ᠵᠠᠷᠤᠳ ᠬᠤᠰᠢᠭᠤ ᠲᠦᠩᠯᠢᠶᠣᠤ ᠬᠤᠲᠠ ᠶᠢᠨ ᠬᠤᠶᠢᠲᠤ ᠪᠡᠶ᠎ᠡ ᠶᠢᠨ ᠠᠮᠢ ᠠᠬᠤᠢ ᠶᠢᠨ ᠠᠮᠤᠷ ᠲᠦᠪᠰᠢᠨ ᠤ | ᠬᠠᠯᠬᠠᠪᠴᠢ ᠪᠣᠯᠣᠨ ᠴᠢᠬᠤᠯᠠ ᠤᠰᠤᠨ ᠤ ᠡᠬᠢ ᠰᠤᠷᠪᠤᠯᠵᠢ ᠶᠢᠨ ᠬᠠᠳᠠᠭᠠᠯᠠᠮᠵᠢ ᠶᠢᠨ ᠭᠠᠵᠠᠷ ᠪᠣᠯᠤᠭᠰᠠᠨ ᠤ | ᠬᠤᠪᠢ ᠳᠤ᠂ ᠣᠶᠢᠷ᠎ᠡ ᠶᠢᠨ ᠵᠢᠯ ᠠᠴᠠ ᠨᠠᠭᠠᠰᠢ᠂ ᠰᠢᠨ᠎ᠡ ᠴᠠᠭ ᠦᠶ᠎ᠡ ᠶᠢᠨ ᠠᠮᠢ ᠠᠬᠤᠢ ᠶᠢᠨ ᠪᠣᠯᠪᠠᠰᠤᠨ ᠤ | ᠪᠠᠶᠢᠭᠤᠯᠣᠯᠳᠠ ᠶᠢ ᠢᠳᠡᠪᠬᠢᠲᠡᠢ ᠠᠬᠢᠭᠤᠯᠵᠤ᠂ ᠠᠮᠢ ᠠᠬᠤᠶ ᠶᠢ ᠤᠷᠢᠳ ᠢᠶᠠᠷ ᠪᠤᠳᠤᠯᠬᠢᠯᠡᠬᠤ ᠪᠣᠬᠢᠷᠲᠤᠯ ᠦᠭᠡᠶ | ᠬᠥᠭᠵᠢᠯᠲᠡ ᠪᠠᠷ ᠤᠳᠤᠷᠢᠳᠤᠮᠵᠢ ᠪᠣᠯᠭᠠᠬᠰᠡᠨ ᠴᠢᠨᠠᠷ ᠰᠠᠶᠢᠳᠠᠢ ᠬᠥᠭᠵᠢᠯᠲᠡ ᠶᠢᠨ ᠰᠢᠨ᠎ᠡ ᠵᠠᠮ ᠢ ᠡᠷᠢᠯᠬᠢᠯᠡᠨ ᠴᠢᠨᠡᠷ | ᠰᠡᠶᠢᠳᠡᠢ ᠬᠦᠭᠵᠢᠯᠳᠡ ᠶᠢ ᠪᠡᠶᠡᠯᠡᠬᠦᠯᠥᠭᠰᠡᠨ ᠪᠠᠶᠢᠨ᠎ᠡ᠃ | ᠡᠨᠡ ᠵᠢᠯ 46 ᠨᠠᠰᠤᠲᠠᠶ ᠪᠣᠶ᠋ᠬᠠᠤᠷᠳᠣ ᠪᠣᠯ ᠠᠷᠤ ᠬᠥᠨᠳᠡᠯᠡᠨ ᠪᠠᠯᠭᠠᠰᠤ ᠶᠢᠨ ᠵᠠᠭᠤᠨ ᠲᠦᠮᠡᠨ ᠮᠦ ᠬᠥᠮᠦᠨ ᠮᠠᠯ | ᠦᠭᠡᠢ ᠣᠷᠣᠨ ᠤ ᠦᠨᠳᠣᠷ ᠲᠡᠨᠵᠢ ᠶᠢᠨ ᠬᠠᠮᠢᠶᠠᠷᠴᠤ ᠬᠠᠮᠠᠭᠠᠯᠠᠬᠤ ᠥᠷᠲᠡᠭᠡ ᠶᠢᠨ ᠨᠢᠬᠡᠨ ᠣᠢ ᠰᠢᠭᠤᠶ ᠶᠢᠨ | ᠬᠠᠮᠠᠭᠠᠯᠠᠭᠴᠢ ᠪᠣᠯᠤᠨ᠎ᠠ᠃ ᠬᠡᠳᠦᠨ ᠵᠢᠯ ᠤᠨ ᠡᠮᠦᠨ᠎ᠡ᠂ ᠲᠡᠷᠡ ᠪᠠᠰᠠ ᠤᠳᠣ ᠶᠢᠨ ᠬᠠᠮᠠᠭᠠᠯᠠᠯᠲᠠ ᠶᠢᠨ ᠣᠷᠣᠨ ᠳᠤ | ᠮᠠᠯ ᠬᠠᠷᠢᠭᠤᠯᠵᠤ ᠠᠵᠣ ᠲᠦᠷᠣᠵᠤ ᠪᠠᠶᠢᠵᠠᠢ᠃ ᠬᠡᠶ᠎ᠡ᠂ ᠠᠮᠢ ᠠᠬᠤᠶ ᠶᠢᠨ ᠨᠡᠭᠦᠳᠡᠯ ᠠᠷᠠᠳ ᠤᠨ ᠳᠥᠷᠤᠯ | ᠵᠥᠢᠯ ᠢᠶᠠᠷ ᠪᠤᠶ᠋ᠬᠠᠤᠷᠳᠤ ᠰᠢᠬ ᠮᠡᠯᠴᠢᠳ ᠲᠤ ᠵᠠᠰᠠᠭ ᠤᠨ ᠣᠷᠳᠣᠨ ᠠᠴᠠ ᠲᠦᠯᠣᠪᠣᠷᠢ ᠦᠭᠡᠶ ᠪᠠᠷ ᠲᠥᠪᠬᠢᠨᠡᠭᠦᠯᠬᠦ | ᠠᠰᠠᠷ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠬᠠᠩᠭᠠᠵᠤ᠂ ᠨᠢᠬᠡᠳᠤᠯᠳᠡᠢ ᠨᠡᠬᠦᠯᠬᠡᠨ ᠰᠢᠯᠵᠢᠬᠦᠯᠥᠭᠰᠡᠨ | ᠪᠠᠶᠢᠨ᠎ᠡ᠃ ᠬᠠᠮᠳᠤ ᠳᠤᠨᠢ᠂ ᠪᠡᠰᠡ ᠨᠢᠭᠡ ᠡᠷᠦᠬᠡ ᠠᠴᠠ ᠨᠢᠬᠡ ᠬᠦᠮᠦᠨ ᠳᠤᠨᠢ ᠠᠵᠢᠯ ᠣᠯᠭᠤᠭᠰᠠᠨ ᠠᠴᠠ | ᠪᠣᠶ᠋ᠬᠠᠤᠷᠳᠣ ᠴᠤ ᠡᠩ ᠤᠨ ᠮᠠᠯᠴᠢᠨ ᠠᠴᠠ ᠪᠠᠨ ᠨᠢᠬᠡᠨ ᠣᠢ ᠰᠢᠭᠤᠢ ᠶᠢᠨ ᠬᠠᠮᠠᠭᠠᠯᠠᠭᠴᠢ ᠪᠣᠯᠣᠯᠡ᠃ | ︽ᠪᠢᠳᠡ ᠡᠳᠦᠷ ᠪᠦᠷᠢ ᠠᠭᠤᠯᠠ ᠴᠠᠭᠳᠠᠨ᠎ᠠ᠂ ᠭᠤᠣᠯᠳᠠᠭᠤ ᠠᠭᠤᠯᠠᠨ ᠳᠤ ᠣᠷᠣᠵᠤ ᠡᠮ ᠤᠨ ᠮᠠᠲ᠋ᠧᠷᠢᠶᠠᠯ | ᠮᠠᠯᠳᠠᠬᠤ᠂ ᠬᠥᠮᠦᠨ ᠦᠭᠡᠢ ᠭᠠᠵᠠᠷ ᠣᠴᠢᠵᠤ ᠢᠳᠡᠵᠦ ᠤᠤᠭᠤᠵᠤ ᠨᠠᠭᠠᠳᠴᠤ ᠴᠡᠩᠭᠡᠳᠡᠭ ᠬᠥᠮᠦᠰ ᠢ ᠢᠳᠬᠠᠨ | ᠬᠤᠷᠢᠭᠯᠠᠵᠤ᠂ ᠮᠠᠨ ᠤ ᠭᠡᠷ ᠣᠷᠣᠨ ᠢᠶᠠᠨ ᠬᠠᠮᠠᠭᠠᠯᠠᠵᠣ ᠪᠣᠢ︾ ᠬᠡᠵᠣ ᠪᠣᠶ᠋ᠬᠠᠤᠷᠳᠣ ᠠᠵᠢᠯ ᠤᠨ ᠪᠠᠶᠢᠳᠡᠯ ᠢᠶᠠᠨ | ᠪᠢᠳᠡᠨ ᠳᠤ ᠳᠡᠨᠢᠯᠴᠡᠭᠤᠯᠤᠨ ᠶᠡᠷᠢᠨ᠎ᠡ ᠃ | ᠣᠢ ᠰᠢᠭᠤᠢ ᠶᠢᠨ ᠬᠠᠮᠠᠭᠠᠯᠠᠭᠴᠢ ᠶᠢᠨ ᠠᠵᠢᠯ ᠶᠠᠳᠠᠷᠡᠯ ᠵᠦᠳᠡᠷᠡᠯ ᠲᠠᠢ ᠪᠣᠯᠪᠠᠴᠤ ᠪᠣᠶ᠋ᠬᠠᠤᠷᠳᠣ ᠬᠠᠷᠢᠨ | ᠡᠳᠣᠷᠵᠢᠨ ᠪᠠᠶᠠᠷ ᠬᠦᠷ ᠲᠠᠢ ᠶᠠᠭᠠᠷᠠᠯᠳᠠᠢ ᠠᠵᠢᠯᠯᠠᠵᠤ᠂ ᠳᠡᠷᠡ ᠡᠨᠡ ᠬᠦ ᠠᠵᠢᠯ ᠢ ᠨᠢᠬᠡᠨ ᠬᠤᠪᠢ ᠬᠠᠷᠢᠭᠤᠴᠠᠯᠭ᠎ᠠ | ᠪᠣᠯᠭᠠᠨ ᠴᠢᠩᠭ᠎ᠠ ᠬᠠᠮᠢᠶᠡᠷᠴᠤ ᠬᠠᠮᠡᠭᠠᠯᠡᠨᠡ᠃ ︽ᠣᠶᠢᠷ᠎ᠡ ᠶᠢᠨ ᠬᠤᠶᠠᠷ ᠵᠢᠯ᠂ ᠬᠠᠮᠠᠭᠠᠯᠠᠯᠲᠠ ᠶᠢᠨ ᠣᠷᠣᠨ ᠤ | ᠡᠪᠡᠰᠦ ᠪᠡᠯᠴᠢᠭᠡᠷ ᠤᠯᠠᠮ ᠠᠴᠠ ᠤᠯᠠᠮ ᠢᠭᠴᠤ ᠰᠠᠬᠤᠯᠢᠬ ᠤᠷᠭᠤᠵᠤ᠂ ᠲᠦᠷᠣᠯ ᠵᠦᠢᠯ ᠨᠢ ᠴᠦ ᠲᠠᠰᠣᠷᠠᠯᠳᠠ | ᠥᠬᠡᠶ ᠨᠡᠮᠡᠭᠳᠡᠵᠦ ᠪᠠᠶᠢᠨ᠎ᠠ ᠁︾ ᠡᠯᠡᠰᠦᠷᠬᠡᠭᠵᠢᠭᠰᠡᠨ ᠪᠡᠯᠴᠢᠭᠡᠷ ᠤᠨ ᠤᠤᠯ ᠳᠦᠷᠰᠦ ᠰᠡᠷᠭᠦᠭᠰᠡᠨ ᠢ | ᠬᠠᠷᠠᠭᠠᠳ ᠪᠣᠶ᠋ᠬᠠᠤᠷᠳᠣ ᠶᠢᠨ ᠴᠢᠷᠠᠶ ᠳᠤ ᠡᠷᠬᠡ ᠥᠬᠡᠢ ᠪᠡᠶᠡᠷ ᠵᠢᠷᠭᠠᠯ ᠲᠤᠳᠤᠷᠠᠨᠡ᠃ | ︽ᠥᠩᠭᠡᠷᠡᠭᠰᠡᠨ ᠲᠠᠢ ᠬᠠᠷᠢᠴᠠᠭᠤᠯᠪᠠᠯ ᠠᠮᠢ ᠠᠬᠤᠶ ᠢᠯᠡᠳᠲᠡ ᠰᠠᠶᠢᠵᠢᠷᠠᠪᠠ᠃ ᠭᠤᠣᠯ ᠮᠥᠷᠡᠨ ᠢ ᠲᠠᠭᠠᠨ | ᠪᠤᠷᠭᠠᠰᠤ ᠦᠭᠡᠢ ᠪᠠᠶᠢᠭᠰᠠᠨ ᠪᠤᠯ ᠣᠳᠣ ᠭᠤᠣᠯ ᠮᠥᠷᠡᠨ ᠳᠠᠭᠠᠤ ᠪᠤᠷᠭᠠᠰᠤ ᠪᠦᠷ ᠤᠷᠭᠤᠵᠤ ᠭᠠᠷᠴᠤ ᠢᠷᠡᠭᠰᠡᠨ ᠢ | ᠣᠯᠵᠤ ᠬᠠᠷᠠᠨ᠎ᠠ᠃ ᠠᠮᠢ ᠠᠬᠤᠶ ᠮᠠᠰᠢ ᠰᠠᠶᠢᠨ ᠰᠡᠷᠭᠦᠵᠦ ᠪᠠᠶᠢᠨ᠎ᠠ᠂ ᠤᠴᠢᠷ ᠨᠢ ᠦᠬᠡᠷ ᠬᠤᠨᠢ ᠪᠠᠶᠢᠬᠤ ᠦᠭᠡᠢ᠂ | ᠬᠥᠮᠦᠨ ᠦᠭᠡᠶ ᠣᠷᠣᠨ ᠳᠤ ᠡᠯ᠎ᠡ ᠵᠦᠢᠯ ᠤᠨ ᠰᠣᠷᠭᠤᠭ ᠴᠡᠴᠡᠭ ᠳᠡᠯᠬᠡᠷᠡᠵᠤ᠂ ᠡᠪᠡᠰᠦ ᠶᠢᠨ ᠲᠥᠷᠥᠯ ᠵᠦᠢᠯ ᠴᠦ | ᠳᠡᠰᠤᠷᠡᠯᠳᠡ ᠥᠬᠡᠢ ᠨᠡᠮᠡᠭᠳᠡᠵᠤ ᠪᠤᠢ︾ ᠬᠡᠵᠤ ᠪᠣᠶ᠋ᠬᠠᠤᠷᠳᠣ ᠵᠡᠯᠭᠠᠭᠠᠳ ᠵᠤᠭᠤᠬ ᠢᠶᠠᠨ ᠳᠡᠯᠬᠡᠨ᠎ᠡ᠃ | 2013 ᠣᠨ ᠠᠴᠠ ᠡᠬᠢᠯᠡᠨ᠂ ᠵᠠᠷᠣᠣᠨ ᠬᠤᠰᠢᠭᠤ ᠶᠡᠭᠡ ᠬᠡᠮᠵᠢᠶᠠᠨ ᠤ ᠪᠡᠯᠡ ᠮᠥᠩᠭᠦ ᠣᠷᠣᠭᠤᠯᠵᠤ᠂ | ᠬᠤᠶᠢᠳᠤ ᠪᠡᠶ᠎ᠡ ᠶᠢᠨ ᠮᠠᠯᠵᠢᠬᠤ ᠣᠷᠣᠨ ᠳᠤ 360 ᠲᠦᠮᠡᠨ ᠮᠦ ᠲᠥᠪᠯᠡᠷᠡᠨ ᠵᠠᠯᠭᠠᠯᠳᠤᠭᠰᠠᠨ ᠬᠠᠮᠠᠭᠠᠯᠠᠯᠲᠠ ᠶᠢᠨ | ᠣᠷᠣᠨ ᠪᠠᠶᠢᠭᠤᠯᠵᠤ᠂ ᠬᠤᠶᠠᠷ ᠪᠦᠯᠦᠭ ᠬᠤᠪᠢᠶᠠᠨ 1144 ᠡᠷᠦᠬᠡ᠂ 3260 ᠬᠦᠮᠤᠨ ᠠᠮᠡ ᠶᠢ ᠨᠡᠬᠦᠯᠬᠡᠨ | ᠰᠢᠯᠵᠢᠬᠦᠯᠥᠭᠰᠡᠨ ᠪᠥ᠋ᠬᠡᠳ ᠪᠡᠯᠴᠢᠭᠡᠷᠯᠡᠬᠦᠯᠤᠨ ᠮᠡᠯᠵᠢᠬᠤ ᠶᠢ ᠪᠦᠬᠦ ᠲᠠᠯ᠎ᠠ ᠪᠠᠷ ᠬᠢᠵᠡᠭᠠᠷᠯᠡᠨ ᠠᠲᠠᠷ | ᠬᠠᠭᠠᠯᠪᠤᠷᠢᠯᠠᠬᠤ ᠶᠢ ᠴᠠᠭᠠᠵᠠᠯᠠᠵᠤ᠂ ᠨᠤᠲᠤᠭ ᠪᠡᠯᠴᠢᠭᠡᠷ ᠢ ᠠᠶᠠᠨᠳᠠᠭᠠᠨ ᠰᠡᠷᠭᠦᠭᠡᠪᠡ᠃ ᠣᠳᠣᠬᠠᠨ ᠳᠤ᠂ ᠪᠦᠬᠦᠢ | ᠯᠡ ᠬᠠᠮᠠᠭᠠᠯᠠᠯᠲᠠ ᠶᠢᠨ ᠣᠷᠣᠨ ᠳᠤ ᠡᠪᠡᠰᠦ ᠣᠷᠭᠤᠮᠡᠯ ᠪᠦᠰᠡᠯᠡᠬᠦᠷ ᠲᠠᠪᠠᠵᠤ᠂ ᠬᠤᠸᠡᠷ ᠴᠡᠴᠡᠭ ᠥᠡᠭᠬᠡ ᠢᠯᠭᠠᠷᠡᠨ | ᠳᠡᠯᠭᠡᠷᠡᠵᠦ᠂ ᠶᠡᠭᠡ ᠬᠡᠮᠵᠢᠶᠡᠨ ᠤ ᠬᠡᠭᠡᠷ᠎ᠡ ᠶᠢᠨ ᠠᠮᠢᠲᠠᠨ ᠲᠠᠯ᠎ᠠ ᠨᠤᠲᠤᠭ ᠲᠤ ᠨᠡᠭᠦᠳᠡᠯᠯᠡᠨ ᠢᠷᠡᠵᠤ ᠨᠣᠳᠣᠭᠰᠢᠨ᠂ | ᠡᠪᠡᠰᠣᠳᠣ ᠲᠠᠯ᠎ᠠ ᠶᠢᠨ ᠲᠣᠮᠳᠠᠭᠤᠷ ᠭᠤᠣᠯ ᠭᠤᠷᠤᠬ᠎ᠠ ᠤᠷᠤᠰᠴᠤ᠂ ᠠᠭᠤᠷ ᠠᠮᠢᠰᠬᠤᠯ ᠰᠢᠨ᠎ᠡ ᠰᠣᠷᠭᠤᠭ ᠴᠢᠭᠢᠭᠯᠢᠭ | ᠪᠠᠶᠢᠵᠤ᠂ ᠶᠠᠭ ᠯᠠ ᠲᠡᠭᠷᠢᠯᠢᠭ ᠲᠠᠯ᠎ᠠ ᠨᠤᠲᠤᠭ ᠰᠢᠬ ᠭᠤᠶᠤᠬᠠᠨ ᠪᠤᠢ᠃ ᠡᠭᠦᠨ ᠤ ᠬᠠᠮᠲᠤ᠂ ᠵᠠᠷᠣᠣᠨ ᠬᠤᠰᠢᠭᠤ | ᠪᠠᠶᠢᠭᠠᠯᠢ ᠶᠢᠨ ᠲᠠᠯ᠎ᠠ ᠨᠤᠲᠤᠭ ᠤᠨ ᠣᠳᠣ ᠦᠶ᠎ᠡ ᠶᠢᠨ ᠮᠠᠯ ᠠᠵᠤ ᠠᠬᠤᠢ ᠶᠢᠨ ᠵᠢᠱᠢᠶ᠎ᠡ ᠦᠵᠡᠭᠦᠯᠬᠦ ᠢᠨᠵᠧᠨᠧᠷᠢᠩ ᠢ | ᠭᠦᠨᠵᠡᠭᠡᠶ ᠬᠡᠷᠡᠭᠵᠢᠭᠦᠯᠵᠦ᠂ ᠠᠮᠢ ᠠᠬᠤᠶ ᠶᠢ ᠬᠠᠮᠠᠭᠠᠯᠠᠵᠤ ᠪᠡᠯᠴᠢᠭᠡᠷᠯᠡᠭᠦᠯᠤᠨ ᠮᠡᠯᠵᠢᠬᠤ ᠶᠢ ᠬᠢᠵᠡᠭᠠᠷᠯᠡᠵᠤ | ᠬᠠᠰᠢᠶᠠᠯᠠᠨ ᠲᠡᠵᠢᠭᠡᠬᠦ᠂ ᠬᠠᠭᠠᠰ ᠬᠠᠰᠢᠶᠠᠯᠠᠨ ᠲᠡᠵᠢᠭᠡᠬᠦ᠂ ᠤᠯᠠᠷᠢᠯ ᠤᠨ ᠴᠢᠨᠠᠷᠲᠠᠶ ᠰᠡᠯᠭᠦᠨ ᠮᠠᠯᠵᠢᠬᠤ ᠲᠥᠷᠥ ᠶᠢᠨ | ᠪᠣᠳᠣᠯᠭ᠎ᠠ ᠶᠢ ᠴᠢᠩᠭ᠎ᠠ ᠨᠠᠶᠢᠳᠠᠪᠣᠷᠢᠵᠢᠭᠤᠯᠤᠭᠰᠠᠨ ᠠᠴᠠ ᠨᠤᠲᠤᠭ ᠪᠡᠯᠴᠢᠭᠡᠷ ᠤᠨ ᠤᠷᠭᠤᠮᠠᠯ ᠬᠤᠴᠢᠯᠭ᠎ᠠ ᠢᠯᠡᠳᠲᠡ | ᠰᠡᠷᠭᠦᠵᠤ᠂ ᠮᠠᠯ ᠠᠵᠤ ᠠᠬᠤᠢ ᠶᠢᠨ ᠶᠠᠰᠤ ᠴᠢᠨᠠᠷ ᠲᠡᠭᠡᠭᠰᠢᠯᠡᠨ ᠦᠷ᠎ᠡ ᠠᠰᠢᠭ ᠨᠢ ᠨᠡᠮᠡᠭᠳᠡᠪᠡ᠃ ᠭᠡᠷᠴᠢᠯᠠᠭᠤ | ᠰᠤᠮᠤ ᠶᠢᠨ ᠬᠥᠭᠦᠷᠭᠡ ᠭᠠᠴᠠᠭ᠎ᠠ ᠶᠢᠨ ᠮᠠᠯᠴᠢᠨ ᠬᠦᠣᠳᠠᠭᠤᠯᠨ ᠶᠢᠨ ᠬᠢᠨ ᠪᠤᠭ ᠮᠠᠯ ᠢ ᠪᠠᠭᠠᠰᠬᠠᠵᠣ ᠦᠭᠡᠷ ᠢ | ᠨᠡᠮᠡᠭᠳᠡᠬᠦᠯᠬᠦ ᠣᠷᠢᠶ᠎ᠠ ᠶᠢ ᠴᠣᠣᠷᠢᠶᠠᠳᠣᠨ ᠳᠠᠭᠠᠵᠤ᠂ 2000 ᠮᠦ ᠬᠠᠳᠤᠯᠠᠩ ᠪᠡᠯᠴᠢᠭᠡᠷ ᠢᠶᠠᠨ ᠪᠢᠲᠡᠭᠦᠮᠵᠢᠯᠡᠨ | ᠬᠠᠮᠠᠭᠠᠯᠠᠵᠤ᠂ ᠬᠠᠪᠤᠷ ᠵᠤᠨ ᠳᠠᠭᠠᠨ ᠵᠤᠰᠠᠯᠠᠩ ᠤᠨ ᠭᠠᠵᠠᠷ ᠲᠠᠭᠠᠨ ᠬᠦᠷᠴᠦ ᠨᠡᠭᠦᠳᠡᠯᠯᠡᠨ ᠮᠠᠯᠵᠢᠵᠤ᠂ ᠨᠠᠮᠤᠷ ᠡᠪᠦᠯ | ᠨᠤᠳᠤᠭ ᠲᠠᠭᠠᠨ ᠪᠤᠴᠠᠵᠤ ᠮᠠᠯ ᠰᠦᠷᠦᠭ ᠢᠶᠠᠨ ᠬᠠᠰᠢᠶᠠᠯᠠᠨ ᠲᠡᠵᠢᠭᠡᠵᠤ᠂ ᠬᠠᠳᠤᠯᠠᠩ ᠪᠡᠯᠴᠢᠭᠡᠷ ᠢ ᠪᠦᠲᠦᠮᠵᠢᠲᠡᠶ | ᠠᠰᠢᠭᠯᠠᠵᠤ᠂ ᠬᠠᠳᠤᠯᠠᠩ ᠪᠡᠯᠴᠢᠭᠡᠷ ᠢ ᠰᠡᠯᠬᠦᠨ ᠠᠮᠤᠷᠵᠢᠭᠤᠯᠤᠭᠰᠠᠨ ᠢᠶᠠᠷ᠂ ᠨᠤᠳᠤᠬ ᠪᠡᠯᠴᠢᠬᠡᠷ ᠢᠶᠠᠨ ᠰᠡᠷᠬᠦᠬᠡᠬᠦ | ᠪᠡ ᠠᠰᠢᠬ ᠤᠷᠤᠯᠭ᠎ᠠ ᠪᠠᠨ ᠨᠡᠮᠡᠭᠳᠡᠬᠦᠯᠬᠦ ᠬᠤᠤᠰ ᠥᠷ᠎ᠡ ᠠᠰᠢᠬ ᠢ ᠪᠡᠶᠡᠯᠡᠬᠦᠯᠥᠭᠰᠡᠨ ᠪᠠᠶᠢᠨ᠎ᠡ᠃ | ︽ᠣᠳᠣ ᠡᠪᠡᠰᠦ ᠪᠡᠯᠴᠢᠭᠡᠷ ᠰᠡᠷᠬᠦᠵᠤ᠂ ᠠᠮᠢ ᠠᠬᠤᠢ ᠢᠯᠡᠳᠲᠡ ᠰᠠᠶᠢᠵᠢᠷᠠᠯᠡ︕ ᠡᠨᠡ ᠨᠢ ᠮᠠᠨ ᠤ | ᠮᠠᠯᠴᠢᠳ ᠲᠤ ᠠᠪᠴᠤ ᠬᠡᠯᠡᠪᠡᠯ ᠠᠰᠢᠭᠲᠠᠢ ᠲᠠᠯ᠎ᠠ ᠮᠠᠰᠢ ᠣᠯᠠᠨ ᠪᠠᠶᠢᠨ᠎ᠠ︾ ᠬᠡᠵᠤ ᠬᠦᠣᠳᠠᠭᠤᠯᠨ ᠪᠡᠶᠡᠷᠳᠡᠶᠢᠬᠠᠨ | ᠶᠡᠷᠢᠨ᠎ᠡ᠃ | ᠣᠶᠢᠷ᠎ᠡ ᠶᠢᠨ ᠵᠢᠯ᠂ ᠵᠠᠷᠣᠣᠨ ᠬᠤᠰᠢᠭᠤ ᠬᠥᠬᠡᠮᠳᠦᠭ ᠨᠣᠭᠤᠭᠠᠨ ᠠᠭᠤᠯᠠ ᠤᠰᠤ ᠪᠣᠯ ᠲᠠᠷᠤᠢ ᠠᠯᠲᠠ | ᠮᠥᠩᠭᠦᠨ ᠠᠭᠤᠯᠠ ᠮᠥᠨ ᠭᠡᠮᠡᠬᠦ ᠣᠶᠢᠯᠠᠭᠠᠭᠳᠠᠬᠤᠨ ᠢ ᠢᠮᠠᠭᠲᠠ ᠪᠠᠲᠤ ᠪᠠᠬᠢ ᠪᠣᠶ ᠪᠣᠯᠭᠠᠨ ᠦᠢᠯᠡᠳᠦᠯᠭᠡᠵᠢᠭᠦᠯᠵᠦ᠂ | ᠬᠠᠮᠠᠭᠠᠯᠠᠬᠤ ᠶᠢ ᠲᠡᠷᠢᠭᠦᠨ ᠳᠤ ᠲᠠᠯᠪᠢᠵᠤ᠂ ᠪᠣᠬᠢᠷᠳᠣᠯ ᠥᠬᠡᠶ ᠬᠦᠭᠵᠢᠯᠳᠠ ᠶᠢ ᠪᠠᠷᠢᠮᠲᠠᠯᠠᠨ᠂ ᠨᠤᠲᠤᠭ ᠪᠡᠯᠴᠢᠭᠡᠷ ᠢ | ᠬᠠᠮᠠᠭᠠᠯᠠᠬᠤ᠂ ᠮᠠᠯ ᠠᠵᠤ ᠠᠬᠤᠶ ᠶᠢ ᠬᠥᠭᠵᠢᠭᠦᠯᠬᠦ᠂ ᠮᠠᠯᠴᠢᠨ ᠲᠠᠷᠢᠶᠠᠴᠢᠣᠨ ᠤᠨ ᠣᠷᠣᠯᠭ᠎ᠠ ᠶᠢ ᠨᠡᠮᠡᠭᠳᠡᠭᠦᠯᠬᠦ | ᠰᠠᠶᠢᠨ ᠣᠷᠴᠢᠯ ᠢ ᠪᠡᠶᠡᠯᠡᠭᠦᠯᠥᠭᠰᠡᠨ ᠪᠠᠶᠢᠨ᠎ᠡ᠃ 2020 ᠣᠨ ᠳᠤ᠂ ᠵᠠᠷᠣᠣᠨ ᠬᠤᠰᠢᠭᠤ ᠡᠯᠡᠰᠦᠷᠬᠡᠭᠵᠢᠭᠰᠡᠨ | ᠨᠤᠲᠤᠭ ᠪᠡᠯᠴᠢᠭᠡᠷ ᠢᠶᠠᠷ ᠭᠤᠣᠯᠳᠠᠯᠭ᠎ᠠ ᠪᠣᠯᠭᠠᠵᠤ᠂ ᠬᠠᠭᠠᠯᠪᠤᠷᠢᠯᠠᠬᠤ ᠦᠭᠡᠢ ᠪᠠᠷ ᠨᠥᠬᠦᠪᠥᠷᠢᠯᠡᠨ ᠲᠠᠷᠢᠬᠤ᠂ | ᠨᠢᠰᠬᠡᠯ ᠢᠶᠠᠷ ᠲᠠᠷᠢᠬᠤ ᠵᠡᠷᠭᠡ ᠠᠷᠭ᠎ᠠ ᠬᠡᠮᠵᠢᠶ᠎ᠡ ᠠᠪᠴᠣ᠂ ᠪᠠᠶᠢᠭᠠᠯᠢᠯᠢᠭ ᠨᠤᠲᠤᠭ ᠪᠡᠯᠴᠢᠭᠡᠷ ᠲᠤ ᠪᠡᠯᠴᠢᠬᠡᠷᠯᠡᠬᠦᠯᠤᠨ | ᠮᠠᠯᠵᠢᠬᠤ ᠶᠢ ᠬᠢᠵᠡᠭᠠᠷᠯᠡᠵᠤ ᠡᠪᠡᠰᠦ ᠪᠡᠯᠴᠢᠭᠡᠷ ᠢ ᠰᠡᠷᠭᠦᠭᠡᠬᠦ᠂ ᠨᠤᠲᠤᠭ ᠪᠡᠯᠴᠢᠭᠡᠷ ᠤᠨ ᠨᠥᠬᠦᠪᠥᠷᠢ ᠱᠠᠩᠨᠠᠯ | ᠣᠯᠭᠤᠬᠤ ᠵᠡᠷᠭᠡ ᠲᠥᠷᠥᠯ ᠵᠦᠢᠯ ᠤᠨ ᠪᠠᠯᠠ ᠮᠥᠩᠭᠦ ᠶᠢ ᠨᠡᠶᠢᠳᠡ 1841 ᠲᠦᠮᠡᠨ ᠲᠥᠭᠦᠷᠢᠭ ᠨᠢᠬᠡᠳᠬᠡᠵᠤ᠂ 50 | ᠲᠦᠮᠡᠨ ᠮᠦ ᠨᠤᠲᠤᠭ ᠪᠡᠯᠴᠢᠭᠡᠷ ᠢ ᠵᠠᠰᠠᠨ ᠰᠡᠷᠭᠦᠭᠡᠬᠦ ᠪᠠᠷ ᠪᠠᠶᠢᠨ᠎ᠠ ᠡᠭᠦᠨ ᠳᠤ᠂ 20 ᠲᠦᠮᠡᠨ ᠮᠦ ᠨᠤᠲᠤᠭ | ᠪᠡᠯᠴᠢᠭᠡᠷ ᠢ ᠰᠠᠶᠢᠵᠢᠷᠠᠭᠤᠯᠵᠤ᠂ 1 ᠲᠦᠮᠡᠨ ᠮᠦ ᠡᠪᠡᠰᠦ ᠲᠠᠷᠢᠵᠤ᠂ 2 ᠲᠦᠮᠡᠨ ᠮᠦ ᠬᠤᠣᠷᠲᠤ ᠡᠪᠡᠰᠣ ᠶᠢ ᠵᠠᠰᠠᠡ᠂ | ᠪᠢᠳᠡᠬᠦᠮᠵᠢᠯᠡᠨ ᠴᠠᠭᠠᠵᠠᠯᠠᠬᠤ ᠵᠡᠷᠭᠡ ᠪᠠᠷ ᠪᠠᠶᠢᠭᠠᠯᠢ ᠶᠢᠨ ᠵᠠᠰᠠᠨ ᠰᠡᠷᠬᠦᠬᠡᠯᠳᠡ ᠶᠢ 27 ᠲᠦᠮᠡᠨ ᠮᠦ ᠪᠡᠶᠡᠯᠡᠬᠦᠯᠬᠦ | ᠪᠤᠯᠤᠨ᠎ᠠ᠃ | |