ᠵᠢᠵᠢᠭ ᠬᠡᠯᠪᠡᠷᠢ ᠶᠢᠨ ᠮᠠᠰᠢᠨ ᠲᠡᠷᠭᠡᠨ ᠤ ᠵᠢᠯᠣᠭᠤᠴᠢ ᠶᠢᠨ ᠦᠨᠡᠮᠯᠡᠯ ᠢ ᠪᠦᠬᠦ  ᠤᠯᠤᠰ ᠲᠤ ︽ᠨᠢᠭᠡ ᠦᠨᠡᠮᠯᠡᠯ ᠢᠶᠠᠷ ᠰᠢᠯᠭᠠᠭᠤᠯᠵᠤ︾  ᠪᠣᠯᠬᠤ ᠲᠦᠷᠢᠮ ᠢ  ᠬᠡᠷᠡᠭᠵᠢᠬᠦᠯᠦᠨ᠎ᠡ
ᠨᠡᠶᠢᠲᠡᠯᠡᠭᠰᠡᠨ ᠴᠠᠭ᠄
2019/5/27
      ᠲᠦᠷᠦᠭᠦᠬᠡᠨ᠂ ᠳᠣᠲᠣᠭᠠᠳᠤ ᠶᠢ ᠬᠠᠮᠠᠭᠠᠯᠠᠬᠤ ᠶᠠᠮᠤᠨ ᠰᠣᠨᠢᠨ ᠮᠡᠳᠡᠭᠡ  ᠨᠡᠶᠢᠲᠡᠯᠡᠬᠦ ᠬᠤᠷᠠᠯ ᠬᠢᠵᠦ᠂ ᠳᠣᠲᠣᠭᠠᠳᠤ ᠶᠢ ᠬᠠᠮᠠᠭᠠᠯᠠᠬᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢᠨ 10 ᠵᠦᠢᠯ ᠤᠨ ᠰᠢᠨ᠎ᠡ ᠠᠷᠭ᠎ᠠ ᠬᠡᠮᠵᠢᠶ᠎ᠡ ᠶᠢ ᠨᠡᠶᠢᠳᠡᠯᠡᠪᠡ᠃ ᠲᠦᠷᠦᠭᠦᠬᠡᠨ᠂ ᠳᠣᠲᠣᠭᠠᠳᠤ ᠶᠢ ᠬᠠᠮᠠᠭᠠᠯᠠᠬᠤ ᠶᠠᠮᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠲᠣᠪᠴᠢᠶ᠎ᠠ ᠠᠴᠠ ᠡᠭᠦᠨ ᠤ ᠲᠤᠬᠠᠢ ᠨᠢᠭᠡᠳ ᠨᠢᠭᠡ ᠪᠠᠷ ᠲᠠᠶᠢᠯᠤᠮᠵᠢ ᠬᠢᠵᠦ᠂ 6 ᠰᠠᠷ᠎ᠠ ᠶᠢᠨ 1 ᠤ  ᠡᠳᠦᠷ ᠠᠴᠠ ᠡᠬᠢᠯᠡᠨ ᠵᠢᠵᠢᠭ ᠬᠡᠯᠪᠡᠷᠢ ᠶᠢᠨ ᠮᠠᠰᠢᠨ ᠲᠡᠷᠭᠡᠨ ᠤ ᠵᠢᠯᠤᠭᠤᠴᠢ ᠶᠢᠨ  ᠦᠨᠡᠮᠯᠡᠯ ᠢ  ᠪᠥᠬᠦ  ᠤᠯᠤᠰ ᠲᠤ  ︽ᠨᠢᠭᠡ ᠦᠨᠡᠮᠯᠡᠯ ᠢᠶᠠᠷ ᠰᠢᠯᠭᠠᠭᠤᠯᠵᠤ︾ ᠪᠤᠯᠬᠤ ᠳᠦᠷᠢᠮ ᠢ ᠬᠡᠷᠡᠭᠵᠢᠭᠦᠯᠦᠨ᠎ᠡ ᠭᠡᠵᠦ ᠲᠣᠳᠣᠷᠬᠠᠶ ᠵᠢᠭᠠᠵᠤ ᠭᠠᠷᠭᠠᠪᠠ᠃          ᠲᠤᠰ ᠤᠳᠠᠭᠠᠨ ᠤ ᠥᠭᠡᠷᠡᠴᠢᠯᠡᠯᠲᠡ ᠳᠤ ᠳᠣᠲᠣᠭᠠᠳᠤ ᠶᠢ ᠬᠠᠮᠠᠭᠠᠯᠠᠬᠤ ᠶᠠᠮᠤᠨ ᠨᠡᠶᠢᠭᠡᠮ ᠨᠡᠶᠢᠳᠡ   ᠶᠢᠨ  ᠠᠩᠬᠠᠷᠤᠯ ᠳᠤ ᠢᠳᠡᠪᠬᠢᠲᠡᠶ ᠬᠠᠷᠢᠭᠤᠯᠲᠠ ᠥᠭᠴᠦ᠂ ᠮᠤᠵᠢ ᠶᠢᠨ ᠳᠣᠲᠣᠷ᠎ᠠ ᠣᠨᠳᠣᠤ ᠭᠠᠵᠠᠷ ᠲᠤ ᠨᠡᠶᠢᠳᠡᠮ ᠰᠢᠯᠭᠠᠯᠲᠠ  ᠬᠢᠵᠦ  ᠪᠤᠯᠬᠤ  ᠪᠠᠶᠢᠳᠠᠯ ᠢ ᠨᠠᠷᠢᠨ  ᠬᠢᠨᠠᠮᠠᠭᠠᠶ  ᠳ᠋ᠦᠩᠨᠡᠵᠦ  ᠦᠨᠡᠯᠡᠨ  ᠵᠢᠱᠢᠭᠰᠡᠨ ᠤ  ᠰᠠᠭᠤᠷᠢᠨ  ᠳᠡᠭᠡᠷ᠎ᠡ᠂  ᠵᠢᠵᠢᠭ  ᠬᠡᠯᠪᠡᠷᠢ ᠶᠢᠨ  ᠮᠠᠰᠢᠨ   ᠲᠡᠷᠭᠡᠨ ᠤ ᠵᠢᠯᠤᠭᠤᠴᠢ ᠶᠢᠨ ᠦᠨᠡᠮᠯᠡᠯ ᠢ ᠣᠨᠳᠣᠤ ᠭᠠᠵᠠᠷ ᠲᠤ ᠭᠤᠶᠤᠴᠢᠯᠠᠨ ᠠᠪᠬᠤ ᠨᠥᠬᠦᠴᠡᠯ ᠢ ᠴᠢᠨᠠᠬᠰᠢᠳᠠ ᠠᠭᠤᠵᠢᠭᠤ  ᠲᠠᠯᠪᠢᠵᠤ᠂  ᠪᠥᠬᠦ ᠤᠯᠤᠰ ᠲᠤ ︽ᠨᠢᠭᠡ ᠦᠨᠡᠮᠯᠡᠯ ᠢᠶᠠᠷ ᠰᠢᠯᠭᠠᠭᠤᠯᠵᠤ︾ ᠪᠤᠯᠬᠤ ᠲᠦᠷᠢᠮ ᠢ  ᠬᠡᠷᠡᠭᠵᠢᠬᠦᠯᠬᠦ  ᠪᠤᠯᠤᠨ᠎ᠠ᠃  ᠭᠤᠶᠤᠴᠢᠯᠠᠭᠴᠢ ᠨᠢ  ᠲᠤᠰ ᠬᠥᠮᠦᠨ ᠤ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠢᠶᠠᠨ  ᠠᠪᠴᠤ  ᠤᠯᠤᠰ  ᠲᠤᠳᠤᠷᠠᠬᠢ  ᠶᠠᠮᠠᠷᠪᠠ  ᠨᠢᠭᠡᠨ  ᠭᠠᠵᠠᠷ  ᠪᠠ ᠬᠤᠲᠠ ᠳᠤ ᠴᠦᠮ ᠵᠢᠵᠢᠭ ᠬᠡᠯᠪᠡᠷᠢ ᠶᠢᠨ ᠮᠠᠰᠢᠨ ᠲᠡᠷᠭᠡᠨ ᠤ ᠵᠢᠯᠣᠭᠤᠴᠢ ᠶᠢᠨ  ᠦᠨᠡᠮᠯᠡᠯ  ︵C1᠂ C2᠂ C5︶ ᠢ ᠰᠢᠯᠭᠠᠭᠤᠯᠬᠤ ᠪᠠᠷ ᠰᠢᠭᠤᠳ ᠭᠤᠶᠤᠴᠢᠯᠠᠵᠤ ᠪᠣᠯᠤᠨ᠎ᠠ᠂ ᠣᠷᠣᠰᠢᠨ ᠰᠠᠭᠤᠬᠤ  ᠦᠨᠡᠮᠯᠡᠯ  ᠪᠤᠶᠤ  ᠰᠠᠭᠤᠵᠤ  ᠪᠠᠶᠢᠭ᠎ᠠ  ᠭᠠᠵᠠᠷ ᠢᠶᠠᠨ ᠳᠠᠩᠰᠠᠯᠠᠭᠤᠯᠤᠬᠰᠠᠨ ᠭᠡᠷᠡᠴᠢ ᠪᠠᠷᠢᠮᠲᠠ ᠲᠤᠰᠢᠶᠠᠬᠤ ᠬᠡᠷᠡᠭ ᠦᠭᠡᠢ ᠪᠦᠭᠡᠳ ᠣᠯᠠᠨ ᠲᠦᠮᠡᠨ ᠤ ᠤᠶᠢᠷ᠎ᠠ ᠬᠠᠪᠢ ᠳᠠᠭᠠᠨ  ᠪᠡᠶ᠎ᠡ ᠪᠠᠨ ᠳᠠᠭᠠᠭᠠᠨ ᠰᠢᠯᠭᠠᠯᠳᠠ ᠳᠤ ᠤᠷᠤᠵᠤ ᠦᠨᠡᠮᠯᠡᠯ ᠠᠪᠬᠤ ᠳᠤ ᠳᠥᠭᠦᠮ ᠦᠵᠡᠭᠦᠯᠬᠦ ᠪᠤᠯᠤᠨ᠎ᠠ᠃         ᠳᠣᠲᠣᠷ ᠭᠠᠵᠠᠷ ︵ᠡᠬᠡ ᠬᠠᠭᠤᠷᠠᠶ︶ ᠲᠤ ᠠᠵᠢᠯᠯᠠᠵᠤ ᠠᠮᠢᠳᠣᠷᠠᠵᠤ ᠪᠠᠶᠢᠭ᠎ᠠ ᠰᠢᠶᠠᠩᠭᠠᠩ ᠣᠣᠮᠧᠨ ᠲᠠᠶᠢᠸᠠᠨ ᠤ  ᠰᠠᠭᠤᠭᠠᠯᠢ ᠠᠷᠠᠳ ᠨᠢ ᠰᠢᠶᠠᠩᠭᠠᠩ ᠣᠣᠮᠧᠨ ᠲᠠᠶᠢᠸᠠᠨ ᠤ ᠰᠠᠭᠤᠭᠠᠯᠢ ᠠᠷᠠᠳ ᠤᠨ ᠣᠷᠣᠰᠢᠨ  ᠰᠠᠭᠤᠬᠤ  ᠦᠨᠡᠮᠯᠡᠯ ᠢᠶᠠᠨ  ᠠᠪᠴᠤ  ︽ᠨᠢᠭᠡ ᠦᠨᠡᠮᠯᠡᠯ ᠢᠶᠠᠷ ᠰᠢᠯᠭᠠᠭᠤᠯᠵᠤ︾ ᠪᠤᠯᠬᠤ ᠰᠢᠯᠭᠠᠯᠳᠠ ᠳᠤ ᠤᠷᠤᠵᠤ ᠪᠤᠯᠤᠨ᠎ᠠ᠂ ᠶᠠᠮᠠᠷᠪᠠ ᠨᠢᠭᠡᠨ  ᠭᠠᠵᠠᠷ  ᠪᠠ  ᠬᠤᠲᠠ ᠳᠤ  ᠵᠢᠵᠢᠭ ᠬᠡᠯᠪᠡᠷᠢ ᠶᠢᠨ ᠮᠠᠰᠢᠨ ᠲᠡᠷᠭᠡᠨ ᠤ ᠵᠢᠯᠣᠭᠤᠴᠢ ᠶᠢᠨ ᠦᠨᠡᠮᠯᠡᠯ ᠰᠢᠯᠭᠠᠭᠤᠯᠬᠤ ᠪᠠᠷ ᠰᠢᠭᠤᠳ ᠭᠤᠶᠤᠴᠢᠯᠠᠵᠤ ᠪᠤᠯᠬᠤ ᠪᠦᠭᠡᠳ ᠰᠠᠭᠤᠵᠤ ᠪᠠᠶᠢᠭ᠎ᠠ ᠭᠠᠵᠠᠷ ᠢᠶᠠᠨ ᠳᠠᠩᠰᠠᠯᠠᠭᠤᠯᠤᠬᠰᠠᠨ ᠢ ᠬᠡᠷᠡᠴᠢᠯᠡᠬᠦ ᠭᠡᠷᠡᠴᠢ ᠪᠠ ᠪᠠᠷᠢᠮᠲᠠ ᠨᠤᠭᠤᠳ ᠢ ᠲᠤᠰᠢᠶᠠᠬᠤ ᠬᠡᠷᠡᠭ ᠥᠬᠡᠶ᠃                             ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号