠨ ᠬᠠᠩᠭᠠᠯᠭ᠎ᠠ ᠶᠢᠨ ᠬᠡᠮᠵᠢᠶ᠎ᠡ ᠪᠠᠨ ᠥᠷᠭᠡᠳᠬᠡᠨ᠂ ᠥᠪᠡᠷ ᠤᠨ ︿ᠮᠠ ᠡᠦ ᠡᠦ﹀ ᠡᠭᠡᠳᠡᠭᠰᠡᠨ ᠰᠦ ᠶᠢᠨ ᠨᠠᠷᠠᠲᠤ ᠲᠡᠮᠳᠡᠭ ᠢᠶᠠᠨ ᠡᠭᠦᠳᠴᠦ᠂ ᠪᠥᠬᠦ ᠤᠯᠤᠰ ᠤᠨ ᠠᠷᠠᠳ ᠲᠦᠮᠡᠨ ᠳᠤ ᠠᠮᠲᠠᠲᠤ ᠰᠠᠶᠢᠬᠠᠨ ᠡᠭᠡᠳᠡᠭᠰᠡᠨ ᠰᠦ ᠢᠳᠡᠭᠦᠯᠦᠨ᠎ᠡ︾ ᠭᠡᠪᠡ᠃ 
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号