| ᠵᠠᠷᠤᠳ ᠬᠤᠰᠢᠭᠤᠨ ᠤ ᠭᠠᠭ᠋ᠠᠶᠢᠳᠤ ᠪᠠᠯᠭᠠᠰᠤ ᠶᠢᠨ ᠬᠠᠮᠤᠭ ᠤᠨ ᠵᠡᠭᠦᠨ ᠬᠤᠶᠢᠨ᠎ᠠ ᠪᠠᠶᠢᠷᠢᠯᠠᠭ᠎ᠠ ᠲᠠᠯᠠᠪᠤᠯᠠᠭ | ᠭᠠᠴᠠᠭ᠎ᠠ ᠶᠢᠨ ᠳ᠋ᠦᠩ ᠰᠢᠤᠢ ᠯᠢᠶᠠᠩ ᠤᠨ ᠭᠡᠷ ᠪᠦᠯᠢ ᠶᠢᠨ ᠮᠠᠯᠵᠢᠯ ᠤᠨ ᠲᠠᠯᠠᠪᠠᠢ ᠳᠤ ᠬᠦᠷᠬᠦᠶ᠎ᠡ᠂ ᠪᠠᠷᠢᠮᠵᠢᠶᠠᠳᠤ | ᠡᠪᠡᠰᠤ ᠪᠤᠷᠳᠤᠭ᠎ᠠ ᠬᠠᠳᠠᠭᠠᠯᠠᠬᠤ ᠬᠦᠮᠦᠷᠭᠡ᠂ ᠬᠦᠬᠡ ᠪᠤᠷᠳᠤᠭ᠎ᠠ ᠲᠠᠷᠤᠰᠢᠭᠤᠯᠬᠤ ᠵᠣᠭᠤᠷᠢ᠂ 120 ᠮᠧᠲᠷ ᠤᠷᠳᠤ | ᠦᠭᠡᠷ ᠲᠡᠵᠢᠭᠡᠬᠦ ᠱᠦᠢᠨᠢ ᠤᠩᠭᠤᠴᠠ᠂ ᠵᠠᠳᠠᠭᠠᠢ ᠮᠠᠯ ᠤᠨ ᠬᠠᠰᠢᠶ᠎ᠠ᠂ ᠮᠡᠯ ᠤᠨ ᠫᠧᠩ ᠰᠡᠷᠡᠪᠴᠢ᠂ ᠴᠠᠬᠢᠯᠭᠠᠨ | ᠬᠤᠳᠳᠤᠭ᠂ ᠪᠤᠷᠳᠤᠭ᠎ᠠ ᠬᠤᠯᠢᠬᠤ ᠮᠠᠰᠢᠨ᠂ ᠤᠳᠬᠤᠭᠤᠷ ᠲᠡᠷᠭᠡ ᠵᠡᠷᠭᠡ ᠮᠡᠰᠢᠨ ᠲᠦᠬᠦᠭᠡᠷᠦᠮᠵᠢ ᠪᠥᠷᠢᠨ ᠳᠥᠬᠦᠷ | ᠪᠠᠶᠢᠵᠤ᠂ ᠲᠠᠷᠭᠤ ᠰᠠᠶᠢᠳᠠᠢ ᠤᠯᠠᠭᠠᠨ ᠠᠯᠠᠭ ᠦᠨᠢᠶ᠎ᠡ ᠬᠠᠰᠢᠶ᠎ᠡ ᠳᠥᠬᠦᠷᠡᠩ ᠬᠡᠪᠳᠡᠵᠦ ᠁ ᠶᠤᠰᠤᠳᠠᠢ ᠯᠡ | ᠦᠵᠡᠭᠰᠡᠨ ᠪᠤᠯᠭᠠᠨ ᠢ ᠱᠠᠭᠰᠢᠭᠤᠯᠤᠮᠠ ᠮᠠᠯᠴᠢᠨ ᠠᠶᠢᠯ ᠪᠤᠯᠤᠨ᠎ᠡ᠃ | ᠡᠨᠡ ᠬᠦ ᠭᠡᠷ ᠪᠦᠯᠢ ᠶᠢᠨ ᠮᠠᠯᠵᠢᠯ ᠤᠨ ᠲᠠᠯᠠᠪᠠᠢ ᠶᠢᠨ ᠡᠵᠡᠨ ᠨᠢ ᠪᠣᠯ ᠭᠤᠴᠢᠨ ᠲᠦᠷᠪᠡᠬᠡᠨ ᠨᠠᠰᠤᠲᠠᠢ ᠮᠤᠩᠭᠤᠯ | ᠵᠠᠯᠠᠭᠤ ᠳ᠋ᠦᠩ ᠰᠢᠥᠢ ᠯᠢᠶᠠᠩ ᠪᠤᠯᠤᠨ᠎ᠠ᠃ ︽ᠤᠳᠤ ᠵᠠᠭᠤ ᠲᠠᠯ᠎ᠠ ᠨᠠᠶᠠᠨ ᠮᠠᠯ ᠲᠡᠵᠢᠭᠡᠵᠦ ᠪᠠᠶᠢᠨ᠎ᠠ᠂ ᠡᠨᠡ ᠵᠢᠯ | ᠨᠠᠶᠠᠭᠠᠳ ᠲᠤᠭᠤᠯ ᠲᠤᠭᠤᠯᠯᠠᠵᠠᠢ᠂ ᠡᠨᠡ ᠵᠢᠯ ᠤᠨ ᠮᠠᠯ ᠤᠨ ᠬᠠᠩᠰᠢ ᠲᠤᠩ ᠰᠠᠶᠢᠨ ᠪᠠᠶᠢᠨ᠎ᠡ︾ ᠬᠡᠵᠦ ᠲᠡᠮᠦᠷ | ᠵᠢᠶᠠᠰᠠ ᠪᠠᠷ ᠬᠦᠷᠢᠶᠡᠯᠡᠭᠰᠡᠨ ᠬᠠᠰᠢᠶ᠎ᠡ ᠲᠤᠳᠤᠷᠠᠬᠢ ᠲᠤᠭᠤᠯ ᠤᠳ ᠢᠶᠠᠨ ᠵᠢᠭᠠᠨ ᠳ᠋ᠦᠩ ᠰᠢᠥᠢ ᠯᠢᠶᠠᠩ | ᠰᠣᠷᠪᠤᠯᠵᠢᠯᠠᠭᠴᠢ ᠳᠤ ᠤᠮᠤᠬ ᠲᠠᠢ ᠶᠡᠷᠢᠨ᠎ᠡ᠃ ᠳ᠋ᠦᠩ ᠰᠢᠥᠢ ᠯᠢᠶᠠᠩ ᠢ ᠦᠵᠡᠬᠦ ᠳᠤ ᠦᠭᠡ ᠲᠠᠭᠤ ᠴᠦᠭᠡᠨ | ᠪᠤᠯᠪᠠᠴᠤ ᠴᠠᠭᠠᠨ᠎ᠠ ᠪᠠᠨ ᠮᠡᠷᠭᠡᠨ ᠪᠤᠳᠤᠯᠭ᠎ᠠ ᠲᠠᠢ ᠭᠡᠳᠡᠭ ᠨᠢ ᠲᠡᠭᠦᠨ ᠤ ᠬᠢᠵᠤ ᠪᠦᠳᠦᠭᠡᠵᠤ ᠶᠠᠪᠤᠭ᠎ᠠ ᠠᠵᠢᠯ | ᠥᠢᠯᠡᠰ ᠠᠴᠠ ᠨᠢ ᠢᠯᠡᠬᠡᠨ ᠤᠯᠵᠤ ᠬᠠᠷᠡᠨᠡ᠃ | ᠲᠡᠭᠡᠷ᠎ᠡ ᠵᠠᠭᠤᠨ ᠤ ᠶᠡᠷᠡᠭᠡᠳ ᠣᠨ ᠤ ᠦᠶ᠎ᠡ ᠳᠤ᠂ ᠳ᠋ᠦᠩ ᠰᠢᠥᠢ ᠯᠢᠶᠠᠩ ᠤᠨ ᠬᠢᠨ ᠲᠠᠯ᠎ᠠ ᠨᠠᠶᠠᠨ ᠮᠠᠯ ᠲᠠᠢ | ᠮᠠᠯ ᠢᠶᠠᠷ ᠪᠠᠶᠠᠨ ᠠᠶᠢᠯ ᠪᠠᠶᠢᠵᠠᠢ᠃ ᠮᠠᠯ ᠤᠨ ᠲᠤᠭ᠎ᠠ ᠲᠤᠯᠤᠭᠠᠢ ᠠᠷᠪᠢᠨ ᠠᠴᠠ ᠬᠠᠭᠠᠰ ᠵᠢᠯ ᠨᠢ ᠬᠠᠰᠢᠶᠠᠯᠠᠨ | ᠲᠡᠵᠢᠭᠡᠵᠦ᠂ ᠬᠠᠭᠠᠰ ᠵᠢᠯ ᠨᠢ ᠪᠤᠰᠤᠳ ᠤᠨ ᠪᠡᠯᠴᠢᠭᠡᠷ ᠢ ᠲᠦᠷᠢᠶᠡᠰᠦᠯᠡᠨ ᠮᠠᠯ ᠢᠶᠠᠨ ᠲᠡᠵᠢᠭᠡᠵᠤ ᠪᠠᠶᠢᠪᠠ᠃ ᠳ᠋ᠦᠩ | ᠰᠢᠥᠢ ᠯᠢᠶᠠᠩ᠄ ︽ ᠮᠢᠨᠤ ᠠᠪᠦ ᠨᠢᠭᠡ ᠨᠠᠰᠣᠨ ᠳᠠᠭᠠᠨ ᠦᠢᠯᠡ ᠪᠠᠨ ᠪᠠᠷᠠᠵᠦ ᠶᠠᠪᠤᠵᠠᠢ᠃ ᠬᠦᠮᠦᠨ ᠤ ᠭᠠᠵᠠᠷ | ᠮᠠᠯ ᠢᠶᠠᠨ ᠠᠪᠠᠴᠢᠵᠦ ᠲᠡᠵᠢᠭᠡᠳᠡᠭ᠂ ᠬᠦᠭᠡᠭᠡᠭᠳᠡᠵᠦ ᠬᠦᠳᠦᠯᠦᠭᠳᠡᠵᠦ ᠯᠠ ᠶᠠᠪᠤᠵᠦ ᠪᠠᠶᠢᠵᠠᠢ ᠁︾ ᠬᠡᠵᠦ | ᠦᠩᠭᠡᠷᠡᠭᠰᠡᠨ ᠢᠶᠠᠨ ᠡᠷᠭᠢᠴᠡᠭᠦᠯᠦᠨ᠎ᠡ᠃ ᠠᠪᠤ ᠶᠢᠨ ᠢᠶᠠᠨ ᠦᠢᠯᠡ ᠪᠠᠨ ᠪᠠᠷᠠᠵᠦ ᠪᠠᠶᠢᠭᠰᠠᠨ ᠢ ᠨᠢᠳᠤ ᠪᠠᠷ ᠢᠶᠠᠨ | ᠦᠵᠡᠭᠰᠡᠨ ᠳ᠋ᠦᠩ ᠰᠢᠥᠢ ᠯᠢᠶᠠᠩ ᠦᠩᠭᠡᠷᠡᠭᠰᠡᠨ ᠤ ᠮᠠᠯᠵᠢᠬᠤ ᠠᠷᠭ᠎ᠠ ᠮᠠᠶ᠋ᠢᠭ ᠢᠶᠠᠨ ᠦᠭᠡᠷᠡᠴᠢᠯᠡᠬᠦ ᠪᠠᠷ ᠵᠤᠷᠢᠭ | ᠰᠢᠭᠤᠳᠪᠡ᠃ 2016 ᠤᠨ ᠠᠴᠠ ᠡᠬᠢᠯᠡᠨ᠂ ᠫᠧᠩ ᠰᠠᠷᠠᠪᠴᠢ ᠵᠡᠷᠭᠡ ᠶᠢᠨ ᠪᠦᠳᠦᠭᠡᠨ ᠪᠠᠶᠢᠭᠤᠯᠤᠯᠳᠡ ᠬᠢᠪᠡ᠃ | ᠲᠦᠷᠪᠡᠨ ᠵᠢᠯ ᠤᠨ ᠲᠤᠷᠰᠢ᠂ ᠳᠡᠷᠡ ᠤᠷᠤᠯᠭ᠎ᠠ ᠪᠠᠨ ᠪᠦᠬᠦᠨ ᠢ ᠪᠦᠳᠦᠭᠡᠨ ᠪᠠᠶᠢᠭᠤᠯᠤᠯᠳᠠ ᠳᠤ ᠤᠷᠤᠭᠤᠯᠵᠦ᠂ | ᠡᠮᠦᠨ᠎ᠡ ᠬᠤᠶᠢᠨ᠎ᠠ 100 ᠲᠦᠮᠡᠨ ᠲᠦᠭᠦᠷᠢᠭ ᠰᠢᠬᠠᠮ ᠵᠠᠷᠤᠴᠠᠭᠤᠯᠪᠡ᠃ ᠳ᠋ᠦᠩ ᠰᠢᠥᠢ ᠯᠢᠶᠠᠩ ᠪᠤᠷᠳᠤᠭ᠎ᠠ ᠪᠠᠨ | ᠪᠤᠷᠳᠤᠭ᠎ᠠ ᠬᠤᠯᠢᠬᠤ ᠮᠠᠰᠢᠨ ᠳᠠᠭᠠᠨ ᠬᠢᠵᠦ ᠬᠤᠯᠢᠭᠰᠠᠨ ᠤ ᠲᠠᠷᠠᠭ᠎ᠠ᠂ 10 ᠮᠢᠨᠦ᠋ᠲ ᠪᠤᠯᠤᠯ ᠦᠭᠡᠢ 180 | ᠭᠠᠷᠦᠢ ᠮᠠᠯ ᠢᠶᠠᠨ ᠪᠦᠭᠦᠡ ᠢ ᠲᠡᠵᠢᠭᠡᠵᠤ ᠳᠡᠭᠤᠰᠬᠠᠪᠡ᠃ ᠳ᠋ᠦᠩ ᠰᠢᠥᠢ ᠯᠢᠶᠠᠩ᠄ ︽ᠤᠤᠯ ᠨᠢ ᠡᠨᠡ ᠴᠢᠨᠢ ᠮᠠᠨ ᠤ | ᠭᠡᠷ ᠤᠨ ᠲᠠᠪᠤᠭᠤᠯᠠ ᠶᠢᠨ ᠨᠢᠭᠡ ᠡᠳᠦᠷ ᠤᠨ ᠠᠵᠢᠯ ᠰᠢᠤ᠂ ᠤᠳᠤᠬᠠᠨ ᠳᠤ᠂ ᠮᠡᠰᠢᠨ ᠳᠥᠬᠦᠬᠡᠷᠤᠮᠵᠢ ᠪᠥᠷᠢᠨ | ᠳᠥᠬᠦᠷ ᠪᠠᠶᠢᠳᠠᠬ ᠢᠶᠠᠷ ᠪᠢ ᠭᠠᠭᠴᠠᠭᠠᠷ ᠢᠶᠠᠨ 3 ᠠᠴᠠ 4 ᠴᠠᠭ ᠬᠢᠪᠡᠯ ᠤᠤᠯ ᠤᠨ ᠨᠢᠭᠡ ᠡᠳᠦᠷ ᠤᠨ ᠠᠵᠢᠯ ᠢ | ᠪᠦᠬᠦᠨ ᠢ ᠪᠡᠶᠡᠯᠡᠬᠦᠯᠤᠨ᠎ᠡ᠂ ᠮᠠᠯ ᠤᠨ ᠦᠬᠦᠯ ᠬᠤᠷᠤᠭᠳᠠᠯ ᠴᠤ ᠪᠠᠰᠠ ᠪᠠᠭ᠎ᠠ ᠪᠤᠯᠤᠭᠰᠠᠨ ᠰᠢᠤ︾ ᠬᠡᠵᠦ | ᠤᠷᠮᠡᠳᠡᠶᠢᠬᠠᠨ ᠶᠡᠷᠢᠵᠤ ᠭᠠᠷᠤᠨ᠎ᠡ᠃ | ᠳ᠋ᠦᠩ ᠰᠢᠥᠢ ᠯᠢᠶᠠᠩ ᠵᠦᠪᠬᠡᠨ ᠮᠠᠯ ᠲᠡᠵᠢᠭᠡᠬᠦ ᠰᠠᠭᠤᠷᠢ ᠲᠦᠬᠦᠭᠡᠷᠦᠮᠵᠢ ᠪᠠᠶᠢᠭᠤᠯᠤᠭᠠᠳ ᠵᠤᠭᠰᠤᠭᠰᠠᠨ ᠪᠢᠰᠢ᠂ | ᠲᠡᠷᠡ ᠪᠠᠰᠠ ᠰᠢᠨᠵᠢᠯᠡᠬᠦ ᠤᠬᠠᠭᠠᠨᠴᠢ ᠪᠠᠷ ᠮᠠᠯ ᠲᠡᠵᠢᠭᠡᠬᠦ ᠠᠷᠭ᠎ᠠ ᠶᠢ ᠰᠦᠪᠡᠭᠴᠢᠯᠡᠨ ᠰᠣᠷᠣᠯᠴᠠᠵᠤ᠂ ᠮᠠᠯ | ᠲᠡᠵᠢᠭᠡᠬᠦ ᠦᠷ᠎ᠡ ᠠᠰᠢᠭ ᠢᠶᠠᠨ ᠲᠡᠭᠡᠭᠰᠢᠯᠡᠭᠦᠯᠪᠡ᠃ 2015 ᠣᠨ ᠠᠴᠠ᠂ ᠳ᠋ᠦᠡᠭ ᠰᠢᠤᠢ ᠯᠢᠶᠠᠩ ᠮᠠᠯ ᠤᠨ ᠢᠶᠠᠨ | ᠡᠭᠦᠯᠳᠡᠷ ᠢ ᠰᠠᠶᠢᠵᠢᠷᠠᠭᠤᠯᠵᠦ᠂ ᠮᠠᠯ ᠢᠶᠠᠨ ᠪᠦᠬᠦᠨ ᠢ ᠰᠢᠮᠧᠨ᠋ᠳᠠᠷ ᠦᠬᠡᠷ ᠪᠤᠯᠭᠠᠨ ᠦᠭᠡᠷᠡᠴᠢᠯᠡᠵᠦ ᠪᠤᠷᠳᠤᠨ | ᠲᠠᠷᠭᠤᠯᠠᠭᠤᠯᠬᠤ ᠠᠵᠢᠯ ᠢ ᠰᠠᠶᠢᠳᠤᠷ ᠬᠢᠵᠦ᠂ ᠦᠷ᠎ᠡ ᠠᠰᠢᠭ ᠢᠶᠠᠨ ᠲᠡᠭᠡᠭᠰᠢᠯᠡᠭᠦᠯᠪᠡ᠃ ︽ᠤᠤᠯ ᠨᠢ ᠦᠨᠢᠶ᠎ᠡ ᠶᠢᠨ | ᠤᠷᠤᠭ᠎ᠠ ᠣᠷᠣᠬᠤ ᠴᠠᠭ ᠠᠳᠠᠯᠢ ᠪᠤᠰᠤ ᠠᠴᠠ ᠪᠤᠯᠵᠤ᠂ ᠵᠢᠯ ᠢᠶᠠᠷ ᠢᠶᠠᠨ ᠲᠤᠭᠤᠯ ᠲᠤᠰᠴᠤ ᠶᠡᠭᠠᠷᠡᠯᠳᠤᠨᠡ᠃ | ᠣᠲᠣᠬᠠᠨ ᠳᠤ᠂ ᠪᠢᠳᠡ ᠦᠨᠢᠶ᠎ᠡ ᠪᠠᠨ ᠨᠢᠭᠡ ᠯᠡ ᠲᠤᠤᠷ᠎ᠠ ᠤᠷᠤᠭ᠎ᠠ ᠤᠷᠤᠭᠤᠯᠤᠨ᠂ ᠨᠢᠭᠡ ᠯᠡ ᠰᠠᠷ᠎ᠠ ᠳᠤᠳᠤᠷ᠎ᠡ | ᠳᠤᠭᠤᠯ ᠢᠶᠠᠨ ᠳᠤᠰᠴᠤ ᠳᠡᠭᠤᠰᠬᠠᠴᠢᠬᠠᠨᠡ᠂ ᠠᠷᠡᠴᠢᠯᠡᠬᠤ ᠳᠤ ᠠᠮᠠᠷᠬᠠᠨ ᠪᠥᠬᠡᠳ ᠬᠤᠳᠠᠯᠳᠤᠬᠤ ᠳᠤ ᠴᠤ ᠮᠡᠰᠢ | ᠳᠥᠬᠦᠮ︾ ᠭᠡᠵᠤ ᠳ᠋ᠦᠡᠭ ᠰᠢᠤᠢ ᠯᠢᠶᠡᠩ ᠥᠡᠭᠬᠡᠷᠡᠭᠰᠡᠨ ᠤᠳᠤᠬᠢ ᠪᠠᠨ ᠬᠠᠷᠢᠭᠤᠴᠡᠭᠤᠯᠤᠨ ᠶᠡᠷᠢᠨ᠎ᠡ᠃ | 2019 ᠤᠨ ᠳᠤ᠂ ᠳ᠋ᠦᠩ ᠰᠢᠥᠢ ᠯᠢᠶᠠᠩ ᠤᠨ ᠬᠢᠨ 60 ᠲᠤᠭᠤᠯ ᠳᠤᠰᠤᠬᠰᠡᠨ ᠪᠠᠶᠢᠪᠠ᠃ ᠭᠡᠬᠦ ᠳᠤ᠂ | ᠳ᠋ᠦᠩ ᠰᠢᠥᠢ ᠯᠢᠶᠠᠩ ᠤᠨ ᠰᠠᠭᠤᠭ᠎ᠠ ᠭᠠᠵᠠᠷ ᠨᠢ ᠬᠠᠷᠢᠴᠠᠩᠭᠤᠢ ᠪᠤᠶᠢᠳᠠ ᠪᠦᠭᠯᠡᠭᠦᠦ ᠠᠴᠠ ᠪᠤᠯᠵᠦ | ᠬᠤᠳᠠᠯᠳᠤᠭᠠᠴᠢᠨ ᠢᠷᠡᠬᠦ ᠨᠢ ᠪᠠᠭ᠎ᠠ ᠪᠤᠯᠬᠤᠷ ᠭᠡᠷ ᠤᠨ ᠡᠭᠦᠳᠡᠨ ᠠᠴᠠ ᠪᠠᠨ ᠬᠠᠩᠭᠠᠮᠵᠢᠲᠠᠢ ᠦᠨ᠎ᠡ ᠪᠠᠷ | ᠪᠤᠷᠤᠯᠠᠭᠤᠯᠵᠦ ᠲᠡᠶᠢᠯᠬᠦ ᠦᠭᠡᠢ ᠪᠠᠶᠢᠪᠠ᠃ ᠭᠠᠳᠠᠭᠰᠢ ᠪᠠᠨ ᠶᠠᠪᠤᠵᠦ ᠰᠤᠷᠴᠤ ᠰᠤᠳᠤᠯᠬᠤ ᠲᠤᠷᠠᠲᠠᠢ ᠳ᠋ᠦᠩ ᠰᠢᠥᠢ | ᠯᠢᠶᠠᠩ ᠮᠠᠯ ᠤᠨ ᠠᠷᠠᠯᠵᠢᠶᠠᠨ ᠤ ᠵᠠᠬ᠎ᠠ ᠲᠡᠯᠭᠡᠭᠦᠷ ᠲᠡᠭᠡᠷ᠎ᠡ ᠦᠨᠳᠤᠷ ᠦᠨ᠎ᠡ ᠪᠠᠷ ᠬᠤᠳᠠᠯᠳᠤᠵᠦ ᠲᠡᠶᠢᠯᠬᠦ ᠶᠢ | ᠮᠡᠳᠡᠭᠰᠡᠨ ᠠᠴᠠ ᠭᠤᠴᠢᠭᠠᠳ ᠡᠷ᠎ᠡ ᠲᠤᠭᠤᠯ ᠢᠶᠠᠨ 500 ᠭᠠᠵᠠᠷ ᠤᠨ ᠴᠡᠭᠠᠨᠡᠬᠢ ᠱᠧᠪᠡᠷᠳᠤ ᠶᠢᠨ ᠮᠠᠯ ᠤᠨ | ᠠᠷᠠᠯᠵᠢᠶᠠᠨ ᠤ ᠵᠠᠬ᠎ᠠ ᠲᠡᠯᠭᠡᠭᠦᠷ ᠲᠤ ᠵᠦᠭᠡᠭᠡᠪᠦᠷᠢᠯᠡᠨ ᠠᠪᠠᠴᠢᠵᠦ ᠬᠤᠳᠠᠯᠳᠤᠪᠠ᠃ ᠲᠡᠭᠦᠨ ᠤ ᠲᠤᠭᠤᠯ ᠨᠢ ᠲᠠᠷᠭᠤ | ᠰᠠᠶᠢᠲᠠᠢ᠂ ᠶᠠᠩᠵᠦ ᠨᠢ ᠰᠠᠶᠢᠬᠠᠨ ᠠᠴᠠ ᠬᠤᠶᠠᠷ ᠴᠠᠭ ᠪᠤᠯᠤᠯ ᠦᠭᠡᠢ ᠪᠠᠷ 34 ᠲᠦᠮᠡᠨ ᠲᠦᠭᠦᠷᠢᠭ ᠤᠨ | ᠦᠨ᠎ᠡ ᠪᠠᠷ ᠬᠤᠳᠠᠯᠳᠤᠨ ᠭᠠᠷᠭᠠᠭᠰᠠᠨ ᠪᠠᠶᠢᠨ᠎ᠠ᠃ ᠡᠨᠡ ᠬᠦ ᠶᠠᠪᠤᠳᠠᠯ ᠨᠢ ᠳ᠋ᠦᠩ ᠰᠢᠥᠢ ᠯᠢᠶᠠᠩ ᠢ ᠨᠡᠩ ᠢᠯᠡᠬᠦᠦ | ᠵᠣᠷᠢᠭ ᠤᠷᠤᠭᠤᠯᠵᠠᠢ᠃ ᠡᠨᠡ ᠵᠢᠯ᠂ ᠬᠡᠳᠦ᠋ᠢᠪᠡᠷ ᠬᠢᠵᠢᠭ ᠤᠨ ᠪᠠᠶᠢᠳᠠᠯ ᠡᠭᠦᠰᠦᠭᠰᠡᠨ ᠪᠤᠯᠪᠠᠴᠤ ᠳ᠋ᠦᠩ ᠰᠢᠥᠢ | ᠯᠢᠶᠠᠩ ᠨᠠᠶᠠᠭᠠᠳ ᠲᠤᠭᠤᠯ ᠤᠨ ᠢᠶᠠᠨ ᠪᠤᠷᠤᠯᠠᠭᠤᠯᠭ᠎ᠠ ᠳᠤ ᠵᠣᠪᠠᠭ᠋ᠤ ᠦᠭᠡᠢ ᠪᠠᠶᠢᠯ᠎ᠠ᠃ ︽ᠡᠨᠡ ᠬᠤᠶᠠᠷ ᠡᠳᠦᠷ | ᠵᠢᠷᠬᠢᠬᠡ ᠪᠠᠷ ᠭᠠᠳᠠᠨᠠᠬᠢ ᠮᠠᠶᠢᠮᠠᠶᠢᠴᠢᠨ ᠲᠠᠢ ᠬᠠᠷᠢᠯᠴᠠᠵᠦ ᠪᠠᠶᠢᠨ᠎ᠠ᠂ ᠡᠳᠡᠭᠡᠷ ᠲᠤᠭᠤᠯ ᠢ ᠪᠤᠷᠳᠤᠨ | ᠲᠠᠷᠭᠤᠯᠠᠭᠤᠯᠤᠭᠰᠠᠨ ᠤ ᠲᠠᠷᠠᠭ᠎ᠠ᠂ ᠲᠡᠳᠡᠨᠤᠰ ᠪᠦᠬᠦᠨ ᠢ ᠨᠢᠭᠡ ᠯᠡ ᠲᠤᠤᠷ᠎ᠠ ᠠᠪᠠᠴᠢᠬᠤ ᠰᠠᠨᠠᠭ᠎ᠠ ᠲᠠᠢ᠂ ᠢᠩᠭᠢᠪᠡᠯ | ᠦᠪᠡᠷᠳᠡᠭᠡᠨ ᠠᠪᠠᠴᠢᠵᠦ ᠬᠤᠳᠠᠯᠳᠤᠭᠰᠠᠨ ᠠᠴᠠ ᠨᠡᠩ ᠢᠯᠡᠭᠦᠦ ᠵᠤᠭᠤᠰ ᠠᠷᠪᠢᠯᠠᠬᠤ ᠮᠦᠷᠳᠡᠭᠡᠨ ᠦᠨ᠎ᠡ ᠨᠢ | ᠵᠠᠪᠰᠠᠷ ᠤᠨ ᠠᠷᠠᠯᠵᠢᠶᠠᠴᠢᠨ ᠳᠤ ᠬᠤᠳᠠᠯᠳᠣᠭᠰᠠᠨ ᠠᠴᠠ ᠬᠤᠯᠠ ᠥᠨᠳᠤᠷ︾ ᠭᠡᠵᠦ ᠳ᠋ᠦᠩ ᠰᠢᠥᠢ ᠯᠢᠶᠠᠩ | ᠬᠦᠷᠦᠰᠦᠯᠢᠭ ᠴᠢᠷᠠᠢ ᠳᠠᠭᠠᠨ ᠢᠨᠢᠶᠡᠳᠣ ᠲᠤᠳᠤᠷᠠᠭᠤᠯᠤᠨ ᠢᠳᠡᠬᠡᠯ ᠳᠡᠬᠦᠯᠳᠡᠷ ᠶᠡᠷᠢᠨ᠎ᠡ᠃ | ᠣᠯᠠᠨ ᠮᠠᠯ ᠢ ᠬᠠᠰᠢᠶᠠᠯᠠᠨ ᠲᠡᠵᠢᠭᠡᠬᠦ ᠳᠤ ᠡᠪᠡᠰᠤ ᠪᠤᠷᠳᠤᠭᠠᠨ ᠤ ᠠᠰᠠᠭᠤᠳᠠᠯ ᠪᠣᠯ ᠳ᠋ᠦᠩ ᠰᠢᠥᠢ ᠯᠢᠶᠠᠩ ᠳᠤ | ᠲᠤᠯᠭᠠᠷᠠᠭᠰᠠᠨ ᠲᠤᠮᠤ ᠠᠰᠠᠭᠤᠳᠠᠯ ᠪᠤᠯᠵᠦ ᠪᠠᠶᠢᠯ᠎ᠠ᠃ ᠡᠳᠡᠭᠡᠷ ᠠᠰᠠᠭᠤᠳᠠᠯ ᠢ ᠰᠢᠢᠳᠪᠦᠷᠢᠯᠡᠬᠦ ᠶᠢᠨ ᠲᠤᠰᠡᠳᠡ᠂ | ᠲᠡᠷᠡ ᠦᠨᠳᠦᠷ ᠤᠨᠠᠯᠳᠠ ᠲᠠᠢ ᠬᠦᠭᠡ ᠲᠠᠷᠤᠰᠢ ᠲᠠᠷᠢᠵᠦ᠂ ᠢᠯᠵᠠᠷᠠᠬᠤ ᠠᠴᠠ ᠰᠡᠷᠭᠡᠶᠢᠯᠡᠬᠦ ᠪᠤᠷᠳᠤᠭ᠎ᠠ ᠬᠠᠳᠠᠭᠠᠯᠠᠬᠤ | ᠵᠤᠭᠤᠷᠢ ᠪᠠᠶᠢᠭᠤᠯᠤᠭᠰᠠᠨ ᠪᠠᠶᠢᠨ᠎ᠠ᠃ ᠳ᠋ᠦᠩ ᠰᠢᠥᠢ ᠯᠢᠶᠠᠩ ᠤᠨ ᠬᠡᠯᠡᠬᠦ ᠪᠠᠷ ᠨᠢᠭᠡ ᠵᠢᠯ ᠤᠨ ᠡᠪᠡᠰᠤ ᠪᠤᠷᠳᠤᠭ᠎ᠠ | ᠤᠷᠤᠭᠤᠯᠬᠤ ᠵᠠᠷᠤᠯᠭ᠎ᠠ ᠨᠢ 20 ᠠᠴᠠ 30 ᠲᠦᠮᠡᠨ ᠲᠦᠭᠦᠷᠢᠭ ᠲᠤ ᠬᠦᠷᠴᠦ᠂ ᠲᠡᠭᠦᠨ ᠤ ᠲᠦᠰᠦᠭᠡᠯᠡᠬᠦ ᠪᠠᠷ | ᠡᠨᠡ ᠵᠢᠯ ᠤᠨ ᠴᠡᠪᠡᠷ ᠤᠷᠤᠯᠭ᠎ᠠ 70 ᠠᠴᠠ 80 ᠲᠦᠮᠡᠨ ᠲᠦᠭᠦᠷᠢᠭ ᠲᠤ ᠬᠦᠷᠬᠦ ᠪᠤᠯᠤᠨ᠎ᠠ᠃ ᠲᠠᠷᠠᠭᠠᠴᠢ ᠪᠠᠷ᠂ | ᠳ᠋ᠦᠡᠭ ᠰᠢᠤᠢ ᠯᠢᠶᠡᠩ ᠨᠤᠳᠤᠬ ᠤᠨ ᠵᠠᠯᠠᠭᠤᠴᠣᠳ ᠢᠶᠠᠨ ᠲᠠᠭᠠᠭᠤᠯᠤᠨ ᠦᠬᠡᠷ ᠪᠤᠷᠳᠤᠬᠤ ᠰᠠᠭᠤᠷᠢᠨ ᠭᠠᠵᠠᠷ | ᠪᠠᠶᠢᠭᠤᠯᠵᠦ᠂ ᠤᠯᠠᠨ ᠢᠶᠠᠷ ᠢᠶᠠᠨ ᠬᠤᠷᠰᠢᠨ ᠦᠬᠡᠷ ᠪᠤᠷᠳᠤᠨ ᠪᠤᠷᠤᠯᠠᠭᠤᠯᠵᠦ᠂ ᠬᠠᠮᠳᠤ ᠪᠠᠷ ᠴᠢᠨᠡᠭᠡᠯᠢᠭᠵᠢᠬᠦ ᠶᠢ | ᠪᠡᠶᠡᠯᠡᠬᠦᠯᠬᠦ ᠪᠠᠷ ᠴᠢᠷᠮᠡᠶᠢᠬᠤ ᠬᠡᠵᠤ ᠪᠤᠢ᠃ | |