| ᠤᠢᠢᠷ᠎ᠠ ᠶᠢᠨ ᠡᠳᠦᠷ᠂ ᠵᠠᠷᠤᠳ ᠬᠤᠰᠢᠭᠤᠨ ᠤ ᠵᠠᠬᠠᠨᠠᠭᠤᠷ ᠵᠠᠳᠠᠭᠠᠢ ᠨᠡᠭᠦᠷᠡᠰᠦᠨ ᠠᠭᠤᠷᠬᠠᠢ ᠬᠢᠨ | ᠠᠵᠢᠯᠲᠠᠳ ᠢᠶᠠᠨ ᠵᠣᠬᠢᠶᠠᠨ ᠪᠠᠶᠢᠭᠤᠯᠵᠤ᠂ ᠨᠠᠯᠠᠤ ᠬᠥᠷᠥᠰᠥ ᠶᠢ ᠰᠡᠷᠭᠦᠭᠡᠨ ᠵᠠᠰᠠᠬᠤ ᠠᠵᠢᠯ ᠢ ᠶᠠᠭᠠᠷᠠᠯᠲᠠᠢ ᠬᠢᠵᠦ᠂ | ᠤᠳᠠᠯ ᠦᠭᠡᠢ ᠬᠦᠷᠴᠦ ᠢᠷᠡᠬᠦ ᠭᠡᠵᠦ ᠪᠠᠶᠢᠭ᠎ᠠ ᠠᠭᠤᠷᠬᠠᠢ ᠶᠢᠨ ᠠᠮᠢ ᠠᠬᠤᠢ ᠶᠢ ᠰᠡᠷᠭᠦᠭᠡᠬᠦ ᠤᠷᠬᠢᠯ ᠤᠨ | ᠬᠤᠭᠤᠴᠠᠭᠠᠨ ᠳᠤ ᠪᠡᠯᠡᠳᠬᠡᠯ ᠬᠢᠵᠦ᠂ ᠤᠯᠠᠨ ᠨᠠᠰᠤᠲᠤ ᠡᠪᠡᠰᠦ ᠶᠢ ᠲᠦᠷᠭᠡᠨ ᠦᠨᠳᠦᠰᠦᠯᠡᠭᠦᠯᠦᠨ | ᠰᠣᠶᠣᠭᠠᠯᠠᠭᠤᠯᠬᠤ ᠪᠠᠷ ᠴᠢᠷᠮᠠᠶᠢᠵᠤ ᠪᠠᠶᠢᠨ᠎ᠠ᠃ | ᠤᠢᠢᠷ᠎ᠠ ᠶᠢᠨ ᠵᠢᠯ ᠠᠴᠠ᠂ ᠵᠠᠬᠠᠨᠠᠭᠤᠷ ᠵᠠᠳᠠᠭᠠᠢ ᠨᠡᠭᠦᠷᠡᠰᠦᠨ ᠠᠭᠤᠷᠬᠠᠢ ︽ᠨᠡᠭᠡᠭᠡᠨ ᠮᠠᠯᠲᠠᠬᠤ ᠶᠢᠨ ᠳᠠᠭᠠᠤ | ᠵᠠᠰᠠᠬᠤ᠂ ᠵᠠᠰᠠᠵᠤ ᠰᠡᠷᠭᠦᠭᠡᠬᠦ᠂ ᠰᠠᠶᠢᠵᠢᠷᠠᠭᠤᠯᠬᠤ︾ ᠠᠮᠢ ᠠᠬᠤᠢ ᠶᠢᠨ ᠵᠠᠰᠠᠯᠲᠠ ᠶᠢᠨ ᠤᠢᠢᠯᠠᠭᠠᠭᠳᠠᠬᠤᠨ ᠢ ᠡᠷᠡᠰ | ᠦᠢᠯᠡᠳᠦᠯᠭᠡᠵᠢᠭᠦᠯᠵᠦ᠂ ᠮᠠᠭᠤᠬᠠᠢ ᠠᠭᠤᠷ ᠠᠮᠢᠰᠬᠤᠯ ᠪᠣᠯᠤᠨ ᠲᠠᠴᠢᠷ ᠬᠥᠷᠥᠰᠥᠨ ᠤ ᠡᠮᠦᠨ᠎ᠡ᠂ ᠨᠡᠭᠦᠷᠡᠰᠦᠨ | ᠠᠭᠤᠷᠬᠠᠢ ︽ᠭᠠᠵᠠᠷ ᠣᠷᠣᠨ ᠤ ᠪᠠᠶᠢᠳᠠᠯ ᠳᠠᠭᠠᠨ ᠲᠤᠬᠢᠷᠠᠭᠤᠯᠬᠤ᠂ ᠨᠢᠭᠡ ᠣᠷᠣᠨ ᠳᠤ ᠨᠢᠭᠡ ᠠᠷᠭ᠎ᠠ ᠪᠤᠳᠤᠯᠭ᠎ᠠ | ᠠᠪᠬᠤ᠂ ᠣᠶᠢᠵᠢᠭᠤᠯᠬᠤ ᠳᠤ ᠲᠣᠬᠢᠷᠠᠮᠵᠢᠲᠠᠢ ᠪᠣᠯ ᠣᠶᠢᠵᠢᠭᠤᠯᠬᠤ᠂ ᠡᠪᠡᠰᠦ ᠲᠠᠷᠢᠬᠤ ᠳᠤ ᠲᠣᠬᠢᠷᠠᠮᠵᠢᠲᠠᠢ ᠪᠣᠯ | ᠡᠪᠡᠰᠦ ᠲᠠᠷᠢᠬᠤ》ᠵᠠᠷᠴᠢᠮ ᠢ ᠵᠢᠷᠤᠮᠯᠠᠵᠤ᠂ ᠤᠷᠭᠤᠮᠠᠯ ᠤᠨ ᠤᠷᠭᠤᠯᠲᠠ ᠶᠢᠨ ᠣᠨᠴᠠᠯᠢᠭ ᠲᠠᠢ ᠤᠶᠠᠯᠳᠤᠭᠤᠯᠤᠨ᠂ | ᠬᠦᠢᠳᠡᠨ ᠳᠤ ᠲᠡᠰᠪᠦᠷᠢᠲᠡᠢ᠂ ᠭᠠᠩ ᠳᠤ ᠳᠠᠭᠠᠭᠠᠮᠠᠭᠠᠢ ᠪᠥᠭᠡᠳ ᠲᠤᠬᠠᠢ ᠶᠢᠨ ᠭᠠᠵᠠᠷ ᠲᠤ ᠤᠷᠭᠤᠬᠤ ᠳᠤ ᠲᠤᠬᠢᠷᠠᠬᠤ | ᠤᠷᠭᠤᠮᠠᠯ ᠢ ᠰᠣᠩᠭᠤᠨ ᠪᠤᠲᠠ ᠡᠪᠡᠰᠦ ᠮᠣᠳᠣ ᠲᠠᠢ ᠬᠤᠯᠢᠯᠳᠤᠭᠤᠯᠤᠨ ᠲᠠᠷᠢᠵᠤ᠂ ᠴᠡᠴᠡᠷᠯᠢᠭ ᠮᠠᠶ᠋ᠢᠭ ᠤᠨ | ᠦᠢᠯᠡᠳᠪᠦᠷᠢ ᠲᠣᠭᠤᠷᠢᠭ ᠢ ᠪᠠᠶᠢᠭᠤᠯᠬᠤ ᠪᠠᠷ ᠬᠦᠴᠦᠯᠡᠵᠦ ᠪᠤᠢ᠃ | ᠪᠣᠬᠢᠷᠲᠤᠯ ᠥᠬᠡᠶ ᠠᠭᠤᠷᠬᠠᠶ ᠶᠢᠨ ᠪᠥᠲᠥᠭᠡᠨ ᠪᠠᠶᠢᠭᠤᠯᠤᠯᠲᠠ ᠶᠢᠨ ᠲᠠᠯ᠎ᠠ ᠪᠠᠷ᠂ ᠨᠢᠭᠡᠨᠲᠡ 7.5 ᠳ᠋ᠦᠩᠰᠢᠭᠤᠷ | ᠲᠥᠭᠦᠷᠢᠭ ᠤᠨ ᠪᠠᠯᠠ ᠣᠷᠣᠭᠤᠯᠵᠤ᠂ 2.53 ᠲᠦᠮᠡᠨ ᠮᠥ ᠲᠠᠯᠠᠪᠠᠶ ᠠᠮᠢ ᠠᠬᠤᠶ ᠶᠢ ᠵᠠᠰᠠᠨ ᠰᠡᠷᠭᠦᠭᠡᠵᠦ᠂ 30.8 | ᠲᠦᠮᠡᠨ ᠮᠧᠲᠷ ᠤᠰᠤ ᠬᠠᠩᠭᠠᠬᠤ ᠬᠤᠭᠤᠯᠠᠶ ᠤᠭᠰᠠᠷᠠᠵᠤ᠂ 9 ᠤᠰᠤ ᠬᠠᠳᠠᠭᠠᠯᠠᠬᠤ ᠴᠥᠭᠦᠷᠥᠮ ᠢ ᠪᠠᠶᠢᠭᠤᠯᠪᠠ᠃ | ᠠᠭᠤᠷᠬᠠᠶ ᠶᠢᠨ ᠣᠷᠣᠨ ᠤ ᠭᠠᠵᠠᠷ ᠰᠢᠷᠣᠶ ᠶᠢ ᠰᠡᠷᠭᠦᠭᠡᠭᠰᠡᠨ ᠨᠣᠷᠮ᠎ᠠ 100% ᠳᠤ ᠬᠦᠷᠴᠦ᠂ ᠰᠢᠷᠣᠶ ᠮᠠᠯᠳᠠᠬᠤ | ᠲᠠᠯᠠᠪᠠᠶ ᠶᠢᠨ ᠳᠤᠮᠳᠠᠴᠢ ᠤᠷᠭᠤᠮᠠᠯ ᠤᠨ ᠬᠤᠴᠢᠯᠭ᠎ᠠ ᠶᠢᠨ ᠪᠦᠷᠬᠦᠴᠡ 90% ᠳᠤ ᠬᠦᠷᠴᠦ᠂ ᠪᠥᠬᠦ ᠤᠯᠤᠰ ᠤᠨ | ᠨᠤᠲᠤᠭ ᠪᠡᠯᠴᠢᠭᠡᠷ ᠤᠨ ᠶᠡᠷᠦᠩᠬᠡᠶᠢᠯᠡᠭᠰᠡᠨ ᠤᠷᠭᠤᠮᠠᠯ ᠤᠨ ᠬᠤᠴᠢᠯᠭ᠎ᠠ ᠶᠢᠨ ᠪᠦᠷᠬᠦᠴᠡ ᠠᠴᠠ 34%ᠥᠨᠳᠥᠷ | ᠪᠣᠯᠵᠣ᠂ ᠪᠥᠲᠥᠭᠡᠨ ᠪᠠᠶᠢᠭᠤᠯᠤᠯᠲᠠ ᠶᠢᠨ ᠬᠢᠷᠢ ᠲᠦᠪᠰᠢᠨ ᠨᠢ ᠪᠥᠬᠦ ᠤᠯᠤᠰ ᠤᠨ ᠡᠮᠦᠨ᠎ᠡ ᠡᠩᠨᠡᠭᠡᠨ ᠳᠤ ᠣᠷᠣᠪᠠ᠃ | | ᠵᠠᠬᠠᠨᠠᠭᠤᠷ ᠨᠡᠭᠦᠷᠡᠰᠦᠨ ᠤ ᠠᠵᠤ ᠦᠢᠯᠡᠰ ᠨᠢ ᠴᠢᠬᠤᠯᠠ ᠡᠨᠧᠷᠭᠢ ᠶᠢᠨ ᠰᠠᠭᠤᠷᠢᠨ ᠭᠠᠵᠠᠷ ᠪᠣᠯᠤᠭᠰᠠᠨ ᠤ | ᠬᠤᠪᠢ ᠳᠤ᠂ ᠬᠠᠬᠢᠷ ᠬᠦᠢᠲᠡᠨ ᠭᠠᠵᠠᠷ ᠣᠷᠣᠨ ᠤ ᠪᠣᠬᠢᠷᠲᠤᠯ ᠦᠭᠡᠢ ᠠᠭᠤᠷᠬᠠᠢ ᠶᠢᠨ ᠬᠡᠪ ᠳᠠᠭᠤᠷᠢᠶᠠᠯ ᠢ ᠪᠤᠢ | ᠪᠣᠯᠭᠠᠬᠤ ᠪᠠᠷ ᠬᠠᠷᠠᠯᠲᠠ ᠪᠣᠯᠭᠠᠵᠤ᠂ ︽ᠢᠨᠵᠧᠨᠧᠷᠢᠩ ᠤᠨ ᠠᠷᠭ᠎ᠠ ᠬᠡᠮᠵᠢᠶ᠎ᠡ ᠪᠠᠷ ᠲᠣᠭᠲᠠᠪᠣᠷᠢᠵᠢᠭᠤᠯᠬᠤ᠂ ᠠᠮᠢᠳᠤ | ᠪᠣᠳᠠᠰ ᠤᠨ ᠠᠷᠭ᠎ᠠ ᠬᠡᠮᠵᠢᠶ᠎ᠡ ᠪᠠᠷ ᠦᠨᠳᠦᠰᠦ ᠶᠢ ᠪᠠᠬᠢᠵᠢᠭᠦᠯᠬᠦ᠂ ᠤᠷᠭᠤᠮᠠᠯ ᠬᠤᠴᠢᠯᠭ᠎ᠠ ᠶᠢᠨ ᠰᠢᠰᠲ᠋ᠧᠮ ᠢ ᠵᠠᠰᠠᠨ | ᠰᠡᠷᠭᠦᠭᠡᠬᠦ᠂ ᠠᠮᠢ ᠠᠬᠤᠢ ᠶᠢᠨ ᠲᠡᠩᠴᠡᠭᠦᠷᠢ ᠶᠢ ᠪᠠᠲᠤᠯᠠᠬᠤ︾ ᠪᠠᠶᠢᠯᠳᠤᠬᠤ ᠪᠣᠳᠣᠯᠭ᠎ᠠ ᠶᠢ ᠬᠦᠴᠦᠯᠡᠨ ᠬᠡᠷᠡᠭᠵᠢᠭᠦᠯᠪᠡ | ᠃ ᠢᠨᠵᠧᠨᠧᠷᠢᠩ ᠤᠨ ︽ᠬᠤᠰᠣᠬᠤ᠂ ᠬᠥᠷᠪᠡᠭᠦᠯᠬᠦ᠂ ᠳᠠᠷᠤᠬᠤ︾ ᠪᠠᠷ ᠳᠠᠮᠵᠢᠭᠤᠯᠤᠨ᠂ ᠨᠠᠯᠠᠤ ᠶᠢᠨ ᠥᠨᠴᠥᠭ ᠢ | 20 ᠭᠷᠠᠳᠦ᠋ᠰ ᠣᠷᠴᠢᠮ ᠪᠣᠯᠲᠠᠯ᠎ᠠ ᠪᠠᠭᠠᠰᠬᠠᠵᠤ᠂ ᠨᠣᠬᠠᠶ ᠶᠢᠨ ᠬᠤᠰᠢᠭᠤ᠂ ᠬᠦᠴᠢᠩᠬᠢ ᠵᠡᠷᠭᠡ ᠤᠷᠭᠤᠮᠠᠯ ᠢ | ᠰᠣᠩᠭᠤᠨ ᠬᠥᠷᠥᠰᠥ ᠶᠢ ᠲᠣᠭᠲᠠᠪᠤᠷᠢᠵᠢᠭᠤᠯᠬᠤ᠂ ᠴᠠᠷᠭᠠᠰᠤ᠂ ᠮᠣᠷᠢᠨ ᠬᠤᠨᠴᠢᠷ ᠵᠡᠷᠭᠡ ᠪᠠᠷ ᠬᠥᠷᠥᠰᠥ ᠶᠢ | ᠰᠠᠶᠢᠵᠢᠷᠠᠭᠤᠯᠵᠤ᠂ ᠶᠦᠷᠭᠦᠭ᠂ ᠶᠠᠪᠠᠭᠠᠨ ᠬᠢᠶᠠᠭ ᠵᠡᠷᠭᠡ ᠪᠠᠷ ᠤᠷᠭᠤᠮᠠᠯ ᠤᠨ ᠬᠤᠴᠢᠯᠭ᠎ᠠ ᠶᠢᠨ ᠣᠯᠠᠨ ᠶᠠᠩᠵᠤᠲᠤ | ᠴᠢᠨᠠᠷ ᠢ ᠰᠡᠷᠭᠦᠭᠡᠪᠡ᠃ ᠡᠭᠦᠨ ᠤ ᠬᠠᠮᠲᠤ᠂ ᠣᠷᠭᠠᠨᠢᠭ ᠪᠣᠷᠲᠣᠭᠤᠷ ᠢ ᠰᠠᠴᠤᠨ ᠳᠠᠷᠢᠵᠤ᠂ ᠣᠯᠠᠨ ᠵᠦᠢᠯ ᠤᠨ | ᠰᠦᠷᠴᠢᠨ ᠤᠰᠤᠯᠠᠬᠤ ᠠᠷᠭ᠎ᠠ ᠬᠡᠮᠵᠢᠶ᠎ᠡ ᠶᠢ ᠨᠡᠶᠢᠯᠡᠭᠦᠯᠦᠨ᠂ ᠵᠤᠷᠪᠤᠰᠯᠠᠨ ᠳᠠᠷᠢᠬᠤ᠂ ᠰᠠᠴᠤᠵᠤ ᠳᠠᠷᠢᠬᠤ᠂ | ᠵᠢᠯᠣᠭᠤᠴᠢ ᠥᠬᠡᠶ ᠨᠢᠰᠬᠡᠯ ᠢᠶᠠᠷ ᠳᠠᠷᠢᠬᠤ ᠵᠡᠷᠭᠡ ᠤᠷ᠎ᠠ ᠮᠡᠷᠭᠡᠵᠢᠯ ᠢ ᠬᠡᠷᠡᠭᠯᠡᠬᠦ ᠶᠢᠨ ᠬᠠᠮᠲᠤ᠂ ᠨᠥᠬᠦᠵᠦ ᠳᠠᠷᠢᠬᠤ | ᠵᠡᠷᠭᠡ ᠠᠵᠢᠯ ᠢ ᠰᠠᠶᠢᠲᠤᠷ ᠬᠢᠵᠦ᠂ ᠠᠮᠢ ᠠᠬᠤᠶ ᠶᠢᠨ ᠰᠢᠰᠲ᠋ᠧᠮ ᠤᠨ ᠠᠶᠠᠨᠳᠠᠭᠠᠨ ᠤ ᠰᠣᠯᠢᠭᠳᠠᠯ ᠢ ᠠᠬᠢᠭᠤᠯᠵᠤ᠂ ︽ | ᠥᠪᠡᠰᠦᠪᠡᠨ ᠬᠠᠮᠠᠭᠠᠯᠠᠬᠤ᠂ ᠠᠷᠠᠴᠢᠯᠠᠬᠤ ᠴᠢᠬᠤᠯᠠ ᠦᠭᠡᠢ︾ ᠳᠠᠰᠢ ᠣᠷᠣᠭᠰᠢᠯᠠᠵᠤ ᠪᠤᠢ᠃ | ᠨᠡᠭᠦᠷᠡᠰᠦᠨ ᠠᠭᠤᠷᠬᠠᠶ ᠪᠣᠬᠢᠷᠳᠣᠯ ᠦᠭᠡᠢ ᠪᠣᠯᠣᠭᠰᠠᠨ ᠤ ᠳᠠᠷᠠᠭ᠎ᠠ᠂ ᠠᠮᠢ ᠠᠬᠤᠶ ᠶᠢᠨ ᠪᠦᠲᠦᠭᠡᠨ | ᠪᠠᠶᠢᠭᠤᠯᠤᠯᠲᠠ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠪᠡ᠃ ᠬᠢᠨᠠᠨ ᠬᠡᠮᠵᠢᠯᠲᠡ᠂ ᠵᠠᠳᠠᠯᠤᠯᠲᠠ ᠪᠠ | ᠲᠤᠷᠰᠢᠯᠲᠠ ᠪᠠᠷ ᠳᠡᠮᠵᠢᠨ᠂ ᠲᠣᠰ ᠭᠠᠵᠠᠷ ᠲᠤ ᠳᠣᠭᠢᠷᠠᠬᠤ 4 ᠲᠥᠷᠦᠯ ᠤᠨ 10 ᠭᠠᠷᠤᠶ ᠵᠦᠢᠯ ᠤᠨ ᠡᠪᠡᠰᠦᠯᠢᠭ | ᠤᠷᠭᠤᠮᠠᠯ ᠢ ᠰᠣᠩᠭᠤᠨ ᠭᠠᠷᠭᠠᠵᠤ᠂ ᠤᠷᠭᠤᠮᠠᠯ ᠤᠨ ᠬᠤᠴᠢᠯᠭ᠎ᠠ ᠶᠢᠨ ᠲᠥᠷᠥᠯ 29 ᠵᠦᠢᠯ ᠪᠣᠯᠵᠣ᠂ ᠡᠷᠬᠢᠨ | ᠲᠣᠭᠤᠷᠢᠨ ᠤ ᠨᠤᠲᠤᠭ ᠪᠡᠯᠴᠢᠭᠡᠷ ᠲᠤ 7 ᠵᠦᠢᠯ ᠤᠨ ᠥᠨᠳᠥᠷ ᠰᠢᠮ᠎ᠡ ᠲᠡᠵᠢᠭᠡᠯᠲᠦ ᠲᠡᠵᠢᠭᠡᠯ ᠡᠪᠡᠰᠦ ᠨᠡᠮᠡᠭᠳᠡᠵᠦ᠂ | ᠮᠥ ᠪᠦᠷᠢ ᠶᠢᠨ ᠴᠢᠭᠢᠭᠯᠢᠭ ᠡᠪᠡᠰᠦ 1.15 ᠲᠣᠨ ᠭᠠᠷᠳᠠᠭ ᠪᠣᠯᠪᠠ᠃ ᠪᠠᠶᠢᠭᠠᠯᠢ ᠶᠢᠨ ᠲᠠᠯ᠎ᠠ ᠨᠤᠲᠤᠭ ᠤᠨ ᠠᠮᠢ | ᠠᠬᠤᠶ ᠶᠢᠨ ᠬᠤᠩᠭᠢᠯ᠂ ᠨᠤᠭᠤ ᠭᠠᠵᠠᠷ ᠪᠠ ᠣᠷᠣᠰᠢᠨ ᠠᠮᠢᠳᠤᠷᠠᠬᠤ ᠭᠠᠵᠠᠷ ᠢ ᠠᠩᠬ᠎ᠠ ᠠᠯᠬᠤᠮ ᠪᠠᠶᠢᠭᠤᠯᠵᠤ᠂ | ᠬᠡᠭᠡᠷ᠎ᠡ ᠶᠢᠨ ᠠᠮᠢᠲᠠᠨ ᠳᠤ ᠰᠠᠶᠢᠨ ᠬᠠᠮᠠᠭᠠᠯᠠᠯᠲᠠ ᠬᠠᠩᠭᠠᠪᠠ᠃ ᠣᠳᠣᠬᠠᠨ ᠳᠤ᠂ ᠰᠢᠷ᠎ᠠ ᠠᠵᠠᠷᠭ᠎ᠠ᠂ ᠥᠳᠥᠨ | ᠲᠣᠭᠤᠷᠤᠤ ᠵᠡᠷᠭᠡ 37 ᠵᠦᠢᠯ ᠤᠨ ᠬᠡᠭᠡᠷ᠎ᠡ ᠶᠢᠨ ᠠᠮᠢᠲᠠᠨ ᠠᠭᠤᠷᠬᠠᠶ ᠳᠤ ︽ᠨᠤᠲᠤᠭᠰᠢᠵᠤ︾᠂ ᠬᠥᠮᠦᠨ ᠪᠠᠶᠢᠭᠠᠯᠢ | ᠡᠶ᠎ᠡ ᠵᠣᠬᠢᠴᠠᠩᠭᠤᠶ ᠪᠠᠷ ᠬᠠᠮᠲᠤ ᠣᠷᠣᠰᠢᠵᠤ᠂ ᠦᠵᠡᠰᠬᠦᠯᠡᠩᠲᠦ ᠰᠠᠶᠢᠬᠠᠨ ᠠᠮᠢ ᠠᠬᠤᠶ ᠶᠢᠨ ᠵᠢᠷᠤᠭ ᠢ | ᠵᠢᠷᠤᠭᠯᠠᠭᠰᠠᠨ ᠪᠠᠶᠢᠨ᠎ᠠ᠃ | | | |