ᠵᠠᠷᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠄ ᠪᠠᠲᠤ ᠰᠠᠬᠢᠬᠤ ᠪᠠᠷ ᠳᠠᠮᠵᠢᠨ ᠦᠵᠡᠰᠬᠦᠯᠡᠩᠲᠦ ᠰᠠᠶᠢᠬᠠᠨ ︽ᠴᠠᠭᠳᠠᠭ᠎ᠠ︾ ᠶᠢᠨ ᠥᠩᠭᠡ ᠵᠢᠷᠤᠭ ᠢ ᠵᠢᠷᠤᠭᠯᠠᠪᠠ
ᠨᠡᠶᠢᠲᠡᠯᠡᠭᠰᠡᠨ ᠴᠠᠭ᠄
2025/5/6
      ︽5.1︾ ᠤ ᠠᠮᠠᠷᠠᠯᠲᠠ ᠶᠢᠨ ᠬᠤᠭᠤᠴᠠᠭᠠᠨ ᠳᠤ᠂ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠬᠠᠮᠢᠶ᠎ᠠ ᠪᠥᠬᠦᠶ ᠰᠠᠯᠠᠭ᠎ᠠ ᠮᠥᠴᠢᠷ ᠢ ᠵᠣᠬᠢᠶᠠᠨ ᠪᠠᠶᠢᠭᠤᠯᠵᠤ ᠴᠡᠭ ᠰᠠᠬᠢᠬᠤ᠂ ᠲᠣᠭᠤᠷᠢᠨ ᠴᠠᠭᠳᠠᠬᠤ᠂ ᠪᠦᠬᠦ ᠤᠷᠤᠨ ᠪᠦᠰᠡ ᠶᠢ ᠡᠵᠡᠮᠳᠡᠬᠦ ᠶᠢ ᠤᠶᠠᠯᠳᠤᠭᠤᠯᠬᠤ ᠠᠷᠭ᠎ᠠ ᠬᠡᠯᠪᠡᠷᠢ ᠶᠢ ᠠᠪᠴᠤ᠂ ᠪᠣᠰᠤᠭ᠎ᠠ ᠴᠣᠭᠴᠠᠲᠤ ᠲᠣᠭᠤᠷᠢᠨ ᠡᠵᠡᠮᠳᠡᠬᠦ ᠰᠢᠰᠲ᠋ᠧᠮ ᠢ ᠪᠠᠶᠢᠭᠤᠯᠵᠤ᠂ ᠬᠤᠳᠠᠯᠳᠤᠭᠠᠨ ᠤ ᠲᠠᠯᠠᠪᠤᠷ᠂ ᠠᠭᠤᠳᠠᠮ ᠲᠠᠯᠠᠪᠠᠶ᠂ ᠭᠤᠤᠯᠳᠠᠯᠭ᠎ᠠ ᠲᠠᠢ ᠵᠠᠮ ᠤᠨ ᠬᠡᠰᠡᠭ ᠵᠡᠷᠭᠡ ᠭᠠᠵᠠᠷ ᠤᠨ ᠲᠣᠭᠤᠷᠢᠨ ᠴᠠᠭᠳᠠᠬᠤ ᠶᠢ ᠰᠡᠷᠭᠡᠶᠢᠯᠡᠨ ᠡᠵᠡᠮᠳᠡᠬᠦ ᠡᠷᠴᠢᠮ ᠪᠠ ᠨᠢᠭᠲᠠᠴᠠ ᠪᠠᠨ ᠴᠢᠩᠭᠠᠷᠠᠭᠤᠯᠵᠤ᠂ ᠴᠠᠭᠳᠠᠭᠠᠨ ᠤ ᠬᠦᠴᠦᠨ ᠢ ᠬᠠᠮᠤᠭ ᠤᠨ ᠶᠡᠭᠡ ᠬᠡᠮᠵᠢᠶ᠎ᠡ ᠪᠠᠷ ᠵᠡᠭᠡᠯᠢ ᠭᠤᠳᠤᠮᠵᠢ ᠳᠤ ᠲᠠᠯᠪᠢᠵᠤ᠂ ᠴᠠᠭᠳᠠᠭ᠎ᠠ ᠪᠠᠶᠢᠬᠤ ᠨᠣᠷᠮ᠎ᠠ ᠶᠢ ᠦᠨᠡᠨ ᠬᠦ ᠳᠡᠭᠡᠭᠰᠢᠯᠡᠭᠦᠯᠵᠦ᠂ ᠡᠯ᠎ᠡ ᠲᠥᠷᠥᠯ ᠤᠨ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠶᠢ ᠪᠦᠲᠦᠮᠵᠢᠲᠡᠶ ᠰᠦᠷᠳᠡᠭᠦᠯᠵᠦ᠂ ᠬᠠᠷᠢᠶ᠎ᠠ ᠣᠷᠣᠨ ᠤ ᠣᠯᠠᠨ ᠲᠦᠮᠡᠨ ᠤ ᠬᠦᠷᠲᠡᠮᠵᠢ ᠶᠢᠨ ᠲᠥᠷᠥᠭᠳᠡᠯ᠂ ᠵᠤᠯ ᠵᠢᠷᠭᠠᠯᠲᠤ ᠰᠡᠳᠭᠢᠯᠭᠡ᠂ ᠡᠩᠭᠡ ᠲᠠᠶᠢᠪᠤᠩ ᠪᠤᠳᠤᠯ ᠢ ᠤᠯᠠᠮ ᠨᠢᠭᠡ ᠠᠯᠬᠤᠮ ᠨᠡᠮᠡᠭᠳᠡᠭᠦᠯᠪᠡ᠃     
微信图片_20250506094323.jpg
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号