ᠴᠠᠰᠤ ᠰᠢᠭᠤᠷᠭᠠᠨ ᠥᠩᠭᠡᠷᠡᠭᠡᠭᠰᠡᠨ ᠤ ᠳᠠᠷᠠᠭ᠎ᠠ ᠭᠡᠨᠡᠳᠲᠡ ᠬᠦᠢᠳᠡᠷᠡᠵᠤ᠂ ᠵᠠᠷᠤᠳ ᠬᠤᠰᠢᠭᠤᠨ ᠤ ᠲᠣᠯᠣᠳᠣ | ᠰᠤᠮᠤ ᠶᠢᠨ ᠰᠢᠷᠡᠭᠡᠳᠤ ᠭᠠᠴᠠᠭ᠎ᠠ ᠠᠯᠢ ᠡᠷᠲᠡ ᠲᠩᠷᠢ ᠬᠦᠢᠲᠡᠨ ᠭᠠᠵᠠᠷ ᠭᠦᠯᠳᠡᠪᠡ᠃ ᠡᠶᠢᠮᠦ ᠬᠦᠢᠳᠡᠨ | ᠪᠠᠶᠢᠬᠰᠡᠨᠴᠤ ᠮᠠᠯᠴᠢᠨ ᠠᠯᠲᠠᠨᠪᠠᠭᠠᠨ᠎ᠠ ᠬᠠᠷ᠎ᠡ ᠦᠷᠯᠤᠭᠡ ᠥᠪᠡᠷ ᠤᠨ ᠬᠤᠨᠢᠨ ᠤ ᠬᠠᠰᠢᠶᠠᠨ ᠳᠠᠭᠠᠨ ᠢᠷᠡᠵᠦ | ᠬᠤᠷᠠᠭ᠎ᠠ ᠳᠤ ᠪᠠᠨ ᠡᠪᠡᠰᠦ ᠪᠣᠷᠳᠤᠭ᠎ᠠ ᠨᠡᠮᠡᠵᠦ᠂ ᠬᠤᠨᠢᠨ ᠬᠠᠰᠢᠶ᠎ᠠ ᠪᠠᠨ ᠴᠡᠪᠡᠷᠯᠡᠵᠤ ᠪᠠᠶᠢᠪᠠ᠃ | | 《 2014 ᠣᠨ ᠠᠴᠠ ᠡᠬᠢᠯᠡᠨ᠂ ᠵᠠᠰᠠᠭ ᠤᠨ ᠣᠷᠳᠣᠨ ᠤᠷᠢᠳ ᠬᠤᠵᠢᠳ ᠶᠠᠳᠠᠭᠤ ᠶᠢ ᠲᠡᠳᠬᠦᠬᠦ ᠪᠠᠯᠠ | ᠮᠥᠩᠭᠦ ᠪᠠᠷ ᠮᠠᠨ ᠤ ᠬᠡᠷ ᠲᠤ 24 ᠬᠤᠨᠢ ᠬᠤᠳᠠᠯᠳᠤᠨ ᠠᠪᠴᠤ ᠥᠭᠪᠡ᠂ ᠬᠡᠳᠦᠨ ᠵᠢᠯ ᠤᠨ ᠦᠩᠭᠡᠷᠡᠭᠰᠡᠨ ᠤ | ᠲᠠᠷᠠᠭ᠎ᠠ ᠬᠠᠮᠤᠭ ᠤᠨ ᠣᠯᠠᠨ ᠳᠠᠭᠠᠨ 200 ᠭᠠᠷᠤᠶ ᠬᠤᠨᠢ ᠪᠣᠯᠪᠠ᠂ ᠪᠢᠳᠡᠨ ᠳᠤ ᠪᠠᠰᠠ ᠡᠯ᠎ᠡ ᠲᠥᠷᠥᠯ ᠤᠨ | ᠨᠥᠬᠦᠪᠥᠷᠢ ᠥᠭᠴᠦ᠂ ᠡᠮ ᠡᠮᠨᠡᠯᠭᠡ ᠶᠢᠨ ᠳᠠᠭᠠᠳᠬᠠᠯ ᠬᠢᠵᠦ ᠥᠭᠪᠡ᠃ ᠪᠢ ᠴᠤ ᠨᠠᠮ ᠪᠠ ᠵᠠᠰᠠᠭ ᠤᠨ ᠣᠷᠳᠣᠨ ᠤ | ᠰᠠᠶᠢᠨ ᠲᠥᠷᠥ ᠶᠢᠨ ᠪᠣᠳᠣᠯᠭ᠎ᠠ ᠳᠤ ᠮᠠᠰᠢ ᠲᠠᠯᠠᠷᠬᠠᠵᠤ ᠪᠠᠢᠨ᠎ᠠ 》 ᠭᠡᠵᠤ ᠨᠢᠳᠦᠨ ᠡᠮᠦᠨᠡᠬᠢ ᠦᠰᠦᠷᠴᠦ ᠬᠠᠷᠠᠶᠢᠵᠤ | ᠪᠠᠶᠢᠭ᠎ᠠ ᠬᠤᠷᠠᠭ᠎ᠠ ᠪᠠᠨᠦᠵᠡᠭᠡᠳ ᠠᠯᠲᠠᠨᠪᠠᠭᠠᠨ᠎ᠠ ᠲᠡᠰᠬᠡᠯ ᠦᠭᠡᠢ ᠬᠡᠳᠦᠨ ᠦᠭᠡ ᠬᠡᠯᠡᠪᠡ᠃ ᠲᠡᠭᠦᠨ ᠤ ᠦᠭᠡ ᠪᠠᠷ | ᠬᠡᠯᠡᠪᠡᠯ᠂ ᠡᠨᠡ 100 ᠭᠠᠷᠤᠢ ᠬᠤᠨᠢ ᠪᠣᠯ ᠲᠡᠭᠦᠨ ᠤ ᠠᠮᠢ ᠭᠤᠣᠯ ᠮᠦᠨ᠂ ᠲᠡᠭᠦᠨ ᠢ ᠶᠠᠳᠠᠭᠤ ᠠᠴᠠ | ᠠᠩᠭᠢᠵᠢᠷᠠᠭᠤᠯᠵᠤ᠂ ᠥᠷᠢ ᠰᠢᠷᠢ ᠪᠠᠨ ᠪᠦᠬᠦᠨ ᠢ ᠲᠦᠯᠤᠭ᠍ᠰᠡᠨ ᠢᠶᠠᠷ ᠪᠠᠷᠠᠬᠤ ᠦᠭᠡᠢ᠂ ᠪᠠᠰᠠ ᠲᠡᠭᠦᠨ ᠤ ᠨᠢᠭᠡ | ᠭᠡᠷ ᠢ ᠪᠠᠶᠠᠵᠢᠯ ᠤᠨ ᠵᠠᠮ ᠳᠤ ᠤᠷᠤᠭᠤᠯᠵᠤ᠂《 ᠢᠮᠠᠭ᠎ᠠ》ᠲᠡᠭᠦᠨ ᠢ ᠮᠠᠩᠨᠠᠢ ᠲᠡᠨᠢᠢᠭᠰᠡᠨ ᠰᠠᠶᠢᠨ ᠰᠠᠶᠢᠬᠠᠨ | ᠠᠮᠢᠳᠤᠷᠠᠯ ᠢ ᠦᠩᠭᠡᠷᠡᠭᠦᠯᠬᠦ ᠪᠤᠯᠭᠠᠪᠠ᠃ ᠡᠨᠡ ᠨᠢ ᠲᠠᠭᠦᠨ ᠤ ᠪᠠᠶᠠᠵᠢᠯ ᠤᠨ ᠨᠢᠭᠡᠳᠤᠭᠡᠷ ᠵᠣᠷ ᠪᠤᠯᠤᠨ᠎ᠠ᠃ | | ᠦᠳᠡ ᠶᠢᠨ ᠦᠶ᠎ᠡ ᠪᠠᠷ ᠠᠯᠲᠠᠨᠪᠠᠭᠠᠨ᠎ᠠ ᠮᠠᠯ ᠤᠨ ᠲᠣᠪᠤ ᠶᠢᠨ ᠠᠵᠢᠯ ᠢᠶᠠᠨ ᠳᠠᠭᠤᠰᠬᠠᠭᠠᠳ ᠭᠡᠷ ᠲᠡᠭᠡᠨ | ᠬᠠᠷᠢᠬᠤ ᠪᠠᠷ ᠪᠡᠯᠡᠳᠬᠡᠪᠡ᠃ ᠮᠠᠯ ᠲᠤᠪᠤ ᠠᠴᠠ ᠪᠠᠨ ᠮᠣᠲ᠋ᠣᠷ ᠤᠨᠤᠵᠤ 5 ᠺᠢᠯᠣᠮᠧᠲᠷ ᠶᠠᠪᠤᠪᠠᠯ ᠠᠯᠲᠠᠨᠪᠠᠭᠠᠨ᠎ᠠ ᠶᠢᠨ | ᠣᠳᠣ ᠶᠢᠨ ᠰᠠᠭᠤᠵᠤ ᠪᠠᠶᠢᠭ᠎ᠠ ᠰᠢᠷᠡᠭᠡᠲᠦ ᠭᠠᠴᠠᠭᠠᠨ ᠤ ᠰᠢᠨ᠎ᠡ ᠰᠠᠭᠤᠴᠠ ᠳᠤ ᠭᠦᠷᠬᠦ ᠪᠣᠯᠤᠨ᠎ᠠ᠃ ᠭᠠᠴᠠᠭ᠎ᠠ | ᠲᠣᠰᠬᠤᠨ ᠤ ᠵᠠᠮ ᠥᠷᠭᠡᠨ ᠠᠭᠤᠳᠠᠮ ᠲᠡᠭᠰᠢ ᠲᠠᠷᠳᠡᠩ᠂ ᠦᠨᠳᠦᠰᠦᠲᠡᠨ ᠤ ᠣᠨᠴᠠᠯᠢᠭ ᠲᠠᠢ ᠬᠦᠷᠢᠶ᠎ᠡ ᠬᠠᠰᠢᠶ᠎ᠠ | ᠭᠤᠶᠤ ᠪᠦᠭᠡᠳᠵᠢᠭᠳᠡ᠂ ᠸᠠᠭᠠᠷ ᠤᠨ ᠪᠠᠶᠢᠰᠢᠩ ᠲᠡᠷᠢ ᠲᠡᠭᠰᠢ ᠰᠠᠭᠤᠷᠢᠰᠢᠬᠰᠡᠨ᠂ ᠨᠢᠳᠦᠨ ᠡᠮᠦᠨᠡᠬᠢ ᠠᠨᠡᠬᠦ ᠴᠤᠭ | ᠵᠢᠪᠬᠤᠭ᠎ᠠ ᠪᠠᠳᠠᠷᠠᠭᠰᠠᠨ ᠵᠢᠵᠢᠭ ᠲᠣᠰᠬᠤᠨ ᠢᠶᠠᠨ ᠬᠠᠷᠠᠭᠠᠳ᠂ ᠬᠡᠳᠦᠨ ᠵᠢᠯ ᠤᠨ ᠡᠮᠦᠨ᠎ᠡ ᠬᠠᠷᠢᠨ ᠥᠭᠡᠷ᠎ᠡ ᠨᠢᠭᠡ | ᠦᠵᠡᠭᠳᠡᠯ ᠪᠠᠶᠢᠭᠰᠠᠨ ᠢ ᠲᠥᠰᠦᠭᠡᠯᠡᠬᠦᠶ᠎ᠡ ᠪᠡᠷᠬᠡ ᠪᠠᠶᠢᠯ᠎ᠠ᠃ ᠲᠡᠷᠡ ᠦᠶ᠎ᠡ ᠶᠢᠨ ᠰᠢᠷᠡᠭᠡᠲᠦ ᠭᠠᠴᠠᠭ᠎ᠠ ᠠᠶᠢᠯ ᠤᠨ | ᠭᠠᠵᠠᠷ ᠤᠨ ᠪᠠᠶᠢᠴᠠ ᠨᠢ ᠬᠤᠲᠣᠭᠤᠷ ᠢᠪᠴᠤᠤ ᠴᠢᠬᠤᠯ᠂ ᠤᠰᠤᠨ ᠤ ᠴᠢᠨᠠᠷ ᠪᠠᠷᠤᠭᠲᠠᠢ ᠪᠠᠶᠢᠵᠤ ᠠᠳᠡ | ᠠᠮᠢᠳᠤᠷᠠᠵᠤ ᠪᠠᠶᠢᠭ᠎ᠠ ᠮᠠᠯᠴᠢᠳ ᠲᠤ ᠮᠠᠰᠢ ᠤᠯᠠᠨ ᠭᠦᠴᠢᠷ ᠪᠡᠷᠬᠡ ᠠᠪᠴᠢᠷᠠᠵᠤ ᠥᠭᠪᠡ᠃ ᠣᠨᠣᠴᠠᠲᠠᠶ ᠪᠠᠷ | ᠶᠠᠳᠠᠭᠤ ᠶᠢ ᠲᠡᠳᠬᠦᠬᠦ ᠠᠵᠢᠯ ᠥᠷᠨᠢᠭᠦᠯᠦᠭᠰᠡᠨ ᠠᠴᠠ ᠨᠠᠰᠢ᠂ ᠰᠢᠷᠡᠭᠡᠲᠦ ᠭᠠᠴᠠᠭᠠᠨ ᠤ 《 ᠨᠢᠭᠡ ᠨᠤᠳᠤᠭ | ᠤᠰᠤ ᠲᠡᠷᠡ ᠭᠠᠵᠠᠷ ᠣᠷᠣᠨ ᠤ ᠨᠢᠭᠡ ᠭᠦᠮᠤᠰ ᠢ ᠲᠡᠵᠢᠭᠡᠵᠦ ᠳᠡᠶᠢᠯᠬᠦ ᠥᠬᠡᠶ 》 ᠪᠠᠶᠢᠳᠠᠯ ᠳᠤ ᠴᠢᠭᠯᠡᠭᠦᠯᠦᠨ᠂ | ᠬᠤᠰᠢᠭᠤᠨ ᠠᠴᠠ ᠠᠮᠢ ᠠᠬᠤᠶ ᠶᠢ ᠬᠠᠮᠠᠭᠠᠯᠠᠬᠤ ᠠᠷᠠᠳ ᠢ ᠨᠡᠭᠦᠯᠭᠡᠨ ᠰᠢᠯᠵᠢᠭᠦᠯᠬᠦ ᠶᠠᠳᠠᠭᠤ ᠶᠢ ᠲᠡᠳᠬᠦᠬᠦ ᠠᠵᠢᠯ ᠢ | ᠶᠡᠬᠡᠪᠡᠷ ᠥᠷᠨᠢᠭᠦᠯᠵᠦ᠂ 4232 ᠲᠦᠮᠡᠨ ᠲᠥᠭᠦᠷᠢᠭ ᠪᠠᠯᠠ ᠮᠥᠩᠭᠦ ᠴᠤᠬᠯᠠᠭᠤᠯᠤᠨ᠂ ᠣᠨᠳᠣᠤ ᠭᠠᠵᠠᠷ ᠨᠡᠭᠦᠯᠭᠡᠨ | ᠲᠦᠪᠬᠢᠨᠡᠭᠦᠯᠵᠤ ᠰᠢᠨ᠎ᠡ ᠲᠣᠰᠬᠤᠨ ᠢ ᠪᠠᠶᠢᠭᠤᠯᠬᠤ ᠲᠥᠷᠥᠯ ᠵᠦᠶᠯ ᠢ ᠬᠡᠷᠡᠭᠵᠢᠭᠦᠯᠵᠦ᠂ 36 ᠡᠷᠦᠬᠡ᠂ 100 | ᠶᠠᠳᠠᠭᠤ ᠬᠦᠴᠢᠷᠳᠡᠯᠲᠡᠶ ᠬᠥᠮᠦᠨ ᠠᠮᠠ ᠪᠠ 84 ᠡᠷᠦᠬᠡ᠂ 223 ᠲᠠᠭᠠᠨ ᠨᠡᠭᠦᠬᠦ ᠬᠥᠮᠦᠨ ᠠᠮᠠ ᠳᠤ ᠰᠢᠨ᠎ᠡ ᠪᠠᠷ | 120 ᠣᠷᠣᠨ ᠰᠠᠭᠤᠴᠠ ᠪᠠᠶᠢᠭᠤᠯᠵᠤ᠂ ᠬᠦᠷᠢᠶ᠎ᠡ ᠬᠡᠷᠡᠮ᠂ ᠵᠡᠭᠡᠯᠢ ᠭᠤᠳᠤᠮᠵᠢ᠂ ᠲᠦᠭᠡᠭᠡᠯ ᠤᠰᠤ᠂ ᠰᠣᠶᠣᠯ ᠤᠨ | ᠠᠭᠤᠳᠠᠮ ᠲᠠᠯᠠᠪᠠᠶ ᠵᠡᠷᠭᠡ ᠰᠠᠭᠤᠷᠢ ᠲᠥᠬᠦᠭᠡᠷᠦᠮᠵᠢ ᠪᠦᠬᠦᠨ ᠢ ᠢᠵᠢ ᠪᠥᠷᠢᠳᠦᠭᠦᠯᠵᠦ᠂ ᠡᠷᠦᠬᠡ ᠪᠦᠷᠢ | ᠲᠤᠭᠤᠰᠬ᠎ᠠ ᠶᠢᠨ ᠬᠡᠷ ᠲᠠᠢ᠂ ᠵᠠᠮ ᠬᠠᠷᠢᠯᠴᠠᠭ᠎ᠠ ᠳᠥᠷᠪᠡᠨ ᠵᠦᠭ ᠲᠤ ᠨᠡᠪᠲᠡᠷᠡᠭᠰᠡᠨ᠂ ᠠᠵᠤ ᠦᠶᠯᠡᠰ ᠬᠥᠭᠵᠢᠭᠰᠡᠨ᠂ | ᠰᠠᠭᠤᠷᠢ ᠲᠦᠭᠦᠭᠡᠷᠤᠮᠵᠢ ᠪᠦᠷᠢᠨ ᠰᠢᠨ᠎ᠡ ᠲᠤᠰᠬᠤᠨ ᠢ ᠪᠠᠶᠢᠭᠤᠯᠤᠨ ᠪᠦᠳᠤᠭᠡᠪᠡ᠃ | | ᠦᠩ ᠰᠢᠮᠡᠯᠢᠭ ᠬᠥᠷᠥᠰᠥᠨ ᠲᠡᠭᠡᠷ᠎ᠡ ᠰᠠᠭᠤᠷᠢᠰᠬᠰᠡᠨ ᠰᠢᠷᠡᠭᠡᠲᠦ ᠭᠠᠴᠠᠭ᠎ᠠ ᠤᠳᠤ ᠶᠠᠭ ᠰᠢᠨ᠎ᠡ ᠴᠠᠭ ᠦᠶ᠎ᠡ | ᠶᠢᠨ ᠬᠥᠭᠵᠢᠯᠲᠡ ᠳᠤᠮᠳᠠ ᠲᠣᠭᠲᠠᠭᠤᠨ ᠢᠶᠠᠷ ᠬᠦᠭᠵᠢᠵᠣ ᠪᠤᠢ᠃ ᠭᠡᠬᠦ ᠳᠤ ᠠᠯᠲᠠᠨᠪᠠᠭᠠᠨ᠎ᠠ ᠪᠣᠯ ᠶᠠᠭ ᠡᠨᠡ ᠪᠦᠬᠦᠨ | ᠢ ᠪᠡᠶ᠎ᠡ ᠪᠠᠷ ᠢᠶᠠᠨ ᠥᠩᠭᠡᠷᠡᠭᠦᠯᠦᠭᠰᠡᠨ ᠪᠥᠭᠡᠳ ᠭᠡᠷᠡᠴᠢᠯᠡᠭᠴᠢ ᠮᠦᠨ᠂ ᠬᠡᠵᠢᠶ᠎ᠡ ᠬᠠᠮᠢᠭ᠎ᠠ ᠭᠡᠰᠡᠨ ᠴᠤ ᠨᠤᠲᠤᠭ | ᠤᠰᠤ ᠪᠠᠨ ᠶᠠᠷᠢᠬᠤ ᠳᠤ ᠲᠡᠷᠡ ᠬᠡᠵᠢᠶᠡᠳᠡ ᠣᠮᠤᠭ ᠪᠠᠷᠳᠠᠮ ᠪᠠᠶᠢᠳᠠᠭ᠃ ᠭᠡᠪᠡᠴᠦ ᠲᠡᠭᠦᠨ ᠢ ᠨᠠᠩ ᠣᠮᠣᠭᠰᠢᠭᠤᠯᠵᠤ | ᠪᠠᠶᠢᠭ᠎ᠠ ᠨᠢ ᠨᠡᠷᠡᠨ ᠤ ᠭᠡᠷᠡᠯ ᠲᠤᠤᠷᠠᠬᠢ ᠨᠢᠳᠦ ᠭᠢᠯᠠᠰᠤᠮ᠎ᠠ ᠭᠡᠷ ᠤᠨ ᠣᠷᠣᠢ ᠪᠣᠯᠤᠨ᠎ᠠ᠃ ᠡᠨᠡ ᠨᠢ ᠮᠥᠨ ᠴᠦ | ᠲᠡᠭᠦᠨ ᠤ ᠪᠠᠶᠠᠵᠢᠯ ᠤᠨ ᠬᠤᠶᠠᠳᠤᠭᠠᠷ ᠵᠣᠷ ᠪᠣᠯᠤᠨ᠎ᠠ᠃ 《 ᠪᠢᠳᠡ ᠦᠵᠡᠬᠦ ᠳᠤ ᠡᠨᠡ ᠨᠢ ᠬᠡᠳᠦᠨ ᠬᠥᠬᠡ ᠴᠡᠩᠭᠡᠷ | ᠬᠠᠪᠲᠠᠰᠤ ᠪᠤᠯᠪᠠᠴᠤ᠂ ᠡᠨᠡ ᠪᠣᠯ ᠬᠤᠪᠣᠷ ᠡᠷᠳᠡᠨᠢ ᠮᠦᠨ᠂ ᠭᠡᠷᠡᠯ ᠲᠠᠢ ᠪᠣᠯ ᠴᠠᠬᠢᠯᠭᠠᠨ ᠭᠠᠷᠭᠠᠵᠤ᠂ ᠨᠢᠭᠡ ᠵᠢᠯ | ᠶᠠᠭᠤ ᠴᠤ ᠬᠢᠬᠦ ᠦᠭᠡᠢ ᠪᠠᠷ 3000 ᠠᠴᠠ 6000 ᠲᠥᠭᠦᠷᠢᠭ ᠣᠷᠣᠯᠭ᠎ᠠ ᠡᠬᠦᠳᠤᠨ᠎ᠡ》᠃ ᠰᠢᠨ᠎ᠡ ᠰᠠᠭᠤᠴᠠ | ᠳᠤ ᠨᠡᠭᠦᠭᠰᠡᠨ ᠤ ᠳᠠᠷᠠᠭ᠎ᠠ᠂ ᠰᠢᠷᠡᠭᠡᠲᠦ ᠭᠠᠴᠠᠭ᠎ᠠ ᠰᠢᠨ᠎ᠡ ᠲᠣᠰᠬᠤᠨ ᠤ ᠭᠠᠵᠠᠷ ᠤᠨ ᠪᠠᠶᠢᠴᠠ ᠨᠡᠯᠢᠶᠡᠳ ᠥᠨᠳᠥᠷ᠂ | ᠨᠡᠷᠡᠨ ᠤ ᠬᠡᠷᠡᠯ ᠭᠦᠶᠴᠡᠳ᠂ ᠬᠡᠷᠡᠯ ᠤᠨ ᠲᠤᠰᠤᠯᠲᠠ ᠶᠢᠨ ᠴᠠᠭ ᠣᠷᠳᠣ ᠵᠡᠷᠭᠡ ᠣᠨᠴᠠᠯᠢᠭ ᠢ ᠦᠨᠳᠦᠰᠦᠯᠡᠨ᠂ | ᠶᠠᠳᠠᠭᠤ ᠶᠢ ᠲᠡᠳᠬᠦᠬᠦ ᠲᠥᠷᠥᠯ ᠵᠦᠶᠯ ᠤᠨ ᠪᠠᠯᠠ ᠮᠥᠩᠭᠦ᠂ ᠥᠪᠡᠷᠲᠡᠭᠡᠨ ᠴᠤᠭᠯᠠᠭᠤᠯᠤᠭᠰᠠᠨ ᠪᠠᠯᠠ ᠮᠥᠩᠭᠦ ᠪᠠ | ᠬᠤᠰᠢᠭᠤᠨ ᠤ ᠡᠳ᠋ ᠤᠨ ᠵᠠᠰᠠᠭ ᠠᠴᠠ ᠣᠷᠣᠯᠠᠨ ᠥᠭᠬᠦ ᠪᠠᠯᠠ ᠮᠥᠩᠭᠦ ᠵᠡᠷᠭᠡ ᠠᠷᠭ᠎ᠠ ᠪᠠᠷ 441 ᠲᠦᠮᠡᠨ | ᠲᠥᠭᠦᠷᠢᠭ ᠪᠠᠯᠠ ᠮᠥᠩᠭᠦ ᠴᠤᠭᠯᠠᠭᠤᠯᠵᠤ᠂ 《 ᠭᠤᠷᠪᠠ ᠶᠢ ᠲᠣᠰᠬᠤᠨ ᠳᠤ ᠬᠦᠷᠭᠡᠬᠦ ᠭᠤᠷᠪᠠ ᠶᠢ ᠡᠷᠦᠬᠡ ᠳᠤ | ᠬᠦᠷᠭᠡᠬᠦ 》 ᠰᠢᠨ᠎ᠡ ᠬᠡᠯᠪᠡᠷᠢ ᠶᠢᠨ ᠡᠨᠧᠷᠭᠢ ᠶᠢᠨ ᠠᠵᠤ ᠦᠶᠯᠡᠰ ᠢ ᠱᠠᠯᠠᠪᠳᠠᠨ ᠬᠥᠭᠵᠢᠭᠦᠯᠵᠦ᠂ ᠬᠡᠷᠡᠯ ᠴᠠᠬᠢᠯᠭᠠᠨ | ᠢᠶᠠᠷ ᠶᠠᠳᠠᠭᠤ ᠶᠢ ᠲᠡᠳᠬᠦᠬᠦ ᠲᠥᠷᠥᠯ ᠵᠦᠶᠯ ᠢ ᠲᠣᠰᠬᠤᠨ ᠳᠤ ᠤᠷᠤᠬᠤ ᠡᠷᠦᠬᠡ ᠳᠤ ᠣᠷᠣᠬᠤ ᠶᠢ ᠳᠥᠯᠭᠢᠨ | ᠠᠬᠢᠭᠤᠯᠵᠤ᠂ ᠡᠷᠦᠬᠡ ᠪᠦᠷᠢ ᠶᠢᠨ ᠭᠡᠷ ᠦᠨᠣᠷᠣᠶ ᠳᠡᠭᠡᠷ᠎ᠡ 5000 W ᠶᠢᠨ 20 ᠨᠡᠷᠡᠨ ᠡᠨᠧᠷᠭᠢ ᠶᠢᠨ ᠬᠡᠷᠡᠯ | ᠴᠠᠬᠢᠯᠭᠠᠨ ᠤ ᠬᠠᠪᠲᠠᠰᠤ ᠤᠬᠰᠠᠷᠠᠵᠤ ᠥᠭᠬᠦ ᠶᠢᠨ ᠬᠠᠮᠲᠤ᠂ ᠵᠢᠯ ᠢᠶᠠᠷ ᠨᠥᠬᠦᠪᠥᠷᠢ ᠥᠭᠴᠦ᠂ ᠮᠠᠯᠴᠢᠨ | ᠲᠠᠷᠢᠶᠠᠴᠢᠨ ᠤᠨ ᠣᠷᠣᠯᠭ᠎ᠠ ᠶᠢ ᠲᠣᠭᠲᠠᠭᠤᠨ ᠢᠶᠠᠷ ᠨᠡᠮᠡᠭᠳᠡᠭᠦᠯᠪᠠ᠃ | | ᠭᠠᠴᠠᠭᠠᠨ ᠤ ᠪᠠᠨ ᠴᠠᠰᠤᠨ ᠤ ᠦᠵᠡᠮᠵᠢ ᠶᠢ ᠬᠠᠷᠠᠨ ᠶᠠᠪᠤᠬᠰᠠᠭᠠᠷ ᠠᠯᠲᠠᠨᠪᠠᠭᠠᠨ᠎ᠠ ᠤᠳᠡᠯ ᠦᠭᠡᠶ ᠭᠡᠷ ᠲᠡᠭᠡᠨ | ᠬᠠᠷᠢᠪᠠ᠃ ᠥᠷᠭᠡᠨ ᠠᠭᠤᠳᠠᠮ ᠬᠦᠷᠢᠶᠡᠨ ᠳᠤ᠂ ᠴᠠᠰᠤᠨ ᠳᠤ ᠳᠠᠷᠤᠭᠳᠠᠭᠠᠳ ᠤᠨᠵᠠᠶᠢᠬᠰᠡᠨ ᠬᠡᠳᠦᠨ ᠰᠠᠭᠤᠷᠢ | ᠮᠣᠳᠣ ᠬᠥᠮᠦᠰ ᠤᠨ ᠠᠩᠬᠠᠷᠤᠯ ᠢ ᠣᠨᠴᠠ ᠲᠠᠲᠠᠨ᠎ᠠ᠂ ᠬᠠᠮᠳᠤ ᠶᠠᠪᠤᠭ᠎ᠠ ᠭᠠᠴᠠᠭᠠᠨ ᠤ ᠨᠢᠭᠡᠳᠦᠭᠡᠷ ᠱᠦᠵᠢ | ᠬᠤᠤᠰᠪᠠᠶᠠᠷ ᠤᠨ ᠲᠠᠨᠢᠯᠴᠠᠭᠤᠯᠤᠭᠰᠠᠨ ᠢᠶᠠᠷ᠂ ᠡᠨᠡ ᠬᠡᠳᠦᠨ ᠰᠠᠭᠤᠷᠢ ᠮᠣᠳᠣ ᠪᠣᠯ ᠴᠥᠮ ᠵᠢᠮᠢᠰ ᠤᠨ ᠮᠣᠳᠣ | ᠪᠣᠯᠤᠨ᠎ᠠ᠂ 2017 ᠣᠨ ᠳᠤ ᠭᠠᠴᠠᠭᠠᠨ ᠤ ᠨᠠᠮ ᠤᠨ ᠡᠭᠦᠷ ᠳᠡᠭᠡᠳᠦ ᠱᠠᠲᠤᠨ ᠤ ᠠᠵᠤ ᠠᠬᠤᠶ ᠶᠢᠨ ᠣᠶ ᠶᠢᠨ | ᠲᠥᠷᠥᠯ ᠵᠦᠶᠯ ᠤᠨ ᠪᠠᠯᠠ ᠮᠥᠩᠭᠦ ᠶᠢ ᠭᠤᠶᠤᠴᠢᠯᠡᠨᠣᠯᠵᠤ᠂ ᠡᠷᠦᠬᠡ ᠪᠦᠷᠢ ᠳᠤ 9 ᠰᠠᠭᠤᠷᠢ ᠵᠢᠮᠢᠰ ᠤᠨ ᠮᠤᠳᠤ᠂ | ᠨᠡᠶᠢᠲᠡ 1080 ᠵᠢᠮᠢᠰ ᠤᠨ ᠮᠣᠳᠣ ᠵᠠᠶᠢᠯᠠᠵᠤ᠂ ᠪᠠᠰᠠ ᠲᠥᠯᠥᠪᠦᠷᠢ ᠥᠬᠡᠶ ᠪᠠᠷ ᠵᠠᠶᠢᠯᠠᠬᠤ ᠮᠡᠷᠭᠡᠵᠢᠯ ᠪᠠ | ᠠᠷᠠᠴᠢᠯᠠᠨ ᠬᠠᠮᠠᠭᠠᠯᠠᠬᠤ ᠦᠶᠯᠡᠴᠢᠯᠡᠭᠡ ᠬᠠᠩᠭᠠᠵᠤ᠂ ᠬᠦᠷᠢᠶ᠎ᠡ ᠬᠠᠰᠢᠶᠠᠨ ᠤ ᠠᠵᠤ ᠠᠬᠤᠶ ᠶᠢ ᠬᠥᠭᠵᠢᠭᠦᠯᠵᠦ | ᠭᠠᠴᠠᠭᠠᠨ ᠤ ᠠᠷᠠᠳ ᠤᠨ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠥᠷᠭᠡᠳᠬᠡᠪᠡ᠃ | | 《 ᠡᠳᠡᠭᠡᠷ ᠵᠢᠮᠢᠰ ᠤᠨ ᠮᠣᠳᠣ ᠴᠤ ᠮᠢᠨᠦ ᠪᠠᠶᠠᠵᠢᠯ ᠤᠨ ᠨᠢᠭᠡ ᠵᠣᠷ ᠪᠤᠯᠤᠨ᠎ᠠ᠂ ᠤᠳᠤ ᠪᠢᠳᠡ ᠵᠢᠮᠢᠰ ᠢᠳᠡᠬᠦ | ᠳᠤ ᠵᠣᠭᠤᠰ ᠵᠠᠷᠤᠬᠤ ᠦᠭᠡᠢ ᠪᠣᠯᠵᠠᠢ᠂ ᠨᠤᠭᠤᠭ᠎ᠠ ᠶᠢᠨ ᠬᠠᠰᠢᠶᠠᠨ ᠤ ᠢᠳᠡᠵᠦ ᠪᠠᠷᠠᠬᠤ ᠦᠭᠡᠢ ᠨᠤᠭᠤᠭ᠎ᠠ ᠶᠢ | ᠲᠣᠰᠬᠤᠨ ᠳᠤ ᠰᠠᠭᠤᠭ᠎ᠠ ᠠᠵᠢᠯᠯᠠᠬᠤ ᠠᠩᠬᠢ ᠶᠢᠨ ᠬᠢᠨ ᠪᠠᠰᠠ ᠪᠢᠳᠡᠨ ᠳᠤ ᠬᠠᠪᠰᠤᠷᠤᠨ ᠪᠤᠷᠤᠯᠠᠭᠤᠯᠤᠨ ᠥᠭᠴᠤ᠂ | ᠨᠢᠭᠡ ᠵᠢᠯ ᠳᠤ ᠪᠠᠰᠠ ᠪᠠᠭ᠎ᠠ ᠪᠤᠰᠤ ᠵᠣᠭᠤᠰ ᠤᠯᠳᠠᠭ》 ᠭᠡᠵᠤ ᠠᠯᠲᠠᠨᠪᠠᠭᠠᠨ᠎ᠠ ᠪᠠᠶᠠᠷᠲᠠᠶ ᠪᠠᠷ ᠬᠡᠯᠡᠵᠤ ᠪᠠᠶᠢᠪᠠ᠃ | ᠬᠠᠯᠠᠭᠤᠨ ᠬᠠᠨᠵᠤᠨ ᠳᠡᠭᠡᠷ᠎ᠡ ᠠᠯᠲᠠᠨᠪᠠᠭᠠᠨ᠎ᠠ ᠶᠢᠨ ᠬᠥᠭᠰᠢᠨ ᠨᠢ ᠨᠢᠭᠡᠨᠳᠡ ᠬᠠᠯᠠᠭᠤᠨ ᠬᠤᠭᠤᠯᠠ ᠵᠠᠭᠤᠰᠢ | ᠪᠡᠯᠡᠳᠭᠡᠭᠡᠳ ᠲᠠᠯᠪᠢᠪᠠ᠃ ᠢᠷᠡᠬᠦ ᠵᠢᠯ ᠳᠤ ᠲᠠᠳᠠ ᠲᠡᠵᠢᠭᠡᠬᠦ ᠬᠤᠨᠢ ᠪᠠᠨ ᠤᠯᠠᠮ ᠨᠡᠮᠡᠭᠳᠡᠭᠦᠯᠬᠦ᠂ ᠲᠡᠵᠢᠭᠡᠨ | ᠦᠷᠡᠵᠢᠭᠦᠯᠬᠦ ᠮᠡᠷᠭᠡᠵᠢᠯ ᠰᠤᠷᠴᠤ᠂ ᠰᠤᠯᠠ ᠰᠡᠯᠡᠭᠦᠤ ᠴᠠᠭ ᠢᠶᠠᠷ ᠢᠶᠠᠨ ᠭᠠᠴᠠᠭᠠᠨ ᠤ ᠰᠢᠨ᠎ᠡ ᠪᠠᠷ ᠪᠠᠶᠢᠭᠤᠯᠤᠭᠰᠠᠨ | ᠬᠤᠷᠰᠢᠶ᠎ᠠ ᠳᠤ ᠬᠦᠷᠴᠦ ᠬᠥᠯᠥᠰᠥᠨ ᠠᠵᠢᠯ ᠬᠢᠵᠦ ᠴᠠᠯᠢᠩ ᠣᠯᠵᠤ᠂ ᠣᠷᠣᠯᠭ᠎ᠠ ᠪᠠᠨ ᠨᠡᠮᠡᠭᠳᠡᠭᠦᠯᠵᠤ᠂ | ᠠᠳᠡᠯᠠᠮᠢᠳᠤᠷᠠᠯ ᠢᠶᠠᠨ ᠤᠯᠠᠮ ᠰᠠᠶᠢᠵᠢᠷᠠᠭᠤᠯᠬᠤ ᠪᠠᠷ ᠲᠥᠯᠥᠪᠯᠡᠵᠦ ᠪᠠᠶᠢᠨ᠎ᠠ ᠭᠡᠪᠡ᠃ | |