ᠳᠠᠭᠤᠷᠢᠶᠠᠮᠠᠯ ᠫᠤᠤ ᠵᠡᠪᠰᠡᠭ ᠢ ᠬᠠᠤᠯᠢ ᠶᠣᠰᠣᠭᠠᠷ ᠬᠤᠷᠢᠶᠠᠨ ᠠᠪᠬᠤ ᠫᠤᠤ ᠵᠠᠪᠰᠡᠭ ᠲᠡᠯᠪᠡᠷᠡᠬᠦ ᠡᠳ᠋ ᠤᠨ ᠬᠠᠮᠢᠶᠠᠷᠤᠯᠳᠠ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠬᠦ ᠲᠤᠬᠠᠶ ᠵᠠᠷᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠮᠡᠳᠡᠭᠡ
ᠨᠡᠶᠢᠲᠡᠯᠡᠭᠰᠡᠨ ᠴᠠᠭ᠄
2020/12/8
    ᠠᠷᠠᠳ ᠣᠯᠠᠨ ᠤ ᠠᠮᠢ ᠨᠠᠰᠤ ᠡᠳ᠋ ᠬᠤᠬᠰᠢᠯ ᠤᠨ ᠠᠮᠤᠷ ᠲᠦᠪᠰᠢᠨ ᠢ ᠪᠠᠳᠤᠯᠠᠨ᠂ ᠤᠯᠤᠰ ᠤᠨ ᠠᠮᠤᠷ ᠲᠦᠪᠰᠢᠨ ᠪᠠ ᠨᠡᠶᠢᠭᠡᠮ ᠤᠨ ᠶᠡᠭᠡ ᠲᠠᠯ᠎ᠠ ᠶᠢᠨ ᠦᠷᠭᠦᠯᠵᠢᠳᠡ ᠲᠣᠭᠲᠠᠭᠤᠨ ᠪᠠᠶᠢᠬᠤ ᠶᠢ ᠬᠠᠮᠠᠭᠠᠯᠠᠵᠤ᠂ ᠨᠡᠶᠢᠭᠡᠮ  ᠤᠨ ᠡᠯ᠎ᠡ ᠡᠲᠡᠭᠡᠳ ᠪᠠ ᠣᠯᠠᠨ ᠲᠦᠮᠡᠨ ᠢ ᠪᠥᠬᠦ ᠲᠠᠯ᠎ᠠ ᠪᠠᠷ ᠳᠠᠶᠢᠴᠢᠯᠠᠨ᠂ ᠫᠤᠤ ᠵᠡᠪᠰᠡᠭ ᠳᠡᠯᠪᠡᠷᠡᠬᠦ ᠡᠳ᠋ ᠤᠨ ᠬᠠᠮᠢᠶᠠᠷᠤᠯᠲᠠ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠣᠬᠢᠯᠲᠠ ᠦᠭᠬᠦ ᠴᠡᠭᠴᠡᠯᠡᠨ ᠵᠠᠰᠠᠬᠤ ᠲᠤᠰᠬᠠᠶ ᠠᠵᠢᠯᠯᠠᠭ᠎ᠠ ᠳᠤ ᠢᠳᠡᠪᠬᠢᠲᠡᠶ ᠣᠷᠣᠯᠴᠠᠭᠤᠯᠵᠤ᠂ ᠨᠡᠶᠢᠭᠡᠮ ᠳᠤ ᠲᠠᠷᠬᠠᠵᠤ ᠪᠠᠶᠢᠭ᠎ᠠ ᠡᠯ᠎ᠡ ᠲᠥᠷᠥᠯ ᠤᠨ ᠬᠠᠤᠯᠢ ᠪᠤᠰᠤ ᠫᠤᠤ ᠵᠡᠪᠰᠡᠭ᠂ ᠰᠤᠮᠤ ᠳᠠᠷᠢ᠂ ᠳᠡᠯᠪᠡᠷᠡᠬᠦ ᠡᠳ᠋ ᠪᠠ ᠳᠠᠭᠤᠷᠢᠶᠠᠮᠠᠯ ᠫᠤᠤ ᠵᠡᠪᠰᠡᠭ ᠢ ᠲᠤᠶᠢᠯᠪᠤᠷᠢᠲᠠᠶ ᠬᠤᠷᠢᠶᠠᠨ ᠠᠪᠴᠤ ᠂ ᠫᠤᠤ ᠵᠡᠪᠰᠡᠭ᠂ ᠰᠤᠮᠤ ᠳᠠᠷᠢ᠂ ᠳᠡᠯᠪᠡᠷᠡᠬᠦ ᠡᠳ᠋ ᠤᠨ ᠬᠠᠮᠢᠶᠠᠷᠤᠯᠲᠠ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ ᠬᠠᠤᠯᠢ ᠶᠣᠰᠣᠭᠠᠷ ᠴᠢᠩᠭ᠎ᠠ ᠴᠣᠬᠢᠯᠲᠠ ᠥᠭᠬᠦ ᠶᠢᠨ ᠲᠥᠯᠥᠭᠡ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠫᠤᠤ ᠵᠡᠪᠰᠡᠭ ᠤᠨ ᠬᠠᠮᠢᠶᠠᠷᠤᠯᠲᠠ ᠶᠢᠨ ᠬᠤᠯᠪᠣᠭᠳᠠᠯ ᠪᠥᠬᠦᠶ ᠲᠣᠭᠲᠠᠭᠠᠯ ᠢ ᠦᠨᠳᠦᠰᠦᠯᠡᠨ᠂ ᠵᠠᠷᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠣᠤᠷᠠᠬᠢ ᠮᠡᠲᠦ ᠮᠡᠳᠡᠭᠳᠡᠪᠡ᠄     ᠨᠢᠭᠡ᠂ ᠳᠣᠣᠷᠠᠬᠢ ᠨᠥᠬᠦᠴᠡᠯ ᠤᠨ ᠨᠢᠭᠡ ᠪᠠᠶᠢᠪᠠᠯ ᠳᠠᠭᠤᠷᠢᠶᠠᠮᠠᠯ ᠫᠤᠤ ᠪᠠᠷ ᠲᠤᠳᠤᠯᠡᠨ ᠲᠤᠬᠳᠠᠭᠠᠨ᠎ᠠ᠂ ᠲᠠᠷᠤᠶᠢᠬᠠᠨ ᠰᠠᠨᠠᠭᠠᠴᠢᠯᠠᠭ᠎ᠠ ᠠᠴᠠ ᠪᠠᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠲᠤᠰᠢᠶᠠᠬᠤ ᠬᠡᠷᠡᠭᠲᠡᠢ᠄     1《 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠫᠤᠤ ᠵᠡᠪᠰᠡᠭ ᠤᠨ ᠬᠠᠮᠢᠶᠠᠷᠤᠯᠲᠠ ᠶᠢᠨ ᠬᠠᠤᠯᠢ 》 ᠳᠤ ᠲᠣᠭᠲᠠᠭᠠᠭᠰᠠᠨ ᠫᠤᠤ ᠵᠡᠪᠰᠡᠭ ᠤᠨ ᠪᠦᠷᠢᠯᠳᠦᠯ ᠤᠨ ᠴᠢᠬᠤᠯᠠ ᠵᠤᠶᠢᠯ ᠢ ᠪᠦᠷᠢᠯᠳᠤᠭᠦᠯᠵᠤ᠂ ᠬᠠᠷᠪᠤᠭᠰᠠᠨ ᠲᠡᠮᠦᠷᠯᠢᠭ ᠰᠤᠮᠤ ᠪᠤᠶᠤ ᠪᠤᠰᠤᠳ ᠪᠣᠳᠠᠰ ᠤᠨ ᠫᠤᠤ ᠶᠢᠨ ᠠᠮᠠ ᠠᠴᠠ ᠭᠠᠷᠬᠤ ᠬᠥᠳᠡᠯᠭᠡᠭᠡᠨ ᠤ ᠡᠨᠧᠷᠭᠢ ᠨᠢ 1 . 8 ᠵᠤᠦ᠋ᠯ / ᠺᠦᠸᠠᠳ᠋ ᠰᠠᠨᠲ᠋ᠢᠮᠧᠲᠷ ᠠᠴᠠ ᠪᠠᠭ᠎ᠠ ( ᠲᠤᠰ ᠲᠤᠭ᠎ᠠ ᠶᠢ ᠪᠠᠭᠲᠠᠭᠠᠬᠤ ᠦᠭᠡᠢ )᠂ 0 . 16 ᠵᠤᠦ᠋ᠯ / ᠺᠦᠸᠠᠳ᠋ ᠰᠠᠨᠲ᠋ᠢᠮᠧᠲᠷ ᠠᠴᠠ ᠶᠡᠭᠡ ( ᠲᠤᠰ ᠲᠤᠭ᠎ᠠ ᠶᠢ ᠪᠠᠭᠲᠠᠭᠠᠬᠤ ᠦᠭᠡᠢ ) ᠪᠠᠶᠢᠬᠤ᠃     2  ᠫᠤᠤ ᠵᠡᠪᠰᠡᠭ ᠤᠨ ᠭᠠᠳᠠᠷ ᠬᠡᠯᠪᠡᠷᠢ ᠲᠦᠷᠰᠤ ᠶᠢᠨ ᠣᠨᠴᠠᠯᠢᠭ ᠢ ᠪᠦᠷᠢᠯᠳᠦᠭᠦᠯᠦᠭᠰᠡᠨ ᠵᠢᠴᠢ ᠵᠢᠩᠬᠢᠨᠢ ᠫᠤᠤ ᠵᠡᠪᠰᠡᠭ ᠤᠨ ᠮᠠᠲ᠋ᠧᠷᠢᠶᠠᠯ ᠪᠠ ᠴᠢᠳᠠᠮᠵᠢ ᠲᠠᠢ ᠫᠤᠤ ᠶᠢᠨ ᠬᠤᠭᠤᠯᠠᠢ᠂ ᠫᠤᠤ ᠶᠢᠨ ᠫᠦᠯᠧᠮᠶᠤᠲ᠂ ᠰᠤᠮᠤ ᠶᠢᠨ ᠬᠠᠶᠢᠷᠴᠠᠭ ᠪᠤᠶᠤ ᠬᠠᠷᠪᠤᠬᠤ ᠵᠡᠷᠭᠡ ᠰᠢᠰᠲ᠋ᠧᠮ ᠤᠨ ᠨᠢᠭᠡ  ᠪᠠᠶᠢᠬᠤ᠃     3 ᠭᠠᠳᠠᠷ ᠬᠡᠯᠪᠡᠷᠢ ᠲᠦᠷᠰᠤ᠂ ᠥᠩᠭᠡ ᠨᠢ ᠵᠢᠩᠬᠢᠨᠢ ᠫᠤᠤ ᠲᠠᠢ ᠠᠳᠠᠯᠢᠪᠳᠤᠷ ᠪᠤᠶᠤ ᠤᠶᠢᠷᠠᠯᠴᠠᠭ᠎ᠠ ᠵᠢᠴᠢ ᠭᠠᠳᠠᠷ ᠬᠡᠯᠪᠡᠷᠢ ᠲᠦᠷᠰᠤ ᠣᠷᠳᠣ ᠶᠢᠨ ᠬᠡᠮᠵᠢᠶ᠎ᠡ ᠨᠢ ᠬᠠᠷᠠᠭᠠᠯᠵᠠᠬᠰᠡᠨ ᠵᠢᠩᠬᠢᠨᠢ ᠫᠤᠤ ᠶᠢᠨ ᠣᠷᠳᠣ ᠶᠢᠨ ᠬᠡᠮᠵᠢᠶᠡᠨ  ᠤ ᠬᠤᠶᠠᠷ ᠨᠢ ᠨᠢᠭᠡ ᠪᠠ ᠨᠢᠭᠡ ᠲᠠᠬᠢᠨ ᠤ ᠬᠤᠭᠤᠷᠣᠨᠳᠣ ᠪᠠᠶᠢᠬᠤ᠃      ᠬᠤᠶᠠᠷ᠂  ᠬᠠᠤᠯᠢ ᠪᠤᠰᠤ ᠪᠠᠷ ᠫᠤᠤ ᠵᠡᠪᠰᠡᠭ᠂ ᠰᠤᠮᠤ ᠲᠠᠷᠢ᠂ ᠳᠡᠯᠪᠡᠷᠡᠬᠦ ᠡᠳ᠋ ᠬᠠᠳᠠᠭᠠᠯᠠᠵᠤ ᠪᠠᠶᠢᠭ᠎ᠠ ᠬᠥᠮᠦᠨ ᠪᠦᠬᠦᠨ ᠬᠠᠳᠠᠭᠠᠯᠠᠵᠤ ᠪᠠᠶᠢᠭ᠎ᠠ ᠫᠤᠤ ᠵᠡᠪᠰᠡᠭ᠂ ᠰᠤᠮᠤ ᠲᠠᠷᠢ᠂ ᠳᠡᠯᠪᠡᠷᠡᠬᠦ ᠡᠳ᠋ ᠢᠶᠠᠨ ᠲᠤᠬᠠᠢ ᠶᠢᠨ ᠭᠠᠵᠠᠷ  ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠲᠠᠷᠤᠶᠢᠬᠠᠨ ᠲᠤᠰᠢᠶᠠᠬᠤ ᠬᠡᠷᠡᠭᠲᠡᠢ᠃ ᠫᠤᠤ ᠵᠡᠪᠰᠡᠭ ᠲᠡᠷᠢ ᠰᠤᠮᠤ ᠶᠢ ᠬᠡᠷᠡᠭᠯᠡᠨ ᠬᠠᠤᠯᠢ ᠪᠠᠷ ᠵᠥᠷᠢᠴᠡᠭᠰᠡᠨ ᠠᠵᠢᠯᠯᠠᠭ᠎ᠠ ᠬᠢᠵᠤ ᠪᠠᠶᠢᠪᠠᠯ᠂ ᠶᠠᠯᠠᠲᠤ ᠠᠵᠢᠯᠯᠠᠭ᠎ᠠ ᠪᠠᠨ ᠲᠡᠷᠡ ᠳᠠᠷᠤᠢ ᠳᠤᠨᠢ ᠵᠣᠭᠰᠣᠭᠠᠬᠤ᠂ ᠰᠠᠨᠠᠭᠠᠴᠢᠯᠠᠭ᠎ᠠ ᠠᠴᠠ ᠪᠠᠨ ᠬᠡᠷᠡᠭ ᠢᠶᠠᠨ ᠮᠡᠳᠡᠷᠡᠵᠤ ᠪᠡᠶ᠎ᠡ ᠪᠠᠨ ᠲᠤᠰᠢᠶᠠᠬᠤ ᠬᠡᠷᠡᠭᠲᠡᠢ᠃ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠰᠦᠯᠵᠢᠶᠡᠨ ᠳᠡᠭᠡᠷ᠎ᠡ᠂ ᠰᠦᠯᠵᠢᠶᠡᠨ ᠭᠠᠳᠠᠭᠤᠷ ᠫᠤᠤ ᠵᠡᠪᠰᠡᠭ ᠲᠡᠷᠢ ᠰᠤᠮᠤ ᠳᠡᠯᠪᠡᠷᠡᠬᠦ ᠡᠳ᠋᠂ ᠳᠠᠭᠤᠷᠢᠶᠠᠮᠠᠯ ᠫᠤᠤ ᠵᠡᠪᠰᠡᠭ ᠬᠤᠳᠠᠯᠳᠤᠬᠤ ᠪᠠ ᠬᠤᠳᠠᠯᠳᠤᠨ ᠠᠪᠬᠤ ᠵᠡᠷᠭᠡ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ ᠬᠠᠤᠯᠢ ᠶᠣᠰᠣᠭᠠᠷ ᠬᠦᠨᠳᠦ ᠴᠢᠩᠭ᠎ᠠ ᠴᠣᠬᠢᠯᠲᠠ ᠥᠭᠭᠦᠨ᠎ᠡ᠃      ᠭᠤᠷᠪᠠ᠂  ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠡᠴᠠ‌ᠬᠠᠤᠯᠢ ᠶᠤᠰᠤᠭᠠᠷ ᠤᠯᠠᠨ ᠲᠦᠮᠡᠨ ᠤ ᠫᠤᠤ ᠵᠡᠪᠰᠡᠭ ᠲᠡᠷᠢ ᠰᠤᠮᠤ ᠳᠡᠯᠪᠡᠷᠡᠬᠦ ᠡᠳ᠋᠂ ᠳᠠᠭᠤᠷᠢᠶᠠᠮᠠᠯ ᠫᠤᠤ ᠵᠡᠪᠰᠡᠭ ᠲᠠᠢ ᠬᠤᠯᠪᠤᠬᠳᠠᠬᠤ ᠶᠠᠯᠠᠳᠤ ᠠᠵᠢᠯᠯᠠᠭ᠎ᠠ ᠶᠢ ᠢᠯᠡᠴᠢᠯᠡᠨ ᠮᠡᠳᠡᠭᠦᠯᠵᠤ᠂ ᠰᠦᠪᠡᠭᠴᠢ ᠬᠠᠩᠭᠠᠬᠤ ᠶᠢ  ᠵᠤᠷᠢᠬᠵᠢᠭᠤᠯᠵᠤ᠂ ᠤᠷᠭᠤᠨ ᠲᠤᠳᠠᠭᠠᠵᠤ ᠪᠠᠶᠢᠭ᠎ᠠ ᠫᠤᠤ ᠵᠡᠪᠰᠡᠭ ᠳᠡᠯᠪᠡᠷᠡᠬᠦ ᠡᠳ᠋ ᠲᠠᠢ ᠬᠤᠯᠪᠤᠬᠳᠠᠬᠤ ᠬᠡᠷᠡᠭᠳᠡᠨ ᠲᠠᠷᠤᠶᠢᠬᠠᠨ ᠪᠡᠶ᠎ᠡ ᠪᠠᠨ ᠲᠤᠰᠢᠶᠠᠭᠠᠷᠠᠢ ᠭᠡᠵᠤ ᠢᠳᠬᠠᠨ ᠰᠠᠨᠠᠭᠤᠯᠵᠤ ᠪᠠᠶᠢᠨ᠎ᠠ᠃ ᠢᠯᠡᠴᠢᠯᠡᠨ ᠮᠡᠳᠡᠭᠦᠯᠦᠭᠰᠡᠨ ᠭᠠᠪᠢᠶ᠎ᠠ ᠲᠠᠢ ᠭᠦᠮᠤᠰ ᠢ ᠬᠤᠯᠪᠣᠭᠳᠠᠯ ᠪᠦᠬᠦᠢ ᠲᠣᠭᠲᠠᠭᠠᠯ ᠢᠶᠠᠷ ᠱᠠᠩᠨᠠᠨ᠎ᠠ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠢᠯᠡᠴᠢᠯᠡᠨ ᠮᠡᠳᠡᠭᠦᠯᠦᠭᠴᠢ ᠶᠢᠨ ᠬᠤᠪᠢ ᠬᠥᠮᠦᠨ ᠤ ᠮᠡᠳᠡᠭᠡ ᠵᠠᠩᠭᠢ ᠵᠢᠴᠢ ᠠᠮᠤᠷ ᠲᠦᠪᠰᠢᠨ ᠢ ᠬᠠᠤᠯᠢ ᠶᠣᠰᠣᠭᠠᠷ ᠬᠠᠮᠠᠭᠠᠯᠠᠨ᠎ᠠ᠃ ᠫᠤᠤ ᠵᠡᠪᠰᠡᠭ ᠳᠡᠯᠪᠡᠷᠡᠬᠦ ᠡᠳ᠋ ᠲᠠᠢ ᠬᠤᠯᠪᠣᠭᠳᠠᠭᠰᠠᠨ ᠬᠠᠤᠯᠢ ᠠᠴᠠ ᠵᠥᠷᠢᠴᠡᠭᠰᠡᠨ ᠬᠡᠷᠡᠭᠳᠡᠨ ᠢ ᠨᠢᠭᠤᠨ ᠳᠠᠯᠳᠠᠯᠠᠵᠤ᠂ ᠥᠮᠥᠭᠯᠡᠵᠦ ᠂  ᠬᠡᠷᠡᠭᠳᠡᠨ ᠢ ᠬᠠᠪᠰᠤᠷᠤᠨ ᠭᠡᠷᠡᠴᠢ ᠪᠠᠷᠢᠮᠲᠠ ᠶᠢ ᠨᠢ ᠦᠭᠡᠶᠢᠰᠭᠡᠵᠤ᠂ ᠬᠠᠭᠤᠷᠮᠠᠭᠯᠠᠨ ᠵᠣᠬᠢᠶᠠᠭᠰᠠᠨ ᠪᠠᠶᠢᠪᠠᠯ᠂ ᠬᠠᠤᠯᠢ ᠶᠢᠨ ᠬᠠᠷᠢᠭᠤᠴᠠᠯᠭ᠎ᠠ ᠨᠡᠬᠡᠮᠵᠢᠯᠡᠨ᠎ᠡ᠃ ᠢᠯᠡᠴᠢᠯᠡᠨ ᠮᠡᠳᠡᠭᠦᠯᠦᠭᠴᠢ ᠶᠢ ᠰᠦᠷᠳᠡᠭᠦᠯᠵᠦ᠂ ᠬᠠᠷᠢᠭᠤ ᠠᠪᠤᠭᠰᠠᠨ ᠪᠠᠶᠢᠪᠠᠯ᠂ ᠬᠠᠤᠯᠢ ᠶᠣᠰᠣᠭᠠᠷ ᠴᠢᠩᠭ᠎ᠠ ᠰᠢᠳᠬᠡᠨ᠎ᠡ᠃     ᠲᠦᠷᠪᠡ᠂ ᠥᠷᠭᠡᠨ ᠤᠯᠠᠨ ᠠᠷᠠᠳ ᠲᠦᠮᠡᠨ ᠲᠣᠭᠯᠠᠭᠠᠮ ᠤᠨ ᠫᠤᠤ ᠬᠤᠳᠠᠯᠳᠤᠨ ᠠᠪᠬᠤ ᠳᠠᠭᠠᠨ ᠵᠢᠩᠬᠢᠨᠢ ᠦᠢᠯᠡᠳᠪᠦᠷᠢ ᠶᠢᠨ ᠦᠢᠯᠡᠳᠪᠦᠷᠢᠯᠡᠭᠰᠡᠨ ᠦᠢᠯᠡᠳᠬᠦᠨ ᠢ ᠰᠤᠩᠭᠤᠭᠠᠷᠠᠢ᠂ ᠦᠢᠯᠡᠳᠪᠦᠷᠢᠯᠡᠭᠰᠡᠨ ᠦᠢᠯᠡᠳᠪᠦᠷᠢ ᠦᠭᠡᠢ ᠂ ᠵᠥᠪᠰᠢᠶᠡᠷᠡᠯ ᠤᠨ ᠦᠨᠡᠮᠯᠡᠯ ᠨᠤᠮᠧᠷ ᠦᠭᠡᠢ᠂ ᠦᠢᠯᠡᠳᠬᠦᠨ ᠤ ᠲᠡᠮᠳᠡᠭ ᠦᠭᠡᠢ᠂ ᠢᠷᠡᠯᠳᠡ  ᠲᠣᠳᠣᠷᠬᠠᠢ ᠦᠭᠡᠢ ᠲᠣᠭᠯᠠᠭᠠᠮ ᠤᠨ ᠫᠤᠤ ᠶᠢ ᠪᠢᠳᠡᠬᠡᠢ ᠬᠤᠳᠠᠯᠳᠤᠨ ᠠᠪᠤᠭᠠᠷᠠᠢ᠂ ᠳᠠᠭᠤᠷᠢᠶᠠᠮᠠᠯ ᠫᠤᠤ᠂ ᠴᠦᠢᠳᠧᠩ ᠫᠤᠤ ᠵᠡᠷᠭᠡ ᠠᠮᠠᠷᠬᠠᠨ ᠬᠤᠣᠷ ᠬᠥᠨᠥᠭᠡᠯ ᠤᠴᠠᠷᠠᠭᠤᠯᠬᠤ ᠡᠳ᠋ ᠪᠣᠳᠠᠰ ᠢ ᠪᠢᠳᠡᠬᠡᠢ ᠬᠤᠳᠠᠯᠳᠤᠨ ᠠᠪᠤᠭᠠᠷᠠᠢ᠃     ᠲᠤᠰ ᠮᠡᠳᠡᠭᠡ ᠶᠢ ᠨᠡᠶᠢᠲᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠃     ᠢᠯᠡᠴᠢᠯᠡᠨ ᠮᠡᠳᠡᠭᠦᠯᠬᠦ ᠤᠲᠠᠰᠤ᠄ 110    0475 - 7231700     ᠢᠯᠡᠴᠢᠯᠡᠨ ᠮᠡᠳᠡᠭᠦᠯᠬᠦ‌ᠭᠠᠵᠠᠷ᠄ ᠵᠠᠷᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ 414 ᠠᠯᠪᠠᠨ ᠬᠡᠷ     ᠢᠯᠡᠴᠢᠯᠡᠨ ᠮᠡᠳᠡᠭᠦᠯᠬᠦ ᠰᠢᠤᠳᠡᠨ ᠬᠠᠶᠢᠷᠴᠠᠭ᠄zitqzagzyx@163.com                          ᠵᠠᠷᠤᠳ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ                          2020 ᠣᠨ ᠤ10 ᠰᠠᠷ᠎ᠠ ᠶᠢᠨ15 ᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号