| 10 ᠵᠢᠯ ᠤᠨ ᠡᠮᠤᠨ᠎ᠠ᠂ ᠲᠦᠪᠯᠡᠷᠡᠬᠦᠯᠬᠦ ᠶᠢᠨ ᠲᠦᠯᠦᠭᠡ ᠠᠩᠬ᠎ᠠ ᠲᠤᠮᠳᠠᠳᠤ ᠶᠢᠨ ᠠᠩᠬᠢ ᠪᠠᠨ ᠬᠠᠰᠤᠪᠠ᠃ | 10 ᠵᠢᠯ ᠤᠨ ᠲᠠᠷᠠᠭ᠎ᠠ᠂ ᠲᠦᠬᠦᠬᠦᠯᠬᠦ ᠶᠢᠨ ᠲᠦᠯᠦᠭᠡ ᠠᠩᠬ᠎ᠠ ᠲᠤᠮᠳᠠᠳᠤ ᠶᠢᠨ ᠠᠩᠬᠢ ᠪᠠᠨ ᠰᠡᠷᠬᠦᠭᠡᠵᠠᠢ᠃ | ᠲᠤᠰ ᠨᠠᠮᠤᠷ ᠂ ᠲᠦᠡᠭᠯᠢᠶᠤᠤ ᠬᠤᠳᠠ ᠶᠢᠨ ᠵᠠᠷᠤᠳ ᠬᠤᠰᠢᠭᠤᠨ ᠤ ᠭᠠᠭ᠋ᠠᠶᠢᠳᠤ ᠪᠠᠯᠭᠠᠰᠤᠨ ᠤ ᠭᠠᠭ᠋ᠠᠶᠢᠳᠤ | ᠰᠤᠷᠭᠠᠭᠤᠯᠢ ᠶᠢᠨ ᠬᠢᠨ ᠠᠩᠬ᠎ᠠ ᠲᠤᠮᠳᠠᠳᠤ ᠶᠢᠨ ᠨᠢᠭᠡᠳᠤᠭᠡᠷ ᠤᠨ ᠤ 3 ᠠᠩᠬᠢ ᠳᠠᠭᠠᠨ ᠡᠯᠰᠡᠭᠰᠡᠨ 142 | ᠰᠤᠷᠤᠭᠴᠢ ᠪᠠᠨ ᠤᠭᠳᠤᠨ ᠠᠪᠤᠯ᠎ᠠ᠃ ᠠᠩᠬ᠎ᠠ ᠲᠤᠮᠳᠠᠳᠤ ᠶᠢᠨ ᠠᠩᠬᠢ ᠪᠠᠨ ᠰᠡᠷᠬᠦᠭᠡᠭᠰᠡᠨ ᠨᠢ ᠭᠠᠭ᠋ᠠᠶᠢᠳᠤ | ᠪᠠᠯᠭᠠᠰᠤᠨ ᠤ ᠮᠤᠩᠭᠤᠯᠴᠤᠳ ᠲᠤ ᠠᠪᠴᠤ ᠭᠡᠯᠡᠪᠠᠯ᠂ ᠪᠠᠰᠠ ᠨᠢᠭᠡᠨ ᠰᠠᠶᠢᠨ ᠶᠠᠪᠤᠳᠠᠯ ᠪᠠᠶᠢᠵᠤ᠂ ᠪᠠᠯᠭᠠᠰᠤᠨ ᠤ | ᠮᠤᠩᠭᠤᠯ ᠭᠡᠤᠭᠡᠳ ᠤᠨ ᠭᠡᠷ ᠠᠴᠠ ᠪᠠᠨ ᠤᠢᠢᠷᠠᠬᠠᠨ ᠪᠢᠴᠢᠭ ᠡᠷᠳᠡᠮ ᠡᠵᠡᠮᠰᠢᠬᠦ ᠭᠡᠰᠡᠨ ᠬᠦᠰᠡᠯ ᠢ | ᠲᠡᠷᠭᠡᠯᠰᠢᠬᠦᠯᠦᠭᠰᠡᠨ ᠠᠵᠢ᠃ | | | | | ᠰᠢᠨ᠎ᠠ ᠡᠬᠢᠯᠡᠯᠳᠠ ᠳᠤ ᠰᠢᠨ᠎ᠠ ᠵᠤᠷᠢᠯᠳᠠ ᠬᠦᠪᠤᠷᠠᠨᠠ᠃ 10 ᠵᠢᠯ ᠤᠨ ᠳᠠᠷᠠᠭᠠᠬᠢ ᠰᠢᠨ᠎ᠡ ᠡᠬᠢᠯᠡᠯᠳᠡ | ᠭᠠᠭ᠋ᠠᠶᠢᠳᠤ ᠰᠤᠷᠭᠠᠭᠤᠯᠢ ᠶᠢᠨ ᠵᠠᠬᠢᠷᠤᠯ ᠦᠨᠡᠨᠪᠤᠶᠠᠨ ᠳᠤ ᠬᠠᠳᠠᠭᠤ ᠰᠢᠯᠭᠠᠯᠳᠠ ᠠᠪᠴᠢᠷᠠᠨ ᠦᠭᠴᠠᠢ᠃ 10 | ᠵᠢᠯ ᠤᠨ ᠡᠮᠦᠨ᠎ᠡ ᠭᠠᠭ᠋ᠠᠶᠢᠳᠤ ᠳᠤᠮᠳᠠᠳᠤ ᠰᠤᠷᠭᠠᠭᠤᠯᠢ ᠶᠢ ᠬᠠᠰᠤᠵᠤ ᠨᠡᠶᠢᠯᠡᠬᠦᠯᠦᠨ ᠰᠤᠷᠤᠭᠴᠢ ᠡᠯᠰᠡᠬᠦ ᠶᠢ | ᠵᠤᠭᠰᠤᠭᠠᠬᠤ ᠦᠶ᠎ᠠ ᠳᠤ ᠳᠡᠷᠡ ᠰᠤᠷᠭᠠᠭᠤᠯᠢ ᠶᠢᠨ ᠵᠠᠬᠢᠷᠤᠯ ᠤᠨ ᠠᠯᠪᠠ ᠶᠢ ᠬᠠᠷᠢᠭᠤᠴᠠᠵᠤ ᠪᠠᠶᠢᠵᠠᠢ᠃ ᠵᠢᠭᠠᠨ | ᠰᠤᠷᠭᠠᠯᠳᠠ ᠶᠢᠨ ᠴᠢᠨᠠᠷ ᠴᠢᠨᠰᠠᠭ᠎ᠠ᠂ ᠰᠤᠷᠤᠯᠭ᠎ᠠ ᠶᠢᠨ ᠬᠢᠷᠢ ᠪᠦᠳᠦᠮᠵᠢ᠂ ᠪᠠᠭᠰᠢ ᠶᠢᠨ ᠡᠩᠨᠡᠭᠡ ᠶᠢᠨ ᠪᠠᠶᠢᠭᠤᠯᠤᠯᠳᠠ᠂ | ᠰᠤᠷᠭᠠᠭᠤᠯᠢ ᠶᠢᠨ ᠬᠠᠮᠢᠶᠠᠷᠤᠯᠳᠠ ᠠᠯᠢ ᠳᠠᠯ᠎ᠠ ᠪᠠᠷ ᠢᠶᠠᠨ ᠴᠤ ᠵᠠᠷᠤᠳ ᠬᠤᠰᠢᠭᠤᠨ ᠤ ᠮᠤᠩᠭᠤᠯ ᠢᠶᠠᠷ ᠬᠢᠴᠢᠶᠡᠯᠯᠡᠬᠦ | ᠠᠩᠬ᠎ᠠ ᠳᠤᠮᠳᠠᠳᠤ ᠶᠢᠨ ᠠᠩᠬᠢ ᠳᠠᠭᠠᠨ ᠤᠷᠦ᠋ᠢᠯᠠᠵᠤ ᠪᠠᠶᠢᠭᠰᠠᠨ ᠢ ᠬᠠᠰᠤᠵᠤ ᠨᠡᠶᠢᠯᠡᠬᠦᠯᠦᠨ᠎ᠡ ᠬᠡᠬᠦ ᠳᠤ ᠦᠨᠡᠨᠪᠤᠶᠠᠨ | ᠵᠠᠬᠢᠷᠤᠯ ᠤᠨ ᠰᠡᠳᠬᠢᠯ ᠳᠤ ᠦᠬᠡ ᠪᠠᠷ ᠢᠯᠡᠳᠬᠡᠬᠦᠶᠡ ᠪᠡᠷᠬᠡ ᠬᠠᠷᠭᠤᠰᠤᠯ ᠪᠤᠯᠵᠤ ᠬᠤᠴᠤᠷᠤᠭᠰᠠᠨ ᠢ ᠶᠠᠭᠤᠨ | ᠦᠬᠦᠯᠡᠬᠦ ᠪᠢᠯᠡ᠃ ᠬᠡᠪᠡᠴᠦ 10 ᠵᠢᠯ ᠤᠨ ᠳᠠᠷᠠᠭ᠎ᠠ᠂ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠭᠡᠭᠰᠡᠨ ᠨᠢ | ᠦᠨᠡᠨᠪᠤᠶᠠᠨ ᠵᠠᠬᠢᠷᠤᠯ ᠤᠨ ᠰᠡᠳᠬᠢᠯ ᠳᠤ ᠤᠨᠴᠠ ᠶᠢᠨ ᠪᠠᠶᠠᠷᠳᠠᠢ ᠮᠦᠷᠳᠡᠬᠡᠨ ᠬᠠᠷᠢᠭᠤᠴᠠᠯᠭ᠎ᠠ ᠨᠡᠩ ᠬᠦᠨᠳᠤ | ᠪᠤᠯᠤᠭᠰᠠᠨ ᠨᠢ ᠢᠯᠡᠭᠡᠨ᠃ | ︽ᠮᠠᠨ ᠤ ᠰᠤᠷᠭᠠᠭᠤᠯᠢ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠪᠠ ᠰᠤᠷᠭᠠᠨ ᠬᠦᠮᠦᠵᠢᠯ | ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠪᠡᠶ᠎ᠠ ᠶᠢᠨ ᠳᠠᠮᠢᠷ ᠤᠨ ᠲᠤᠪᠴᠢᠶ᠎ᠠ ᠵᠡᠷᠭᠡ ᠶᠢᠨ ᠲᠠᠮᠵᠢᠯᠭᠡ ᠲᠤᠤᠷ᠎ᠠ ᠠᠩᠬ᠎ᠠ | ᠲᠤᠮᠳᠠᠳᠤ ᠶᠢᠨ ᠠᠩᠬᠢ ᠶᠢ ᠰᠡᠷᠬᠦᠭᠡᠬᠦ ᠠᠵᠢᠯ ᠡᠷᠴᠢᠮ ᠲᠠᠢ ᠶᠠᠪᠤᠭᠳᠠᠭᠤᠯᠵᠠᠢ᠃ ᠬᠤᠰᠢᠭᠤᠨ ᠤ ᠰᠤᠷᠭᠠᠨ | ᠬᠦᠮᠦᠵᠢᠯ ᠤᠨ ᠲᠤᠪᠴᠢᠶ᠎ᠠ ᠠᠴᠠ ᠨᠢᠬᠡ ᠯᠡ ᠤᠳᠠᠭ᠎ᠠ ᠳᠤ ᠡᠯ᠎ᠠ ᠬᠢᠴᠢᠶᠡᠯ ᠲᠦᠷᠦᠯ ᠤᠨ 12 ᠤᠨᠴᠠ ᠠᠵᠢᠯ ᠤᠨ | ᠪᠠᠶᠢᠷᠢ ᠶᠢᠨ ᠪᠠᠭᠰᠢ ᠶᠢ ᠳᠤᠰ ᠰᠤᠷᠭᠠᠭᠤᠯᠢ ᠳᠤ ᠲᠤᠬᠢᠷᠠᠭᠤᠯᠵᠤ ᠦᠭᠬᠦᠭᠰᠡᠨ ᠪᠦᠭᠡᠳ ᠬᠤᠰᠢᠭᠤᠨ ᠤ ᠮᠤᠩᠭᠤᠯ | ᠬᠤᠶᠠᠳᠤᠭᠠᠷ ᠳᠤᠮᠳᠠᠳᠤ ᠰᠤᠷᠭᠠᠭᠤᠯᠢ ᠠᠴᠠ ᠪᠠᠭᠰᠢ ᠤᠷᠢᠵᠤ᠂ ᠲᠠᠷᠠᠴᠢᠯᠠᠨ ᠠᠩᠬᠢ ᠶᠢᠨ ᠬᠠᠮᠢᠶᠠᠷᠤᠯᠳᠠ᠂ | ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠳᠠ᠂ ᠬᠢᠴᠢᠶᠡᠯ ᠤᠨ ᠪᠠᠷᠢᠮᠵᠢᠶ᠎ᠠ ᠶᠢᠨ ᠳᠠᠯ᠎ᠠ ᠪᠠᠷ ᠰᠢᠨ᠎ᠠ ᠪᠠᠭᠰᠢ | ᠨᠠᠷ ᠢᠶᠠᠨ ᠳᠠᠪᠳᠠᠨ ᠪᠤᠯᠪᠠᠰᠤᠷᠠᠭᠤᠯᠵᠠᠢ᠃ ᠲᠠᠷᠠᠭᠠᠴᠢ ᠪᠠᠷ ᠰᠤᠷᠭᠠᠭᠤᠯᠢ ᠶᠢᠨ ᠡᠯ᠎ᠠ ᠲᠠᠯ᠎ᠠ ᠶᠢᠨ ᠬᠠᠮᠢᠶᠠᠷᠤᠯᠳᠠ ᠪᠠᠨ | ᠨᠠᠩ ᠴᠢᠩᠭᠠᠳᠬᠠᠵᠤ᠂ ᠵᠢᠭᠠᠨ ᠰᠤᠷᠭᠠᠯᠳᠠ ᠶᠢᠨ ᠳᠤᠷᠰᠢᠯᠭ᠎ᠠ ᠶᠠᠰᠤ ᠴᠢᠨᠠᠷ ᠢᠶᠠᠨ ᠴᠢᠨᠠᠭᠰᠢᠳᠠ ᠳᠡᠬᠡᠭᠰᠢᠯᠡᠬᠦᠯᠤᠨ᠂ | ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠳᠠ ᠶᠢᠨ ᠦᠬᠡᠷᠡᠴᠢᠯᠡᠯᠳᠡ ᠶᠢ ᠴᠢᠬᠤᠯᠠᠴᠢᠯᠠᠨ ᠠᠳᠬᠤᠵᠤ᠂ ᠭᠤᠷᠪᠠᠨ | ᠵᠢᠯ ᠤᠨ ᠳᠠᠷᠠᠭ᠎ᠠ ᠭᠡᠷ ᠤᠨ ᠠᠬᠠᠮᠠᠳ ᠲᠤ ᠬᠠᠨᠤᠮᠵᠢᠳᠠᠢ ᠬᠠᠭᠤᠳᠠᠰᠤ ᠲᠤᠰᠢᠶᠠᠬᠤ ᠪᠠᠷ ᠬᠦᠴᠤᠯᠠᠨ ᠴᠢᠷᠮᠠᠶᠢᠨ᠎ᠠ︾ | ᠭᠡᠵᠤ ᠦᠨᠡᠨᠪᠤᠶᠠᠨ ᠵᠠᠬᠢᠷᠤᠯ ᠤᠨ ᠰᠡᠳᠬᠢᠯ ᠤᠨ ᠬᠦᠨ ᠠᠴᠠ ᠤᠨᠳᠤᠷᠤᠭᠰᠠᠨ ᠡᠷᠴᠢ ᠵᠤᠷᠢᠭ ᠬᠦᠪᠴᠢᠯᠡᠭᠳᠡᠨᠠ᠃ | | | | ᠰᠢᠨ᠎ᠠ ᠡᠬᠢᠯᠡᠯᠳᠠ ᠳᠤ ᠰᠢᠨ᠎ᠠ ᠬᠦᠴᠤᠨ ᠨᠠᠮᠠᠷᠢᠯᠠᠨ᠎ᠠ᠃ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠭᠡᠭᠡᠳ | ᠳᠡᠦᠬᠡ ᠶᠢᠨ ᠪᠠᠭᠰᠢ ᠳᠤᠳᠠᠭᠳᠠᠵᠤ ᠪᠠᠶᠢᠨ᠎ᠠ ᠬᠡᠰᠡᠨ ᠰᠤᠷᠠᠭ ᠢᠶᠠᠷ ᠳᠤᠰ ᠰᠤᠷᠭᠠᠭᠤᠯᠢ ᠠᠴᠠ ᠵᠠᠷᠤᠳ ᠬᠤᠰᠢᠭᠤᠨ ᠤ | ᠮᠤᠩᠭᠤᠯ ᠬᠤᠶᠠᠳᠤᠭᠠᠷ ᠳᠤᠮᠳᠠᠳᠤ ᠰᠤᠷᠭᠠᠭᠤᠯᠢ ᠳᠤ ᠠᠵᠢᠯ ᠰᠢᠯᠵᠢᠵᠤ ᠶᠠᠪᠤᠭᠰᠠᠨ ᠱᠤᠸᠠᠩ ᠮᠧᠢ ᠪᠠᠭᠰᠢ ᠬᠠᠷᠢᠨ | ᠵᠢᠭᠠᠨ ᠰᠤᠷᠭᠠᠯᠳᠠ ᠶᠢᠨ ᠳᠤᠰᠠᠯᠠᠬᠤ ᠪᠠᠭᠰᠢ ᠪᠠᠷ ᠡᠬᠡ ᠰᠤᠷᠭᠠᠭᠤᠯᠢ ᠳᠠᠭᠠᠨ ᠢᠷᠡᠭᠰᠡᠨ ᠪᠠᠶᠢᠵᠠᠢ᠃ ᠲᠠᠷᠠ᠄ ︽ | ᠭᠡᠤᠭᠡᠳ ᠤᠨ ᠦᠰᠦᠨ ᠪᠤᠶᠢᠵᠢᠯᠳᠠ ᠳᠤ ᠠᠪᠤ ᠡᠵᠢ ᠶᠢᠨ ᠬᠠᠶᠢᠷ᠎ᠠ ᠶᠠᠭᠤᠨ ᠠᠴᠠ ᠴᠦ ᠴᠢᠬᠤᠯᠠ ᠪᠠᠶᠢᠳᠠᠭ᠃ | ᠪᠠᠯᠭᠠᠰᠤᠨ ᠤ ᠪᠠᠨ ᠰᠤᠷᠭᠠᠭᠤᠯᠢ ᠳᠤ ᠰᠤᠷᠤᠯᠴᠠᠵᠤ᠂ ᠠᠪᠤ ᠡᠵᠢ ᠶᠢᠨ ᠡᠯᠢᠭᠡᠨ ᠳᠤ ᠪᠦᠪᠠᠶᠢᠯᠡᠭᠳᠡᠬᠦ ᠨᠢ ᠭᠡᠤᠭᠡᠳ ᠤᠨ | ᠬᠦᠮᠤᠨ ᠪᠤᠯᠵᠤ ᠬᠦᠮᠦᠵᠢᠭᠳᠡᠬᠦ ᠶᠢᠨ ᠴᠢᠬᠤᠯᠠ ᠡᠯᠧᠮᠧᠨ᠋ᠲ ᠪᠤᠯᠬᠤ ᠶᠤᠮ᠃ ᠡᠭᠡ ᠰᠤᠷᠭᠠᠭᠤᠯᠢ ᠳᠠᠭᠠᠨ ᠢᠷᠠᠵᠤ | ᠦᠷ᠎ᠠ ᠭᠡᠤᠭᠡᠳ ᠲᠡᠭᠡᠨ ᠮᠡᠳᠡᠯᠭᠡ ᠡᠵᠡᠮᠰᠢᠬᠦᠯᠬᠦ ᠨᠢ ᠪᠠᠭᠰᠢ ᠪᠤᠯᠤᠬᠰᠠᠳ ᠤᠨ ᠲᠠᠷᠬᠠᠨ ᠬᠠᠷᠢᠭᠤᠴᠠᠯᠭ᠎ᠠ ᠪᠤᠯᠬᠤ ᠶᠤᠮ | ︾ ᠭᠡᠵᠤ ᠪᠤᠴᠠᠵᠤ ᠢᠷᠡᠭᠰᠡᠨ ᠪᠤᠳᠤᠯ ᠢᠶᠠᠨ ᠲᠤᠳᠤᠷᠠᠭᠤᠯᠵᠤ ᠭᠠᠷᠤᠯ᠎ᠠ᠃ | ︽ᠵᠢᠷᠦᠬᠡᠨ ᠳᠤ ᠮᠦᠩᠬᠡᠷᠡᠬᠦ ᠮᠢᠨᠦ ᠡᠬᠡ ᠰᠤᠷᠭᠠᠭᠤᠯᠢ ᠵᠢᠬᠦᠷ ᠲᠠᠢ ᠬᠦᠯᠦᠭ ᠪᠤᠯᠵᠤ ᠳᠡᠪᠳᠡᠷᠢᠨ ᠳᠡᠪᠳᠡᠷᠢᠨ | ᠨᠢᠰᠦᠬᠡᠷᠡᠢ︾ ᠭᠡᠬᠦ ᠬᠦᠰᠡᠯ ᠵᠦᠩᠨᠡᠯ ᠠᠭᠤᠯᠤᠭᠰᠠᠨ ᠬᠡᠮᠡᠷᠯᠢᠭ ᠳᠤᠭ ᠠᠩᠬ᠎ᠠ ᠳᠤᠮᠳᠠᠳᠤ ᠶᠢᠨ ᠪᠠᠭᠰᠢ ᠨᠠᠷ ᠤᠨ | ᠠᠯᠪᠠᠨ ᠬᠡᠷ ᠤᠨ ᠬᠠᠶᠠᠭᠠᠨ ᠳᠤ ᠡᠯᠬᠦᠭᠡᠰᠤᠳᠠᠢ᠃ ᠭᠠᠭ᠋ᠠᠶᠢᠳᠤ ᠰᠤᠷᠭᠠᠭᠤᠯᠢ ᠠᠩᠬ᠎ᠠ ᠳᠤᠮᠳᠠᠳᠤ ᠶᠢᠨ ᠠᠩᠬᠢ ᠪᠠᠨ | ᠰᠡᠷᠬᠦᠬᠡᠯᠡ ᠬᠡᠬᠦ ᠬᠠᠯᠠᠭᠤᠨ ᠴᠢᠮᠡᠭᠡ ᠪᠠᠷ 1984 ᠤᠨ ᠳᠤ ᠳᠤᠰ ᠰᠤᠷᠭᠠᠭᠤᠯᠢ ᠠᠴᠠ ᠳᠡᠬᠦᠰᠦᠭᠰᠡᠨ ᠬᠡᠰᠡᠭ | ᠰᠤᠷᠤᠭᠴᠢ ᠡᠬᠡ ᠰᠤᠷᠭᠠᠭᠤᠯᠢ ᠳᠠᠭᠠᠨ ᠨᠠᠮᠠᠷᠢ ᠦᠵᠡᠬᠦᠯᠬᠦ ᠶᠤᠮᠰᠡᠨ ᠭᠡᠵᠤ ᠪᠠᠭᠰᠢ ᠨᠠᠷ ᠤᠨ ᠠᠯᠪᠠᠨ ᠬᠡᠷ ᠤᠨ ᠰᠢᠷᠡᠭᠡ | ᠰᠠᠨᠳᠠᠯᠢ ᠶᠢ ᠲᠦᠪᠬᠢᠨᠡᠬᠦᠯᠵᠦ ᠦᠭᠬᠦ ᠶᠢᠨ ᠬᠠᠮᠳᠤ ᠡᠨᠡ ᠬᠦ ᠬᠡᠮᠡᠷᠯᠢᠭ ᠳᠤᠭ ᠢ ᠬᠦᠷᠭᠡᠭᠰᠡᠨ ᠪᠠᠶᠢᠵᠠᠢ᠃ | ᠤᠩᠰᠢᠪᠤᠷᠢ᠄ | ᠦᠨᠳᠦᠰᠦᠳᠡᠨ ᠤ ᠰᠤᠷᠭᠠᠨ ᠬᠦᠮᠦᠵᠢᠯ ᠤᠨ ᠦᠯᠦᠬᠡᠢ ᠪᠤᠯᠤᠭᠰᠠᠨ ᠭᠠᠭ᠋ᠠᠶᠢᠳᠤ ᠰᠤᠷᠭᠠᠭᠤᠯᠢ 1948 | ᠤᠨ ᠤ ᠨᠠᠮᠤᠷ ᠠᠩᠬ᠎ᠠ ᠠᠷᠪᠠᠭᠠᠳ ᠬᠡᠦᠬᠡᠳ ᠢ ᠴᠤᠭᠯᠠᠭᠤᠯᠵᠤ ᠰᠤᠷᠭᠠᠭᠤᠯᠢ ᠡᠷᠬᠢᠯᠡᠭᠰᠡᠨ ᠢᠶᠠᠨ 1950 ᠤᠨ ᠳᠤ | ᠳᠤᠯᠤᠳᠤᠭᠠᠷ ᠨᠤᠳᠤᠭ ᠤᠨ ᠪᠠᠭ᠎ᠠ ᠰᠤᠷᠭᠠᠭᠤᠯᠢ ᠬᠡᠮᠡᠨ ᠨᠡᠷᠡᠯᠡᠵᠡᠢ᠃ 1958 ᠤᠨ ᠳᠤ ᠴᠢᠶᠠᠨᠵᠢᠨ ᠪᠦᠷᠢᠨ ᠪᠠᠭ᠎ᠠ | ᠰᠤᠷᠭᠠᠭᠤᠯᠢ ᠬᠡᠵᠦ ᠨᠡᠷ᠎ᠡ ᠪᠠᠨ ᠰᠤᠯᠢᠵᠤ ᠪᠠᠰᠠ ᠠᠩᠬ᠎ᠠ ᠳᠤᠮᠳᠠᠳᠤ ᠶᠢᠨ ᠠᠩᠬᠢ ᠡᠷᠬᠢᠯᠡᠭᠰᠡᠨ ᠪᠠᠶᠢᠯ᠎ᠠ᠃ ᠬᠡᠪᠡᠴᠦ | ᠳᠠᠷᠠᠭ᠎ᠠ ᠵᠢᠯ ᠨᠢ ᠠᠩᠬ᠎ᠠ ᠲᠤᠮᠳᠠᠳᠤ ᠶᠢᠨ ᠠᠩᠬᠢ ᠳᠤ ᠰᠤᠷᠤᠭᠴᠢ ᠡᠯᠰᠡᠬᠦ ᠪᠠᠨ ᠵᠤᠭᠰᠤᠵᠤ᠂ 1970 ᠤᠨ ᠳᠤ | ᠴᠢᠶᠠᠨᠵᠢᠨ ᠳᠤᠮᠳᠠᠳᠤ ᠰᠤᠷᠭᠠᠭᠤᠯᠢ ᠶᠢ ᠳᠠᠬᠢᠨ ᠪᠠᠶᠢᠭᠤᠯᠵᠠᠢ᠃ | 2009 ᠤᠨ ᠳᠤ᠂ ᠰᠤᠷᠭᠠᠨ ᠬᠦᠮᠦᠵᠢᠯ ᠤᠨ ᠡᠬᠢ ᠪᠠᠶᠠᠯᠢᠭ ᠢ ᠨᠡᠶᠢᠳᠭᠡᠵᠤ᠂ ᠲᠦᠪᠯᠡᠷᠡᠬᠦᠯᠤᠨ | ᠰᠤᠷᠭᠠᠭᠤᠯᠢ ᠡᠷᠬᠢᠯᠡᠬᠦ ᠲᠦᠷᠤ ᠶᠢᠨ ᠪᠤᠳᠤᠯᠭ᠎ᠠ ᠪᠠᠷ᠂ ᠭᠠᠭ᠋ᠠᠶᠢᠳᠤ ᠪᠠᠯᠭᠠᠰᠤ ᠶᠢᠨ ᠭᠠᠭ᠋ᠠᠶᠢᠳᠤ ᠲᠤᠮᠳᠠᠳᠤ | ᠰᠤᠷᠭᠠᠭᠤᠯᠢ ᠪᠤᠯᠤᠨ ᠭᠠᠭ᠋ᠠᠶᠢᠳᠤ ᠭᠤᠤᠯ ᠪᠠᠭ᠎ᠠ ᠰᠤᠷᠭᠠᠭᠤᠯᠢ ᠶᠢ ᠨᠡᠶᠢᠯᠡᠬᠦᠯᠦᠭᠡᠳ ᠭᠠᠭ᠋ᠠᠶᠢᠳᠤ ᠰᠤᠷᠭᠠᠭᠤᠯᠢ ᠭᠡᠵᠤ | ᠨᠠᠷᠠᠯᠠᠵᠤ᠂ ᠠᠩᠬ᠎ᠠ ᠲᠤᠮᠳᠠᠳᠤ ᠶᠢᠨ ᠠᠩᠬᠢ ᠪᠠᠨ ᠬᠠᠰᠤᠵᠠᠢ᠃ | 2019 ᠤᠨ ᠳᠤ᠂ ᠭᠡᠤᠭᠡᠳ ᠢ ᠭᠡᠷ ᠠᠴᠠ ᠨᠢ ᠤᠢᠢᠷᠠᠬᠠᠨ ᠰᠤᠷᠭᠠᠭᠤᠯᠢ ᠳᠤ ᠰᠠᠭᠤᠯᠭᠠᠬᠤ ᠱᠠᠭᠠᠷᠳᠠᠯᠭ᠎ᠠ ᠪᠠᠷ | ᠂ ᠭᠠᠭ᠋ᠠᠶᠢᠳᠤ ᠰᠤᠷᠭᠠᠭᠤᠯᠢ ᠠᠩᠬ᠎ᠠ ᠲᠤᠮᠳᠠᠳᠤ ᠶᠢᠨ ᠠᠩᠬᠢ ᠪᠠᠨ ᠳᠠᠬᠢᠨ ᠰᠡᠷᠬᠦᠭᠡᠪᠠ᠃ | | | | | |