| ᠦᠰᠴᠦ ᠪᠠᠭᠤᠷᠠᠬᠤ ᠪᠠ ᠦᠭᠰᠦᠵᠦ ᠣᠷᠣᠭᠤᠲᠠᠬᠤ ᠭᠡᠵᠦ ᠣᠷᠴᠢᠯᠠᠩ ᠤᠨ ᠲᠦᠮᠡᠨ ᠪᠣᠲᠠᠰ ᠤᠨ ᠵᠢᠮ᠎ᠠ | ᠬᠠᠣᠯᠢ ᠶᠣᠮᠰᠠᠨ᠃ ᠭᠡᠬᠦ ᠳᠡᠭᠡᠨ ᠡᠨᠡᠬᠦ ᠵᠢᠮ᠎ᠠ ᠬᠠᠣᠯᠢ ᠨᠢ ᠭᠡᠨ ᠳᠤ ᠴᠦ ᠬᠡᠯᠡ ᠴᠢᠮᠡᠭᠡ ᠦᠭᠬᠦᠯ ᠦᠭᠡᠢ ᠪᠠᠷ ᠰᠡᠮ | ᠰᠡᠮᠭᠡᠨ ᠢᠶᠠᠷ ᠢᠪ ᠲᠠᠭᠠᠷᠢᠨ ᠢᠷᠡᠭᠡᠳ ᠣᠯᠠᠨ ᠢ ᠦᠢᠮᠡᠬᠦᠯᠬᠦ ᠨᠢ ᠴᠣᠬᠤᠮ ᠦᠢᠯᠡ ᠭᠡᠵᠦ ᠮᠡᠲᠡ᠃ ᠡᠬᠦᠨ ᠳᠤ | ᠭᠠᠵᠠᠷ ᠰᠡᠨᠲᠡᠯᠡᠲᠡᠭ ᠭᠠᠭ᠋ᠠᠢ ᠶᠢᠨ ᠮᠢᠬ᠎ᠠ ᠶᠢᠨ ᠦᠨ᠎ᠡ ᠶᠡᠭᠡ ᠦᠰᠦᠭᠰᠡᠨ ᠪᠣᠯ ᠲᠠᠷᠣᠢ ᠨᠢᠭᠡ ᠵᠢᠱᠢᠶ᠎ᠠ ᠪᠣᠯᠬᠤ ᠶᠣᠮ᠃ | ᠨᠢᠲᠣᠨᠣᠨ ᠠᠴᠠ ᠨᠠᠰᠢ᠂ ᠮᠠᠨ ᠤ ᠣᠷᠣᠨ ᠲᠡᠲᠦᠢ ᠦᠭᠡᠢ ᠪᠦᠬᠦ ᠣᠯᠣᠰ ᠤᠨ ᠬᠡᠪᠴᠢᠶᠠᠨ ᠳᠤ ᠭᠠᠭ᠋ᠠᠢ ᠶᠢᠨ ᠮᠢᠬ᠎ᠠ | ᠦᠷᠬᠦᠯᠵᠢᠯᠡᠨ ᠦᠰᠴᠦ᠂ ᠵᠠᠷᠢᠮ ᠭᠠᠵᠠᠷ ᠣᠷᠣᠨ ᠳᠤ ᠭᠠᠭ᠋ᠠᠢ ᠶᠢᠨ ᠮᠢᠬ᠎ᠠ ᠵᠢᠩ ᠪᠦᠷᠢ ᠳᠡᠭᠡᠨ ᠭᠤᠴᠢᠨ ᠬᠡᠲᠦᠨ | ᠲᠦᠬᠦᠷᠢᠭ ᠴᠢᠨᠠᠬᠰᠢᠯᠠᠨ ᠲᠦᠴᠢᠨ ᠲᠦᠬᠦᠷᠢᠭ ᠲᠤ ᠲᠦᠬᠦᠭᠰᠡᠨ ᠢ ᠵᠠᠭᠤᠴᠢᠯᠠᠭᠤᠷ ᠲᠤ ᠮᠡᠲᠡᠭᠡᠯᠡᠵᠦ ᠪᠠᠶᠢᠬᠰᠠᠨ | ᠪᠦᠭᠡᠳ ᠨᠢᠭᠡ ᠬᠡᠰᠡᠭ ᠬᠤᠭᠤᠴᠠᠭᠠᠨ ᠳᠤ ᠦᠷᠬᠦᠯᠵᠢᠯᠡᠨ ᠦᠰᠬᠦ ᠬᠠᠨᠲᠣᠰᠢ ᠲᠠᠢ ᠭᠡᠮᠡᠨ ᠲᠧᠯᠧᠢᠰ ᠰᠦᠯᠵᠢᠶ᠎ᠠ ᠠᠴᠠ | ᠲᠣᠰᠬᠠᠢ ᠮᠡᠷᠭᠡᠵᠢᠯᠲᠡᠳ ᠲᠠᠶᠢᠯᠪᠣᠷᠢᠯᠠᠨ ᠵᠠᠲᠠᠯᠵᠦ ᠪᠠᠶᠢᠯ᠎ᠠ᠃ ᠠᠶ᠎ᠠ ᠬᠤᠬᠤᠢ᠂ ᠨᠡᠬᠡᠷᠡᠨ ᠴᠠᠭᠠᠨ ᠰᠠᠷ᠎ᠠ ᠳᠠᠭᠠᠨ | ᠴᠠᠳᠲᠠᠯ᠎ᠠ ᠢᠲᠡᠬᠦ ᠠᠴᠠ ᠦᠭᠡᠷ᠎ᠡ ᠴᠠᠰᠢ ᠠᠷᠭ᠎ᠠ ᠦᠭᠡᠢ ᠪᠣᠯᠣᠬᠰᠠᠨ ᠭᠡᠵᠢ ᠤᠤ ᠳ᠋ᠠ⁈ | ᠡᠳ᠋ ᠬᠤᠪᠣᠷ ᠲᠠᠭᠠᠨ ᠦᠨᠡᠲᠡᠢ ᠭᠡᠵᠦ ᠣᠨᠣᠭᠠᠬᠰᠠᠨ ᠦᠭᠡ᠃ ᠬᠠᠩᠭᠠᠯᠭ᠎ᠠ ᠬᠢᠭᠡᠳ ᠬᠡᠷᠡᠭᠴᠡᠭᠡ | ᠲᠡᠩᠴᠡᠬᠦᠷᠢ ᠪᠠᠨ ᠠᠯᠲᠠᠵᠦ᠂ ᠬᠡᠯᠪᠡᠯᠵᠡᠨ ᠲᠠᠶᠢᠪᠢᠯᠵᠠᠬᠤ ᠳᠤ ᠦᠪᠡᠷ ᠤᠨ ᠦᠷᠲᠡᠭ ᠨᠢ ᠨᠡᠮᠡᠭᠲᠡᠵᠦ ᠬᠠᠰᠣᠬᠲᠠᠬᠤ | ᠪᠦᠭᠡᠳ ᠡᠬᠦᠨ ᠤ ᠣᠯᠠᠮ ᠢᠶᠠᠷ ᠦᠨ᠎ᠡ ᠨᠢ ᠴᠦ ᠲᠠᠭᠠᠯᠲᠣᠨ ᠦᠰᠴᠦ ᠪᠠᠭᠤᠷᠠᠲᠠᠬ ᠠᠵᠢ᠃ ᠡᠨᠡ ᠪᠣᠯ ᠵᠠᠬ᠎ᠠ | ᠲᠡᠯᠭᠡᠬᠦᠷ ᠤᠨ ᠵᠦᠢ᠂ ᠵᠠᠪᠠᠯ ᠪᠠᠷᠢᠮᠲᠠᠯᠠᠬᠤ ᠭᠤᠷᠢᠮ ᠪᠢᠯᠡ᠃ ᠲᠡᠭᠡᠬᠦ ᠳᠤ ᠬᠠᠷᠢᠨ ᠭᠠᠭ᠋ᠠᠢ ᠶᠢᠨ ᠮᠢᠬ᠎ᠠ ᠶᠢᠨ ᠦᠨ᠎ᠡ | ᠦᠰᠬᠦ ᠶᠢ ᠲᠠᠭᠠᠯᠲᠣᠨ ᠲᠠᠬᠢᠶᠠᠨ ᠮᠢᠬ᠎ᠠ᠂ ᠦᠭᠡᠷ ᠤᠨ ᠮᠢᠬ᠎ᠠ᠂ ᠲᠠᠬᠢᠶᠠᠨ ᠦᠨᠳᠡᠭᠡ ᠪᠠ ᠠᠮᠣ ᠲᠣᠰᠣ᠂ ᠨᠣᠭᠤᠭ᠎ᠠ | ᠵᠢᠮᠢᠰ ᠵᠡᠷᠭᠡ ᠶᠢᠨ ᠦᠨ᠎ᠡ ᠴᠦ ᠪᠠᠭ᠋ᠠᠨ ᠦᠰᠦᠭᠰᠡᠨ ᠨᠢ ᠭᠠᠶᠢᠬᠠᠰᠢ ᠠᠯᠲᠠᠭᠤᠯᠣᠮᠠᠷ᠃ ᠡᠬᠦᠨ ᠤ ᠣᠴᠢᠷ ᠰᠢᠯᠲᠠᠭᠠᠨ ᠢ | ᠣᠬᠤᠴᠢᠯᠠᠪᠠᠯ᠂ ᠠᠮᠢᠲᠣ ᠪᠣᠲᠠᠰ ᠤᠨ ᠢᠲᠡᠰᠢᠨ ᠬᠢᠨᠵᠢ ᠮᠡᠲᠦ ᠪᠠᠷ ᠬᠠᠷᠢᠯᠴᠠᠨ ᠬᠤᠯᠪᠣᠯᠲᠣᠵᠦ᠂ ᠨᠢᠭᠡ ᠨᠢ | ᠨᠦᠬᠦᠭᠡ ᠪᠠᠨ ᠨᠦᠯᠦᠭᠡᠯᠡᠵᠦ ᠪᠠᠶᠢᠲᠠᠬ ᠠᠵᠢ᠃ ᠢᠩᠬᠢᠭᠡᠳ ᠦᠭᠡᠷ᠎ᠡ ᠵᠦᠢᠯ ᠤᠨ ᠮᠢᠬ᠎ᠠ ᠲᠣᠰᠣ ᠪᠠᠷ ᠦᠨᠳᠦᠷ | ᠦᠨ᠎ᠡ ᠳᠤ ᠬᠦᠷᠦᠭᠰᠡᠨ ᠭᠠᠭ᠋ᠠᠢ ᠶᠢᠨ ᠮᠢᠬ᠎ᠠ ᠶᠢ ᠣᠷᠣᠯᠠᠭᠤᠯᠵᠦ᠂ ᠭᠡᠲᠡᠰᠦ ᠪᠣᠷᠣᠯᠠᠭᠤᠯᠬᠤ ᠭᠡᠰᠡᠨ ᠬᠦᠮᠦᠰ ᠤᠨ | ᠪᠣᠲᠣᠯ ᠢ ᠬᠤᠭᠤᠰᠣᠲᠠᠭᠤᠯᠣᠬᠰᠠᠨ ᠪᠠᠶᠢᠨ᠎ᠠ᠃ | ︽ᠢᠷᠭᠡᠳ ᠢᠨᠦ ᠠᠮᠣ ᠬᠦᠨᠡᠰᠦ ᠪᠠᠷ ᠦᠨᠳᠦᠰᠦ ᠪᠣᠯᠭᠠᠮᠣᠢ︾ ᠭᠡᠵᠦ ᠡᠷᠲᠡᠨ ᠤ ᠦᠭᠡᠨ ᠳᠤ ᠶᠠᠷᠢᠲᠠᠬ᠃ | ᠶᠡᠷᠦ ᠨᠢ ᠡᠳᠦᠮ ᠲᠣᠲᠣᠮ ᠤᠨ ᠬᠤᠭᠤᠯᠠ ᠬᠦᠨᠡᠰᠦ ᠳᠤ ᠬᠡᠷᠡᠭᠯᠡᠬᠦ ᠮᠢᠬ᠎ᠠ ᠲᠣᠰᠣ ᠶᠢᠨ ᠦᠨ᠎ᠡ ᠦᠰᠬᠦ ᠦᠢᠮᠡᠭᠡᠨ ᠳᠤ | ᠡᠭᠡᠯ ᠠᠷᠠᠳ ᠬᠠᠮᠤᠬ ᠠᠴᠠ ᠲᠦᠷᠦᠬᠦᠨ ᠳᠤ ᠦᠷᠲᠦᠵᠦ ᠶᠠᠭᠠᠷᠠᠲᠠᠬ ᠣᠴᠢᠷᠲᠠᠢ᠃ ᠪᠠᠷᠠᠭᠠᠨ ᠤ ᠦᠨ᠎ᠡ ᠦᠰᠬᠦ ᠶᠢᠨ | ᠣᠯᠠᠮ ᠢᠶᠠᠷ ᠣᠷᠣᠯᠭ᠎ᠠ ᠨᠢᠮᠭᠡᠷᠡᠨ ᠵᠠᠷᠣᠯᠭ᠎ᠠ ᠨᠡᠮᠡᠭᠲᠡᠵᠦ᠂ ᠠᠮᠠ ᠪᠠᠨ ᠪᠠᠷᠢᠨ ᠭᠠᠰᠠᠯᠵᠦ ᠠᠷᠭ᠎ᠠ ᠪᠠᠷᠠᠬᠲᠠᠬᠰᠠᠨ | ᠬᠦᠮᠦᠰ ᠵᠦᠪᠭᠡᠨ ᠭᠡᠲᠡᠰᠦ ᠪᠠᠨ ᠪᠣᠭᠤᠵᠦ᠂ ᠬᠠᠷᠠᠰᠣ ᠪᠣᠲᠠᠭ᠎ᠠ ᠪᠠᠷ ᠬᠤᠲᠣᠭᠤᠲᠣ ᠪᠠᠨ ᠲᠦᠬᠦᠷᠭᠡᠬᠦ ᠪᠣᠯᠭᠤᠵᠠᠢ | ᠭᠡᠯᠴᠡᠨ᠎ᠡ᠃ ᠡᠶᠢᠨ ᠬᠦ ᠣᠯᠠᠨ ᠲᠦᠮᠡᠨ ᠤ ᠰᠠᠨᠠᠭᠠᠰᠢᠷᠠᠯ ᠣᠯᠣᠰ ᠣᠷᠣᠨ ᠤ ᠠᠩᠬᠠᠷᠣᠯ ᠳᠤ ᠬᠦᠷᠴᠦ᠂ ᠲᠦᠷᠦᠬᠦᠭᠡᠨ | ᠲᠦᠷᠦ ᠶᠢᠨ ᠶᠠᠪᠣᠲᠠᠯ ᠤᠨ ᠬᠤᠷᠢᠶ᠎ᠠ ᠠᠴᠠ ᠬᠤᠷᠠᠯ ᠬᠤᠷᠠᠯᠲᠣᠭᠤᠯᠵᠦ᠂ ᠭᠠᠭ᠋ᠠᠢ ᠲᠡᠵᠢᠭᠡᠬᠦ ᠦᠢᠯᠡᠳᠪᠦᠷᠢᠯᠡᠯ ᠢ | ᠲᠣᠬᠲᠠᠭᠤᠨ ᠪᠠᠶᠢᠯᠭᠠᠵᠦ᠂ ᠭᠠᠭ᠋ᠠᠢ ᠶᠢᠨ ᠮᠢᠬᠠᠨ ᠤ ᠬᠠᠩᠭᠠᠯᠭ᠎ᠠ ᠶᠢ ᠪᠠᠲᠣᠯᠠᠬᠤ ᠪᠣᠯ ᠣᠯᠠᠨ ᠲᠦᠮᠡᠨ ᠤ | ᠦᠢᠯᠡᠳᠪᠦᠷᠢᠯᠡᠯ ᠪᠠ ᠪᠠᠷᠠᠭᠠᠨ ᠤ ᠦᠨ᠎ᠡ ᠶᠢ ᠲᠣᠬᠲᠠᠭᠤᠨ ᠪᠠᠶᠢᠯᠭᠠᠬᠤ ᠲᠠᠢ ᠬᠤᠯᠪᠣᠬᠲᠠᠨᠠ ᠬᠡᠮᠡᠨ ᠵᠢᠭᠠᠵᠦ | ᠭᠠᠷᠭᠠᠬᠰᠠᠨ ᠪᠦᠭᠡᠳ ᠪᠠᠰᠠ ᠶᠡᠷᠦᠩᠬᠡᠶᠢᠯᠡᠭᠰᠡᠨ ᠠᠷᠭ᠎ᠠ ᠬᠡᠮᠵᠢᠶ᠎ᠠ ᠠᠪᠴᠦ᠂ ᠭᠠᠭ᠋ᠠᠢ ᠲᠡᠵᠢᠭᠡᠬᠦ ᠦᠢᠯᠡᠳᠪᠦᠷᠢᠯᠡᠯ ᠢ | ᠰᠡᠷᠬᠦᠭᠡᠵᠦ᠂ ᠬᠡᠪᠴᠢᠶᠠᠵᠢᠬᠦᠯᠦᠨ ᠲᠡᠵᠢᠭᠡᠬᠦ ᠶᠢ ᠪᠠᠷᠢᠮᠲᠠᠯᠠᠨ ᠲᠠᠷᠢᠶᠠᠴᠢᠨ ᠡᠷᠦᠭᠡ ᠶᠢᠨ ᠭᠠᠭ᠋ᠠᠢ ᠲᠡᠵᠢᠭᠡᠬᠦ ᠶᠢ | ᠲᠡᠮᠵᠢᠵᠦ᠂ ᠭᠠᠭ᠋ᠠᠢ ᠶᠢᠨ ᠮᠢᠬᠠᠨ ᠤ ᠬᠠᠩᠭᠠᠯᠭ᠎ᠠ ᠶᠢ ᠪᠠᠲᠣᠯᠠᠨ᠎ᠠ ᠭᠡᠵᠦ ᠲᠣᠬᠲᠠᠭᠠᠪᠠ᠃ ᠡᠨᠡ ᠴᠣᠬᠤᠮ ᠲᠠᠭᠠᠷᠠᠬᠰᠠᠨ | ᠬᠦᠮᠦᠨ ᠳᠤ ᠲᠠᠬᠤ ᠬᠦᠷᠭᠡᠭᠰᠡᠨ ᠮᠡᠲᠦ ᠶᠠᠭᠤᠲᠠᠢ ᠶᠡᠭᠡ ᠪᠠᠶᠠᠷ ᠪᠣᠯᠬᠤ ᠠᠵᠢ᠃ | ᠮᠢᠬ᠎ᠠ ︽ᠮᠠᠩᠨᠤᠬ︾ ᠪᠣᠯᠪᠠ᠂ ᠮᠠᠨᠣᠰ ᠶᠠᠭᠠᠬᠢᠲᠠᠬ ᠪᠢᠯᠡ⁈ ᠲᠦᠷᠦ ᠶᠢᠨ ᠶᠠᠪᠣᠲᠠᠯ ᠤᠨ ᠬᠤᠷᠢᠶ᠎ᠠ ᠠᠴᠠ | ᠴᠢᠬᠤᠯᠠᠴᠢᠯᠠᠨ ᠬᠠᠮᠢᠶ᠎ᠠ ᠪᠦᠬᠦᠢ ᠠᠷᠭ᠎ᠠ ᠬᠡᠮᠵᠢᠶ᠎ᠠ ᠠᠪᠴᠦ᠂ ᠬᠠᠩᠭᠠᠯᠭ᠎ᠠ ᠬᠡᠷᠡᠭᠴᠡᠭᠡ ᠶᠢ ᠪᠠᠲᠣᠯᠠᠬᠤ ᠪᠠᠷ | ᠲᠣᠬᠲᠠᠭᠠᠯᠠ᠃ ᠡᠨᠡ ᠨᠢ ᠤᠯᠠᠨ ᠲᠦᠮᠡᠨ ᠳᠤ ᠠᠪᠴᠤ ᠬᠡᠯᠡᠪᠡᠯ ᠴᠤᠬᠤᠮ ᠨᠢᠭᠡᠨ ᠪᠠᠶᠠᠷ ᠤᠨ ᠴᠢᠮᠡᠭᠡ ᠭᠡᠯᠳᠠᠢ︕ | | | | | |