| — ᠵᠠᠷᠤᠳ ᠬᠤᠰᠢᠭᠤᠨ ᠤ ᠳᠤᠯᠤᠳᠤ ᠰᠤᠮᠤ ᠶᠢᠨ ᠬᠤᠶᠠᠷᠬᠤᠸᠠ ᠭᠠᠴᠠᠭ᠎ᠠ ᠶᠢᠨ ᠵᠢᠱᠢᠶᠡᠴᠢ ᠮᠠᠯᠴᠢᠨ | ᠬᠠᠨᠭ᠍ᠰᠢᠹᠦ᠋ᠯᠵᠢᠷ ᠢ ᠲᠡᠮᠲᠡᠭᠯᠡᠪᠡ | | ᠨᠠᠮ ᠵᠠᠰᠠᠭ ᠤᠨ ᠳᠡᠮᠵᠢᠯᠬᠡ᠂ ᠲᠦᠷᠦ ᠶᠢᠨ ᠪᠤᠳᠤᠯᠭ᠎ᠠ ᠶᠢᠨ ᠲᠤᠶᠠᠭᠠᠯᠠᠯ ᠢᠶᠠᠷ ᠮᠠᠯᠴᠢᠳ ᠤᠨ ᠠᠮᠢᠳᠤᠷᠠᠯ | ᠡᠳᠦᠷ ᠠᠴᠠ ᠡᠳᠦᠷ ᠰᠠᠶᠢᠵᠢᠷᠠᠵᠦ᠂ ᠮᠠᠨ ᠤ ᠬᠠᠵᠠᠭᠤ ᠳᠤ ᠪᠠᠶᠠᠵᠢᠯ ᠤᠨ ᠵᠠᠮ ᠢᠶᠠᠷ ᠵᠠᠮᠨᠠᠬᠰᠠᠨ ᠵᠢᠱᠢᠶᠡᠴᠢ ᠮᠠᠯᠴᠢᠨ | ᠠᠯᠢ ᠤᠯᠠᠨ ᠴᠤᠯᠭᠤᠷᠠᠨ ᠭᠠᠷᠴᠦ ᠪᠤᠢ᠃ ᠲᠡᠷᠡ ᠳᠤᠮᠳᠠ ᠠᠴᠠ ᠵᠠᠷᠤᠳ ᠬᠤᠰᠢᠭᠤᠨ ᠤ ᠳᠤᠯᠤᠳᠤ ᠰᠤᠮᠤ ᠶᠢᠨ | ᠬᠤᠶᠠᠷᠬᠤᠸᠠ ᠭᠠᠴᠠᠭ᠎ᠠ ᠶᠢᠨ ᠬᠠᠨᠭ᠍ᠰᠢᠹᠦ᠋ᠯᠵᠢᠷ ᠭᠤᠸᠠᠢ ᠵᠠᠭᠤ ᠭᠠᠷᠤᠢ ᠰᠠᠶᠢᠨ ᠡᠬᠦᠯᠳᠡᠷ ᠤᠨ ᠬᠤᠷᠴᠢᠨ ᠦᠭᠡᠷ᠂ | ᠬᠤᠶᠠᠷ ᠵᠠᠭᠤ ᠢᠯᠡᠬᠦᠦ ᠬᠤᠨᠢ ᠮᠠᠯᠵᠢᠵᠦ᠂ ᠵᠢᠯ ᠤᠨ ᠴᠡᠪᠡᠷ ᠤᠷᠤᠯᠭ᠎ᠠ ᠨᠢ ᠭᠤᠴᠢᠨ ᠲᠦᠮᠡᠨ ᠲᠦᠬᠦᠷᠢᠭ ᠢ | ᠳᠠᠪᠠᠵᠦ ᠪᠠᠶᠢᠭ᠎ᠠ ᠨᠢ ᠪᠠᠭ᠋ᠠᠳᠤᠭᠤᠰᠢᠲᠠᠢ᠃ | ᠬᠤᠶᠠᠷᠬᠤᠸᠠ ᠭᠡᠵᠦ ᠠᠴᠢᠲᠦ ᠡᠬᠡ ᠶᠢᠨ ᠠᠷᠢᠭᠤᠨ ᠬᠦᠬᠦ ᠰᠢᠭ ᠲᠦᠮᠪᠤᠶᠢᠭ᠍ᠰᠡᠨ ᠬᠤᠶᠠᠷ ᠰᠠᠶᠢᠬᠠᠨ ᠦᠨᠳᠦᠷ | ᠵᠤ ᠲᠠᠢ ᠪᠠᠷ ᠢᠶᠠᠨ ᠢᠡᠭᠭᠢᠵᠦ ᠨᠡᠷᠡᠯᠡᠭᠳᠡᠭᠰᠡᠨ ᠨᠤᠲᠤᠭ ᠶᠤᠮ᠃ ᠡᠷᠲᠡ ᠠᠴᠠ ᠠᠪᠤᠭᠠᠳ ᠡᠪᠡᠰᠦ ᠪᠡᠯᠴᠢᠬᠡᠷ ᠦᠡᠭ | ᠰᠢᠮᠡᠯᠢᠭ᠂ ᠭᠠᠵᠠᠷ ᠠᠭᠤᠵᠢᠮ ᠡᠨᠡ ᠨᠤᠲᠤᠭ ᠬᠦᠮᠦᠨ ᠠᠷᠠᠳ ᠢᠶᠠᠨ ᠢᠪᠡᠭᠡᠵᠦ᠂ ᠲᠤᠷᠭᠠᠨ ᠡᠯᠢᠬᠡᠨ ᠳᠡᠭᠡᠨ | ᠪᠦᠪᠠᠶᠢᠯᠡᠨ ᠲᠠᠩᠰᠤᠭ ᠪᠠᠶᠠᠨ ᠠᠮᠢᠳᠤᠷᠠᠭᠤᠯᠤᠭᠰᠠᠭᠠᠷ ᠢᠷᠡᠭᠰᠡᠨ ᠶᠤᠮ᠃ ᠠᠮᠤᠭᠤᠯᠠᠩ ᠨᠤᠲᠤᠭ ᠤᠨ ᠢᠶᠠᠨ | ᠬᠡᠰᠢᠭ ᠲᠤ ᠲᠦᠰᠢᠭᠰᠡᠨ ᠮᠠᠯᠴᠢᠨ ᠲᠦᠮᠡᠨ ᠨᠢ ᠴᠤ ᠠᠵᠢᠯᠴᠢ ᠬᠦᠳᠡᠯᠮᠦᠷᠢᠴᠢ ᠦᠢᠯᠡᠰᠴᠢ ᠪᠦᠲᠦᠭᠡᠯᠴᠢ | ᠠᠷᠠᠨᠰᠢᠨ ᠲᠠᠢ ᠪᠠᠶᠢᠳᠠᠭ ᠪᠤᠯᠬᠤᠷ ᠭᠠᠵᠠᠷ ᠤᠨ ᠵᠢᠷᠤᠭ ᠳᠡᠭᠡᠷ᠎ᠡ ᠠᠴᠠ ᠡᠷᠢᠵᠦ ᠤᠯᠳᠠᠮᠠ ᠦᠬᠡᠢ ᠡᠨᠡ ᠬᠡᠰᠡᠭ | ᠭᠠᠵᠠᠷ ᠶᠡᠭᠡ ᠡᠷᠲᠡ ᠪᠦᠬᠦ ᠤᠷᠤᠨ᠂ ᠴᠢᠨᠠᠭᠰᠢᠯᠠᠨ ᠪᠦᠬᠦ ᠤᠯᠤᠰ ᠲᠤ ᠬᠦᠷᠳᠡᠯ᠎ᠡ ᠠᠯᠳᠠᠷ ᠢᠶᠠᠨ ᠮᠠᠨᠳᠤᠭᠤᠯᠤᠭᠰᠠᠨ | ᠲᠡᠦᠬᠡ ᠲᠠᠢ᠃ ᠬᠤᠶᠠᠷᠬᠤᠸᠠ ᠨᠤᠲᠤᠭ ᠤᠨ ᠪᠠᠷᠠᠭᠤᠨ ᠬᠤᠶᠢᠳᠤ ᠵᠠᠬ᠎ᠠ ᠬᠦᠪᠡᠭᠡᠳᠡᠵᠦ ᠪᠠᠷᠠᠭᠤᠨ ᠠᠴᠠ ᠵᠡᠬᠦᠨᠰᠢ | ᠲᠠᠰᠢᠭᠤ ᠬᠡᠯᠪᠡᠷᠢᠲᠡᠢ ᠲᠦᠡᠭᠭᠦ᠋ᠢᠭᠰᠡᠨ ᠪᠦᠲᠦᠬᠦᠨᠬᠤᠸᠠ ᠶᠢᠨ ᠡᠩᠭᠡᠷ ᠲᠤ ᠰᠠᠭᠤᠷᠢᠰᠢᠭᠰᠠᠨ ᠲᠡᠷᠡ ᠠᠶᠢᠯ ᠢ | ᠬᠠᠨᠭ᠍ᠰᠢᠹᠦ᠋ᠯᠵᠢᠷ ᠤᠨ ᠬᠢᠨ ᠬᠡᠳᠡᠭ᠃ ᠰᠠᠭᠤᠬᠤ ᠭᠡᠷ᠂ ᠬᠦᠮᠦᠷᠭᠡ ᠵᠡᠷᠭᠡ ᠨᠢ ᠬᠡᠳᠦ ᠬᠡᠳᠦᠨ ᠲᠠᠰᠤᠯᠭ᠎ᠠ ᠪᠠᠷ | ᠦᠷᠬᠦᠯᠵᠢᠯᠡᠬᠡᠳ᠂ ᠲᠤᠭᠤᠰᠬ᠎ᠠ ᠪᠠᠷ ᠵᠡᠷᠭᠡᠯᠡᠭᠰᠡᠨ ᠬᠡᠷᠡᠮ ᠬᠠᠰᠢᠶ᠎ᠠ᠂ ᠫᠸᠡᠭ ᠰᠠᠷᠠᠪᠴᠢ ᠨᠢ ᠳᠡᠷᠢ ᠲᠡᠭᠰᠢ | ᠬᠠᠷᠠᠭᠳᠠᠵᠦ᠂ ᠰᠡᠦᠭᠡ ᠲᠡᠷᠭᠡ᠂ ᠲᠷᠠᠺᠲ᠋ᠤᠷ᠂ ᠮᠤᠲ᠋ᠤᠷ ᠵᠡᠷᠭᠡ ᠮᠠᠰᠢᠨ ᠲᠤᠨᠤᠬᠯᠠᠯ ᠨᠢ ᠭᠠᠳᠠᠨ᠎ᠠ ᠨᠢ ᠬᠦᠭᠯᠡᠷᠡᠵᠦ᠂ | ᠰᠢᠨ᠎ᠠ ᠴᠠᠭ ᠦᠶ᠎ᠠ ᠶᠢᠨ ᠴᠢᠨᠡᠭᠡᠯᠢᠭ ᠮᠠᠯᠴᠢᠨ ᠤ ᠵᠢᠷᠭᠠᠯᠳᠦ ᠠᠮᠢᠳᠤᠷᠠᠯ ᠢ ᠬᠦᠤᠷᠨᠢᠨᠠ᠃ 5 ᠰᠠᠷ᠎ᠠ ᠶᠢᠨ 16 ᠤ | ᠡᠳᠦᠷ᠂ ᠲᠡᠬᠦᠨ ᠢ ᠰᠤᠷᠪᠤᠯᠵᠢᠯᠠᠬᠤ ᠪᠠᠷ ᠬᠦᠷᠬᠦ ᠳᠤ ᠬᠠᠨᠭ᠍ᠰᠢᠹᠦ᠋ᠯᠵᠢᠷ ᠵᠢᠮᠢᠰ ᠬᠤᠶᠠᠭᠤᠯᠠ ᠶᠠᠭ ᠰᠠᠶ᠋ᠢᠬᠠᠨ | ᠲᠠᠷᠢᠶ᠎ᠠ ᠪᠠᠨ ᠤᠰᠤᠯᠠᠭᠠᠳ ᠬᠠᠷᠢᠵᠦ ᠢᠷᠡᠭᠡᠳ ᠪᠠᠶᠢᠪᠠ᠃ | ᠊᠊᠊᠊᠊᠊ ᠦᠡᠭᠭᠡᠷᠡᠭᠰᠡᠨ ᠨᠠᠮᠤᠷ ᠲᠠᠷᠢᠶᠠᠨ ᠭᠠᠵᠠᠷ ᠲᠠᠭᠠᠨ ᠴᠠᠬᠢᠯᠭᠠᠨ ᠤᠷᠤᠭᠤᠯᠤᠭᠰᠠᠨ ᠠᠴᠠ ᠡᠨᠡ ᠬᠠᠪᠤᠷ | ᠲᠤᠰᠤᠯᠭᠠᠨ ᠤᠰᠤᠯᠠᠬᠤ ᠲᠦᠬᠦᠬᠡᠷᠦᠮᠵᠢ ᠤᠭᠰᠠᠷᠠᠵᠠᠢ᠃ ᠭᠡᠪᠡᠴᠦ ᠭᠠᠵᠠᠷ ᠳᠤᠤᠷᠠᠬᠢ ᠤᠰᠤᠨ ᠤ ᠲᠦᠪᠰᠢᠨ ᠶᠡᠭᠡ | ᠳᠤᠷᠤᠭᠰᠢᠯᠠᠭᠰᠠᠨ ᠠᠴᠠ ᠬᠤᠳᠳᠤᠭ ᠵᠢᠭᠠᠬᠠᠨ ᠪᠤᠭᠤᠨᠢᠳᠠᠭᠰᠠᠨ ᠪᠠᠶᠢᠳᠠᠯ ᠲᠠᠢ᠂ ᠤᠰᠤ ᠭᠠᠷᠬᠤ ᠪᠠᠷ ᠮᠠᠭᠤ ᠪᠠᠶᠢᠨ᠎ᠠ᠃ | ᠮᠠᠰᠢᠨ ᠨᠢ ᠵᠢᠭᠠᠬᠠᠨ ᠴᠤ ᠲᠤᠮᠤᠳᠠᠴᠢᠬᠠᠭᠰᠠᠨ ᠮᠠᠭᠠᠳ᠂ ᠪᠠᠭ᠎ᠠ ᠬᠡᠯᠪᠡᠷᠢ ᠶᠢᠨ ᠮᠠᠰᠢᠨ ᠢᠶᠠᠷ ᠰᠤᠯᠢᠵᠦ ᠲᠤᠷᠰᠢᠵᠦ | ᠦᠵᠡᠬᠦ ᠰᠠᠨᠠᠭᠠᠲᠠᠢ ᠭᠡᠵᠦ ᠬᠠᠨᠭ᠍ᠰᠢᠹᠦ᠋ᠯᠵᠢᠷ ᠭᠤᠸᠠᠢ ᠡᠶᠢᠰᠢ ᠳᠡᠶᠢᠰᠢ ᠤᠳᠠᠰᠤᠳᠠᠵᠦ ᠮᠠᠰᠢᠨ ᠡᠷᠢᠬᠡᠳ ᠶᠠᠭᠠᠷᠠᠨ᠎ᠠ᠃ | ᠬᠤᠨᠢ ᠮᠠᠯ ᠢᠶᠠᠨ ᠪᠦᠷ ᠪᠡᠯᠴᠢᠬᠡᠷ ᠲᠤ ᠭᠠᠷᠭᠠᠴᠢᠬᠠᠭᠰᠠᠨ ᠪᠦᠬᠡᠳ ᠤᠷᠤᠢ ᠳᠠᠭᠠᠨ ᠠᠪᠴᠢᠷᠠᠭᠠᠳ ᠤᠰᠤᠯᠠᠪᠠᠯ | ᠪᠤᠯᠴᠢᠬᠠᠬᠤ ᠶᠤᠮ ᠭᠡᠨ᠎ᠡ᠃ ᠲᠡᠳᠡᠨ ᠤ ᠬᠢᠨ ᠦᠪᠡᠷ ᠤᠨ 2000 ᠭᠠᠷᠤᠢ ᠮᠦ ᠪᠡᠯᠴᠢᠬᠡᠷ ᠤᠨ ᠢᠶᠠᠨ ᠳᠡᠭᠡᠷ᠎ᠡ | ᠪᠤᠰᠤᠳ ᠠᠴᠠ 2000 ᠭᠠᠷᠤᠢ ᠮᠦ ᠪᠡᠯᠴᠢᠬᠡᠷ ᠲᠦᠷᠢᠶᠡᠰᠦᠯᠡᠵᠦ᠂ ᠪᠡᠯᠴᠢᠬᠡᠷ ᠢᠶᠠᠨ ᠬᠤᠶᠠᠷ ᠬᠡᠰᠡᠭ ᠬᠤᠪᠢᠶᠠᠵᠦ᠂ | ᠪᠡᠯᠴᠢᠬᠡᠷ ᠰᠡᠯᠬᠦᠨ ᠮᠠᠯᠵᠢᠭᠠᠳ ᠨᠡᠯᠢᠶᠡᠳ ᠬᠡᠳᠦᠨ ᠵᠢᠯ ᠪᠤᠯᠴᠢᠬᠠᠭᠰᠠᠨ ᠪᠠᠶᠢᠵᠠᠢ᠃ | ᠬᠦᠷᠦᠰᠦᠯᠢᠭ ᠪᠤᠷᠤ ᠴᠢᠷᠠᠢ ᠲᠠᠢ᠂ ᠬᠦᠳᠡᠷ ᠴᠢᠬᠢᠷᠠᠭ ᠪᠡᠶ᠎ᠡ ᠲᠠᠢ ᠬᠠᠨᠭ᠍ᠰᠢᠹᠦ᠋ᠯᠵᠢᠷ ᠭᠤᠸᠠᠢ ᠶᠢ ᠠᠪᠤᠨ | ᠦᠵᠡᠬᠦ ᠳᠤ ᠪᠦᠬᠡᠴᠢᠨ ᠴᠤ ᠬᠡᠮᠡᠷ᠂ ᠠᠬᠢᠭᠠᠳ ᠵᠤᠭᠤᠭᠳᠠᠬᠤ ᠳᠤ ᠬᠡᠯᠡᠮᠦᠷᠴᠢ ᠴᠤ ᠬᠡᠮᠡᠷ ᠶᠠᠷᠢᠶ᠎ᠠ ᠬᠦᠬᠡᠷᠦᠬᠡ ᠲᠠᠢ | ᠬᠦᠮᠦᠨ ᠪᠠᠶᠢᠯ᠎ᠠ᠃ ᠡᠨᠡ ᠵᠢᠯ ᠲᠠᠪᠢᠨ ᠳᠦᠷᠪᠡᠲᠡᠢ ᠬᠠᠨᠭ᠍ᠰᠢᠹᠦ᠋ᠯᠵᠢᠷ ᠭᠤᠸᠠᠢ ᠪᠤᠯ ᠵᠡᠬᠦᠨ ᠭᠠᠷ ᠵᠠᠷᠤᠳ ᠤᠨ | ᠪᠤᠷᠵᠢᠬᠢᠨ ᠤᠪᠤᠭᠲᠠᠨ ᠤ ᠬᠤᠶᠢᠴᠢᠰ᠂ ᠶᠠᠭ ᠰᠠᠶ᠋ᠢᠬᠠᠨ ᠨᠡᠭᠡᠭᠡᠭᠰᠡᠨ ᠬᠠᠨᠭ᠍ᠰᠢ ᠶᠢᠨ ᠡᠳᠦᠷ ᠲᠦᠷᠦᠭᠰᠡᠨ ᠪᠤᠯᠬᠤᠷ | ᠡᠪᠦᠭᠡ ᠨᠢ ᠲᠡᠬᠦᠨ ᠳᠤ ᠬᠠᠨᠭ᠍ᠰᠢᠹᠦ᠋ᠯᠵᠢᠷ ᠭᠡᠳᠡᠭ ᠲᠦᠪᠡᠳ ᠨᠡᠷ᠎ᠡ ᠬᠠᠶᠢᠷᠠᠯᠠᠭᠰᠠᠨ ᠭᠡᠳᠡᠭ᠃ ᠮᠤᠩᠭᠤᠯᠴᠤᠳ ᠪᠤᠯ | ᠲᠠᠪᠤᠨ ᠬᠤᠰᠢᠭᠤ ᠮᠠᠯ ᠢᠶᠠᠨ ᠲᠤᠭᠠᠯᠠᠵᠦ ᠪᠦᠷᠢᠳᠭᠡᠬᠦ ᠦᠭᠡᠢ ᠵᠢᠰᠦᠯᠡᠵᠦ ᠮᠡᠳᠡᠳᠡᠭ ᠬᠤᠷᠴᠠ ᠲᠠᠷᠢᠬᠢ ᠲᠠᠢ | ᠦᠨᠳᠦᠰᠦᠳᠠᠨ᠃ ᠲᠡᠷᠡ ᠶᠡᠭᠡ ᠤᠬᠠᠭᠠᠨ ᠢ ᠦᠪᠯᠡᠵᠦ᠂ ᠬᠡᠳᠦᠨ ᠦᠶ᠎ᠡ ᠪᠠᠷ ᠢᠶᠠᠨ ᠮᠠᠯᠴᠢᠨ ᠤᠳᠤᠮ ᠲᠠᠢ ᠭᠡᠷ ᠲᠤ | ᠲᠦᠷᠦᠭᠰᠡᠨ ᠬᠠᠨᠭ᠍ᠰᠢᠹᠦ᠋ᠯᠵᠢᠷ ᠪᠠᠭ᠎ᠠ ᠠᠴᠠ ᠪᠠᠨ ᠠᠳᠤᠭᠤ ᠮᠠᠯ ᠲᠠᠢ ᠨᠤᠴᠤᠯᠳᠤᠵᠦ ᠦᠰᠴᠠᠢ᠂ ᠦᠪᠡᠷ ᠤᠨ | ᠮᠠᠯ ᠢᠶᠠᠨ ᠰᠠᠶᠢᠨ ᠲᠠᠨᠢᠬᠤ ᠪᠠᠷ ᠦᠯᠦ ᠪᠠᠷᠠᠮ ᠪᠤᠰᠤᠳ ᠤᠨ ᠬᠢ ᠶᠢ ᠴᠦ ᠠᠨᠳᠠᠬᠤ ᠦᠭᠡᠢ ᠨᠢᠲᠦᠯᠡᠳᠡᠭ᠃ ᠡᠨᠡ ᠨᠢ | ᠠᠶᠢᠯ ᠤᠨ ᠡᠪᠦᠭᠡᠴᠤᠤᠯ ᠳᠤ ᠶᠡᠭᠡᠳᠠ ᠲᠤᠰᠠ ᠪᠤᠯᠵᠦ᠂ ᠭᠡᠳᠦᠨ ᠰᠢᠬᠢᠷ ᠪᠤᠭᠤᠷᠰᠤᠭ ᠢᠶᠠᠨ ᠬᠠᠨᠭ᠍ᠰᠢᠹᠦ᠋ᠯᠵᠢᠷ ᠲᠤ | ᠠᠳᠬᠤᠯᠴᠢᠬᠠᠪᠠᠯ ᠦᠪᠡᠷ ᠢᠶᠠᠨ ᠡᠷᠢᠯ ᠳᠤ ᠭᠠᠷᠬᠤ ᠦᠭᠡᠢ ᠳᠤ ᠪᠤᠯᠴᠢᠬᠠᠳᠠᠭ ᠪᠠᠶᠢᠭᠰᠠᠨ ᠭᠡᠨ᠎ᠡ᠃ ᠠᠳᠤᠭᠤ | ᠮᠠᠯ ᠲᠠᠢ ᠬᠠᠮᠲᠤ ᠪᠠᠶᠢᠬᠤ ᠳᠤ ᠯᠠ ᠰᠡᠳᠬᠢᠯ ᠨᠢ ᠰᠡᠷᠬᠦᠬᠡᠳ ᠴᠤᠭ ᠵᠤᠯᠢ ᠨᠢ ᠪᠠᠳᠠᠷᠠᠴᠢᠬᠠᠳᠠᠭ ᠲᠡᠶᠢᠮᠦ ᠬᠡᠦᠬᠡᠳ | ᠪᠠᠶᠢᠭᠰᠠᠨ ᠪᠤᠯᠬᠤᠷ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠢ ᠬᠠᠰᠢ ᠶᠠᠰᠢ ᠦᠡᠭᠭᠡᠷᠡᠭᠡᠭᠡᠳ | ᠰᠤᠷᠭᠠᠭᠤᠯᠢ ᠠᠴᠠ ᠭᠠᠷᠴᠦ ᠮᠠᠯᠴᠢᠨ ᠪᠤᠯᠵᠠᠢ᠃ ᠨᠤᠲᠤᠭ ᠢᠶᠠᠨ ᠰᠠᠬᠢᠭᠠᠳ ᠨᠠᠷᠠᠨ ᠤ ᠪᠤᠷᠤ ᠮᠠᠯᠴᠢᠨ ᠶᠠᠪᠤᠬᠤ ᠨᠢ | ᠠᠷᠪᠠᠭᠠᠳ ᠨᠠᠰᠤᠨ ᠤ ᠬᠠᠨᠭ᠍ᠰᠢᠹᠦ᠋ᠯᠵᠢᠷ ᠲᠤ ᠠᠪᠴᠦ ᠬᠡᠯᠡᠪᠡᠯ ᠬᠠᠭᠠᠨ ᠤ ᠵᠢᠷᠭᠠᠯ ᠠᠴᠠ ᠳᠤᠤᠷᠠᠳᠠᠬᠤ ᠦᠬᠡᠢ ᠮᠡᠲᠦ | ᠰᠠᠨᠠᠭᠳᠠᠵᠦ ᠪᠠᠶᠢᠵᠠᠢ᠃ | ᠬᠠᠨᠭ᠍ᠰᠢᠹᠦ᠋ᠯᠵᠢᠷ ᠭᠤᠸᠠᠢ ᠶᠢᠨ ᠠᠪᠤ ᠶᠢ ᠡᠷᠳᠡᠨᠢᠴᠤᠬᠳᠦ ᠭᠡᠳᠡᠭ᠂ ᠵᠠᠯᠠᠭᠤ ᠳᠠᠭᠠᠨ ᠴᠡᠷᠢᠭ ᠲᠤ ᠶᠠᠪᠤᠭᠰᠠᠨ | ᠬᠦᠮᠦᠨ᠂ ᠰᠡᠬᠦᠯᠡᠷ ᠨᠢ ᠴᠡᠷᠢᠭ ᠠᠴᠠ ᠬᠠᠯᠠᠭᠳᠠᠭᠰᠠᠨ ᠤ ᠳᠠᠷᠠᠭ᠎ᠠ ᠬᠤᠶᠠᠷᠬᠤᠸᠠ ᠨᠤᠲᠤᠭ ᠲᠠᠭᠠᠨ ᠬᠠᠷᠢᠵᠦ | ᠨᠡᠶᠢᠲᠡ ᠶᠢᠨ ᠮᠠᠯ ᠢ ᠤᠳᠠᠭᠠᠨ ᠵᠢᠯ ᠬᠠᠷᠢᠭᠤᠯᠵᠦ ᠬᠠᠰᠢᠷ ᠮᠠᠯᠴᠢᠨ ᠪᠤᠯᠵᠠᠢ᠃ ᠰᠡᠬᠦᠯᠡᠷ ᠨᠢ ᠨᠠᠰᠤ ᠠᠬᠢᠵᠦ ᠬᠦᠯ | ᠨᠢᠷᠤᠭᠤ ᠡᠪᠡᠳᠬᠦ ᠬᠡᠮ ᠲᠠᠢ ᠪᠤᠯᠤᠭᠰᠠᠨ ᠢᠶᠠᠷ᠂ ᠪᠠᠷᠢᠭᠠᠳᠠ ᠠᠴᠠ ᠨᠢ ᠲᠡᠬᠦᠨ ᠳᠤ ᠶᠠᠳᠠᠷ ᠳᠤᠷᠤᠢ ᠮᠠᠯ ᠢ | ᠠᠷᠠᠴᠢᠯᠠᠬᠤ ᠡᠬᠦᠷᠬᠡ ᠳᠠᠭᠠᠭᠠᠯᠭᠠᠵᠦ ᠮᠠᠯᠴᠢᠳ ᠢ ᠬᠠᠪᠰᠤᠷᠤᠭᠤᠯᠵᠦ ᠪᠠᠶᠢᠵᠠᠢ᠃ 1981 ᠤᠨ ᠤ 3 ᠰᠠᠷ᠎ᠠ | ᠭᠡᠭᠴᠢ ᠨᠢᠳᠦ ᠦᠬᠡᠢ ᠰᠢᠭᠤᠷᠭ᠎ᠠ ᠪᠤᠰᠤᠭᠰᠠᠨ ᠵᠤᠳ ᠲᠠᠢ ᠬᠠᠪᠤᠷ ᠪᠠᠶᠢᠯ᠎ᠠ᠃ ᠶᠠᠭ ᠲᠡᠷᠡ ᠶᠡᠭᠡ ᠴᠠᠰᠤ ᠤᠷᠤᠵᠦ | ᠪᠠᠶᠢᠭᠰᠠᠨ ᠨᠢᠬᠡ ᠡᠳᠦᠷ ᠵᠠᠯᠠᠭᠤ ᠢᠳᠡᠷ ᠵᠢᠩᠭᠢᠨᠢ ᠮᠠᠯᠴᠢᠳ ᠢ ᠪᠠᠷᠢᠭᠠᠳᠠ ᠠᠴᠠ ᠨᠢ ᠤᠴᠢᠷᠲᠠᠢ ᠳᠠᠭᠤᠳᠠᠨ | ᠠᠪᠠᠴᠢᠭᠰᠠᠨ ᠠᠴᠠ ᠡᠷᠳᠡᠨᠢᠴᠤᠬᠳᠦ ᠭᠠᠭᠴᠠᠭᠠᠷ ᠢᠶᠠᠨ ᠮᠠᠯ ᠢᠶᠠᠨ ᠬᠠᠷᠢᠭᠤᠯᠵᠦ ᠬᠤᠴᠤᠷᠴᠠᠢ᠃ ᠴᠠᠰᠤ ᠶᠠᠪᠤᠬᠤ | ᠲᠤᠳᠤᠮ ᠬᠡᠴᠡᠬᠦᠳᠡᠵᠦ ᠪᠠᠶᠢᠭᠰᠠᠨ ᠴᠤ ᠡᠷᠳᠡᠨᠢᠴᠤᠭᠲᠤ ᠴᠡᠷᠢᠭ ᠬᠦᠮᠦᠨ ᠤ ᠬᠠᠳᠠᠨ ᠪᠠᠲᠤ ᠵᠤᠷᠢᠭ ᠢ ᠡᠪᠦᠷᠯᠡᠨ | ᠪᠠᠷᠢᠭᠠᠳᠠ ᠶᠢᠨ ᠬᠤᠨᠢᠨ ᠰᠦᠷᠦᠭ ᠢᠶᠠᠨ ᠮᠡᠨᠳᠦ ᠦᠯᠡᠳᠡᠭᠡᠬᠦ ᠭᠡᠵᠦ ᠠᠮᠢᠰᠬᠤᠯ ᠢᠶᠠᠨ ᠬᠤᠷᠢᠶᠠᠳᠠᠯ᠎ᠠ ᠵᠢᠳᠬᠦᠵᠡᠢ᠃ | ᠲᠡᠷᠡ ᠮᠡᠲᠦ ᠶᠢᠨ ᠤᠯᠠᠨ ᠨᠠᠶᠢᠳᠠ ᠶᠢᠨ ᠲᠦᠯᠦᠭᠡ ᠠᠮᠢ ᠪᠡᠶ᠎ᠠ ᠪᠠᠨ ᠦᠷᠡᠭᠳᠡᠬᠦᠯᠬᠦ ᠠᠴᠠ ᠪᠤᠴᠠᠬᠤ ᠦᠭᠡᠢ ᠵᠤᠷᠢᠭ | ᠰᠠᠨᠠᠭ᠎ᠠ ᠶᠢ ᠨᠢ ᠦᠨᠳᠦᠷ ᠦᠨᠡᠯᠡᠵᠦ᠂ ᠬᠤᠰᠢᠭᠤ ᠪᠤᠯᠤᠨ ᠰᠤᠮᠤᠨ ᠤ ᠵᠠᠰᠠᠭ ᠤᠨ ᠭᠠᠵᠠᠷ ᠠᠴᠠ ᠡᠷᠳᠡᠨᠢᠴᠤᠬᠳᠦ ᠳᠤ | ᠲᠤᠰᠬᠠᠢᠢᠯᠠᠨ ᠲᠤᠷᠠᠰᠬᠠᠯ ᠤᠨ ᠬᠦᠰᠢᠶ᠎ᠠ ᠪᠤᠰᠬᠠᠨ ᠦᠭᠴᠡᠢ᠃ ᠠᠪᠤ ᠶᠢᠨ ᠬᠢᠨᠢ ᠡᠨᠡ ᠬᠦ ᠡᠷᠬᠢᠮ ᠳᠡᠭᠡᠳᠦ ᠦᠵᠡᠯ | ᠰᠠᠨᠠᠭ᠎ᠠ ᠦᠢᠯᠡ ᠠᠵᠢᠯᠯᠠᠭ᠎ᠠ ᠨᠢ ᠲᠤᠬᠠᠢ ᠶᠢᠨ ᠦᠶ᠎ᠡ ᠳᠤ ᠠᠷᠪᠠᠨ ᠲᠠᠪᠤᠲᠠᠢ ᠬᠠᠨᠭ᠍ᠰᠢᠹᠦ᠋ᠯᠵᠢᠷ ᠢ ᠨᠡᠶᠢᠬᠡᠮ | ᠨᠡᠶᠢᠲᠡ ᠳᠤ ᠲᠤᠰᠠᠲᠠᠢ ᠵᠦᠪ ᠬᠦᠮᠦᠨ ᠪᠤᠯᠵᠦ ᠬᠦᠮᠦᠵᠢᠭᠳᠡᠬᠦ ᠳᠤᠨᠢ ᠲᠤᠩ ᠨᠦᠯᠦᠬᠡᠯᠡᠵᠡᠢ᠃ | ᠊᠊᠊᠊᠊᠊ ᠲᠡᠷᠡ ᠦᠶ᠎ᠠ ᠳᠤ ᠤᠯᠠᠨ ᠨᠡᠶᠢᠳᠡ ᠶᠢᠨ ᠲᠦᠯᠦᠭᠡ ᠵᠢᠳᠬᠦᠵᠦ ᠪᠠᠶᠢᠭᠠᠳ ᠠᠮᠢ ᠪᠡᠶ᠎ᠠ ᠪᠠᠨ ᠦᠷᠡᠭᠳᠡᠬᠦᠯᠪᠡᠯ | ᠦᠷ᠎ᠡ ᠬᠡᠤᠬᠡᠳ ᠲᠤᠨᠢ ᠠᠯᠪᠠᠨ ᠠᠵᠢᠯ ᠲᠤᠬᠢᠷᠠᠭᠤᠯᠵᠦ ᠦᠭᠬᠦ ᠬᠠᠷᠠᠭᠠᠯᠵᠠᠯ ᠲᠠᠢ ᠪᠠᠶᠢᠵᠠᠢ᠃ ᠬᠡᠷᠪᠡ ᠡᠷᠢᠭᠰᠡᠨ ᠪᠤᠯ | ᠮᠠᠨ ᠤ ᠠᠬ᠎ᠠ ᠡᠭᠡᠴᠢ ᠲᠡᠬᠦᠦ ᠲᠠᠪᠤᠭᠤᠯᠠ ᠶᠢᠨ ᠠᠳᠠᠭ ᠲᠠᠭᠠᠨ ᠨᠢᠭᠡ ᠨᠢ ᠤᠯᠤᠰ ᠤᠨ ᠠᠯᠪᠠᠨ ᠠᠵᠢᠯᠳᠠᠨ ᠪᠤᠯᠵᠦ | ᠲᠡᠶᠢᠯᠬᠦ ᠪᠠᠶᠢᠬᠰᠠᠨ ᠰᠢᠦ᠃ ᠭᠡᠪᠡᠴᠦ ᠠᠪᠤ ᠮᠢᠨᠢ ᠠᠮᠢᠳᠦ ᠰᠡᠷᠡᠬᠦᠨ ᠪᠠᠶᠢᠬᠤ ᠳᠠᠭᠠᠨ ᠤᠯᠤᠰ ᠭᠡᠷ ᠲᠤ ᠲᠠᠷᠤᠭᠠᠰᠤ | ᠪᠤᠯᠬᠤ ᠠᠵᠢᠯ ᠬᠢᠬᠦ ᠶᠢ ᠡᠷᠡᠰ ᠡᠰᠡᠷᠬᠦᠴᠡᠳᠡᠭ ᠪᠤᠯᠬᠤᠷ ᠪᠢᠳᠡ ᠬᠡᠨ ᠨᠢ ᠴᠤ ᠲᠡᠷᠡ ᠲᠤᠬᠠᠢ ᠡᠷᠢᠭᠰᠡᠨ ᠦᠬᠡᠢ᠂ | ᠡᠷᠡᠮᠡᠯᠵᠡᠯ ᠤᠨ ᠪᠢᠴᠢᠭ ᠴᠤ ᠲᠤᠰᠢᠶᠠᠬᠰᠠᠨ ᠦᠭᠡᠢ ᠭᠡᠵᠦ ᠬᠠᠨᠭ᠍ᠰᠢᠹᠦ᠋ᠯᠵᠢᠷ ᠭᠤᠸᠠᠢ ᠦᠨᠦᠴᠢᠨ ᠪᠤᠯᠤᠭᠰᠠᠨ | ᠲᠤᠬᠠᠢ ᠪᠠᠨ ᠡᠷᠬᠢᠴᠡᠬᠦᠯᠦᠨᠡ᠃ | ᠬᠠᠰᠢᠷ ᠮᠠᠯᠴᠢᠨ ᠶᠠᠪᠤᠭᠰᠠᠨ ᠠᠪᠤ ᠶᠢᠨ ᠢᠶᠠᠨ ᠤᠷ᠎ᠠ ᠤᠬᠠᠭᠠᠨ ᠢ ᠨᠢ ᠦᠪᠯᠡᠵᠦ ᠨᠢᠬᠡ ᠰᠠᠶᠢᠨ ᠮᠠᠯᠴᠢᠨ | ᠪᠤᠯᠬᠤ ᠪᠠᠷ ᠬᠠᠲᠠᠭᠤ ᠪᠤᠳᠤᠭᠰᠠᠨ ᠬᠠᠨᠭ᠍ᠰᠢᠹᠦ᠋ᠯᠵᠢᠷ ᠨᠡᠶᠢᠲᠡ ᠶᠢᠨ ᠬᠢ ᠶᠢ ᠡᠷᠦᠬᠡ ᠳᠤ ᠬᠤᠪᠢᠶᠠᠵᠦ ᠬᠡᠳᠦᠨ ᠮᠠᠯ ᠲᠠᠢ | ᠪᠤᠯᠤᠭᠰᠠᠨ ᠠᠴᠠ ᠡᠬᠢᠯᠡᠵᠦ ᠮᠠᠯ ᠰᠦᠷᠦᠭ ᠢᠶᠠᠨ ᠦᠰᠭᠡᠬᠦ ᠭᠡᠵᠦ ᠡᠷᠳᠡᠯᠡᠵᠦ ᠤᠷᠦ᠋ᠢᠯᠠᠨ ᠤᠨᠳᠠᠵᠦ ᠢᠳᠡᠬᠦ ᠪᠠᠨ | ᠤᠮᠠᠷᠳᠠᠨ ᠠᠵᠢᠯᠯᠠᠵᠦ ᠶᠠᠪᠤᠵᠠᠢ᠃ ᠨᠡᠩ ᠢᠯᠠᠩᠭᠤᠶ᠎ᠠ᠂ 22 ᠨᠠᠰᠤᠨ ᠳᠠᠭᠠᠨ ᠬᠤᠶᠠᠷ ᠲᠠᠰᠤᠯᠭ᠎ᠠ ᠰᠢᠪᠠᠷ ᠭᠡᠷ᠂ | ᠬᠤᠷᠢᠭᠠᠳ ᠬᠤᠨᠢ ᠢᠮᠠᠭ᠎ᠠ᠂ ᠠᠷᠪᠠᠭᠠᠳ ᠦᠬᠡᠷ᠂ ᠨᠢᠬᠡ ᠬᠦᠯᠦᠰᠢᠨ ᠮᠤᠷᠢ ᠲᠠᠢ ᠦᠪᠡᠷ ᠤᠨ ᠬᠡᠬᠦ ᠰᠢᠨ᠎ᠡ | ᠠᠮᠢᠳᠤᠷᠠᠯ ᠢᠶᠠᠨ ᠪᠤᠰᠬᠠᠭᠰᠠᠨ ᠠᠴᠠ ᠨᠠᠭᠠᠰᠢ ᠮᠠᠯ ᠲᠠᠷᠢᠶ᠎ᠠ ᠶᠢ ᠬᠤᠤᠰᠯᠠᠭᠤᠯᠤᠨ ᠡᠵᠡᠩᠨᠡᠵᠦ᠂ ᠡᠳᠦᠷ ᠰᠦᠨᠢ | ᠢᠯᠭᠠᠬᠤ ᠦᠬᠡᠢ ᠰᠢᠷᠭᠠᠭᠤ ᠬᠦᠳᠡᠯᠮᠦᠷᠢᠯᠡᠭᠰᠡᠨ ᠠᠴᠠ ᠤᠨᠳᠤᠷᠤᠯᠭ᠎ᠠ ᠨᠢ ᠡᠳᠦᠷ ᠠᠴᠠ ᠡᠳᠦᠷ ᠦᠬᠡᠳᠡᠯᠡᠭᠰᠡᠭᠡᠷ | ᠪᠠᠶᠢᠵᠠᠢ᠃ ᠲᠡᠳᠡᠨ ᠤ ᠬᠢᠨ ᠤ ᠠᠮᠢᠳᠤᠷᠠᠯ ᠬᠡᠷᠬᠢᠨ ᠦᠨᠦᠳᠦᠷ ᠲᠤ ᠬᠦᠷᠴᠦ ᠢᠷᠡᠭᠰᠡᠨ ᠲᠤᠬᠠᠢ ᠬᠡᠷᠬᠡᠢ ᠵᠢᠮᠢᠰ ᠤᠨ | ᠬᠢᠨᠢ ᠠᠪᠳᠠᠷ᠎ᠠ ᠶᠢᠨ ᠢᠶᠠᠨ ᠴᠠᠭᠠᠨ᠎ᠠ ᠬᠠᠳᠠᠭᠠᠯᠠᠵᠦ ᠪᠠᠶᠢᠳᠠᠭ ᠲᠡᠷᠡ ᠲᠡᠮᠲᠡᠭᠯᠡᠯ ᠤᠨ ᠳᠡᠪᠲᠡᠷ ᠲᠤᠨᠢ ᠳᠤᠷᠠᠶᠢᠳᠠᠯᠠ | ᠲᠡᠮᠲᠡᠭᠯᠡᠭᠡᠰᠦᠲᠡᠢ᠃ | ᠰᠤᠷᠪᠤᠯᠵᠢᠯᠠᠭᠴᠢ ᠲᠡᠷᠡ ᠲᠡᠮᠲᠡᠭᠯᠡᠯ ᠤᠨ ᠲᠡᠪᠳᠡᠷ ᠢ ᠤᠷᠪᠠᠭᠤᠯᠵᠦ ᠦᠵᠡᠬᠦ ᠳᠤ᠂ 1993 ᠤᠨ ᠳᠤ 30 | ᠦᠬᠡᠷ᠂ ᠵᠠᠭᠤ ᠰᠢᠬᠠᠮ ᠬᠤᠨᠢ ᠢᠮᠠᠭ᠎ᠠ ᠲᠠᠢ ᠪᠤᠯᠤᠭᠰᠠᠨ ᠭᠡᠵᠦ ᠳᠤᠷᠠᠶᠢᠳᠠᠯᠠ ᠪᠢᠴᠢᠵᠦ ᠪᠠᠶᠢᠪᠠ᠃ ᠰᠠᠭᠤᠬᠤ ᠭᠡᠷ᠂ | ᠬᠦᠷᠢᠶ᠎ᠡ ᠬᠠᠰᠢᠶ᠎ᠠ᠂ ᠫᠧᠡᠭ ᠰᠠᠷᠠᠪᠴᠢ᠂ ᠲᠡᠷᠭᠡ ᠮᠠᠰᠢᠨ ᠭᠡᠳ ᠤᠯᠠᠨ ᠵᠦᠢᠯ ᠢ ᠤᠨ ᠵᠢᠯ ᠲᠠᠢ ᠨᠢ᠂ ᠦᠨ᠎ᠡ | ᠬᠠᠨᠭ᠍ᠰᠢ ᠲᠠᠢ ᠨᠢ ᠡᠬᠢ ᠳᠠᠷᠠᠭ᠎ᠠ ᠲᠠᠢ ᠨᠠᠷᠢᠨ ᠲᠡᠮᠲᠡᠭᠯᠡᠭᠰᠡᠨ ᠬᠠᠷᠠᠭᠳᠠᠨ᠎ᠠ᠃ ᠲᠡᠳᠡᠭᠡᠷ ᠲᠤᠭ᠎ᠠ ᠪᠠᠷᠢᠮᠳᠠ ᠪᠤᠯ | ᠬᠠᠨᠭ᠍ᠰᠢᠹᠦ᠋ᠯᠵᠢᠷ ᠪᠤᠯᠤᠨ ᠵᠢᠮᠢᠰ ᠬᠤᠶᠠᠭᠤᠯᠠ ᠶᠢᠨ ᠠᠵᠢᠯᠯᠠᠵᠦ ᠲᠡᠮᠡᠴᠡᠵᠦ ᠶᠠᠪᠤᠭᠰᠠᠨ ᠠᠮᠢᠳᠤᠷᠠᠯ ᠲᠡᠮᠡᠴᠡᠯ ᠤᠨ | ᠬᠢᠨᠢ ᠲᠦᠢᠮᠤ ᠵᠢᠷᠤᠭ᠂ ᠠᠵᠢᠯᠴᠢ ᠬᠤᠶᠠᠷ ᠭᠠᠷ ᠢᠶᠠᠷ ᠢᠶᠠᠨ ᠪᠤᠰᠬᠠᠭᠰᠠᠨ ᠵᠢᠷᠭᠠᠯᠲᠤ ᠠᠮᠢᠳᠤᠷᠠᠯ ᠤᠨ ᠬᠢᠨᠢ ᠨᠠᠷᠢᠨ | ᠲᠠᠶᠢᠯᠪᠤᠷᠢ ᠮᠦᠨ᠃ ᠲᠡᠷᠡ ᠳᠠᠩᠰᠠ ᠶᠢ ᠤᠷᠪᠠᠭᠤᠯᠬᠤ ᠳᠤ ᠯᠠ᠂ ᠲᠡᠳᠡᠨ ᠤ ᠠᠮᠢᠳᠤᠷᠠᠯ ᠤᠨ ᠪᠦᠬᠦ ᠵᠦᠢᠯ᠂ ᠪᠦᠬᠦ | ᠬᠤᠪᠢᠷᠠᠯᠲᠠ ᠶᠢ ᠲᠤᠳᠤᠷᠬᠠᠢ ᠤᠢᠢᠯᠠᠭᠠᠵᠦ ᠪᠤᠯᠤᠨ᠎ᠠ᠃ ᠬᠠᠷᠢᠴᠠᠭᠤᠯᠤᠯ ᠪᠤᠯ ᠬᠤᠪᠢᠷᠠᠯᠲᠠ ᠶᠢ ᠬᠠᠷᠠᠭᠤᠯᠵᠦ᠂ | ᠬᠦᠭᠵᠢᠯᠲᠡ ᠶᠢ ᠦᠵᠡᠬᠦᠯᠬᠦ ᠵᠦᠢᠯ ᠶᠠᠭᠠᠬᠢᠬᠤ ᠶᠢᠨ ᠠᠷᠭ᠎ᠠ ᠦᠬᠡᠢ ᠮᠦᠨ ᠪᠠᠶᠢᠯ᠎ᠠ᠃ 2002 ᠤᠨ ᠳᠤ 6 | ᠲᠦᠮᠡ ᠭᠠᠷᠤᠢ ᠲᠦᠬᠦᠷᠢᠭ ᠵᠠᠷᠤᠴᠠᠭᠤᠯᠤᠨ ᠪᠠᠶᠢᠵᠦ᠂ 6 ᠲᠠᠰᠤᠯᠭ᠎ᠠ ᠸᠠᠭᠠᠷ ᠲᠤᠭᠤᠰᠬ᠎ᠠ ᠶᠢᠨ ᠭᠡᠷ ᠪᠠᠷᠢᠵᠦ᠂ | ᠰᠢᠪᠡᠷ ᠭᠡᠷ ᠠᠴᠠ ᠪᠠᠨ ᠰᠠᠯᠵᠦ ᠪᠠᠶᠢᠭᠰᠠᠨ ᠪᠤᠯ 2020 ᠤᠨ ᠪᠤᠯᠬᠤ ᠳᠤ 45 ᠲᠦᠮᠡᠨ ᠲᠦᠬᠦᠷᠢᠭ | ᠵᠠᠷᠤᠴᠠᠭᠤᠯᠤᠨ ᠪᠠᠶᠢᠵᠦ ᠬᠤᠰᠢᠭᠤᠨ ᠲᠦᠪ ᠯᠦᠪᠧᠢ ᠪᠠᠯᠭᠠᠰᠤ ᠠᠴᠠ ᠪᠠᠨ 130 ᠲᠡᠭᠰᠢ ᠳᠦᠷᠪᠡᠯᠵᠢᠨ ᠮᠧᠲᠷ | ᠲᠠᠯᠠᠪᠠᠢ ᠪᠦᠬᠦᠢ ᠠᠰᠠᠷ ᠭᠡᠷ ᠬᠤᠳᠠᠯᠳᠤᠨ ᠠᠪᠴᠢᠬᠠᠭᠠᠳ ᠪᠤᠢ᠃ ᠲᠡᠳᠡᠨ ᠤ ᠬᠢᠨ 1997 ᠤᠨ ᠳᠤ ᠭᠤᠷᠪᠠᠨ | ᠬᠦᠷᠳᠦᠳᠦ ᠲᠡᠷᠭᠡ ᠬᠤᠳᠠᠯᠳᠤᠨ ᠠᠪᠴᠦ᠂ 1999 ᠤᠨ ᠳᠤ 6700 ᠲᠦᠬᠦᠷᠢᠭ ᠵᠠᠷᠤᠴᠠᠭᠤᠯᠤᠨ ᠰᠢᠨ᠎ᠡ ᠶᠢᠨ | ᠴᠢᠶᠠᠨ ᠮᠤᠲ᠋ᠤᠷ ᠲᠠᠢ ᠪᠤᠯᠵᠦ᠂ 2006 ᠤᠨ ᠳᠤ 6 ᠲᠦᠮᠡᠨ ᠲᠦᠬᠦᠷᠢᠭ ᠢᠶᠠᠷ ᠵᠢᠢ ᠯᠢ ᠲᠡᠮᠲᠡᠭᠲᠦ ᠰᠡᠦᠬᠡ | ᠮᠠᠰᠢᠨ ᠠᠪᠴᠦ ᠪᠠᠶᠢᠭᠰᠠᠨ ᠢᠶᠠᠨ ᠤᠳᠤ ᠬᠠᠨᠭ᠍ᠰᠢᠹᠦ᠋ᠯᠵᠢᠷ ᠭᠤᠸᠠᠢ 17 ᠲᠦᠮᠡᠨ ᠲᠦᠬᠦᠷᠢᠭ ᠤᠨ ᠦᠷᠳᠡᠭ ᠪᠦᠬᠦᠢ | ᠬᠡᠬᠡᠷᠡᠯᠡᠬᠦ ᠮᠠᠰᠢᠨ ᠪᠠᠷᠢᠵᠦ ᠪᠠᠶᠢᠨ᠎ᠠ᠃ 1999 ᠤᠨ ᠳᠤ 7000 ᠲᠦᠬᠦᠷᠢᠭ ᠵᠠᠷᠤᠴᠠᠭᠤᠯᠵᠦ᠂ ᠰᠠᠯᠬᠢᠨ | ᠬᠦᠴᠦ ᠪᠠᠷ ᠴᠠᠬᠢᠯᠭᠠᠨ ᠭᠠᠷᠭᠠᠬᠤ ᠮᠠᠰᠢᠨ ᠲᠠᠢ ᠪᠤᠯᠤᠭᠰᠠᠨ ᠪᠤᠯ ᠬᠤᠷᠢᠨ ᠵᠢᠯ ᠤᠨ ᠬᠢᠨᠢ ᠳᠠᠷᠠᠭ᠎ᠠ 2019 | ᠤᠨ ᠳᠤᠨᠢ 7 ᠲᠦᠮᠡ ᠭᠠᠷᠤᠢ ᠲᠦᠬᠦᠷᠢᠭ ᠵᠠᠷᠤᠴᠠᠭᠤᠯᠵᠦ ᠪᠠᠶᠢᠭᠠᠳ ᠴᠠᠬᠢᠯᠭᠠᠨ ᠤᠷᠤᠭᠤᠯᠵᠠᠢ᠃ ᠡᠬᠦᠨ ᠠᠴᠠ | ᠪᠤᠰᠤᠳ ᠬᠦᠷᠢᠶ᠎ᠡ ᠬᠠᠰᠢᠶ᠎ᠠ᠂ ᠮᠠᠯ ᠤᠨ ᠫᠧᠡᠭ ᠰᠠᠷᠠᠪᠴᠢ ᠬᠡᠳ ᠵᠢᠯ ᠪᠤᠯᠭᠠᠨ ᠵᠠᠰᠠᠨ ᠰᠡᠯᠪᠢᠵᠦ ᠪᠦᠲᠦᠭᠡᠨ | ᠪᠠᠶᠢᠭᠤᠯᠤᠭᠰᠠᠭᠠᠷ ᠤᠳᠤ ᠬᠦᠷᠴᠡᠢ᠃ ᠠᠯᠢ ᠡᠷᠲᠡ 2001 ᠤᠨ ᠤ ᠦᠶ᠎ᠡ ᠪᠠᠷ ᠲᠡᠳᠡᠨ ᠤ ᠬᠢᠨ ᠪᠦᠬᠦ ᠰᠤᠮᠤ ᠶᠢᠨ | ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠷ ᠦᠨᠡᠯᠡᠭᠳᠡᠵᠦ᠂ ᠪᠦᠬᠦ ᠬᠤᠰᠢᠭᠤᠨ ᠤ ᠭᠠᠴᠠᠭᠠᠨ ᠳᠠᠷᠤᠭ᠎ᠠ᠂ ᠱᠦᠵᠢ | ᠨᠠᠷ ᠢ ᠪᠠᠭᠲᠠᠭᠠᠭᠰᠠᠨ ᠡᠯ᠎ᠡ ᠱᠠᠲᠤᠨ ᠤ ᠬᠦᠮᠦᠰ ᠢᠷᠡᠵᠦ ᠲᠤᠭᠤᠷᠢᠨ ᠰᠤᠷᠤᠯᠴᠠᠵᠦ ᠪᠠᠶᠢᠪᠠ᠃ ᠮᠠᠯ ᠤᠨᠤᠭ᠎ᠠ | ᠲᠡᠵᠢᠬᠡᠵᠦ ᠠᠷᠠᠴᠢᠯᠠᠬᠤ ᠲᠠᠯ᠎ᠠ ᠳᠤ ᠬᠠᠨᠭ᠍ᠰᠢᠹᠦ᠋ᠯᠵᠢᠷ ᠭᠤᠸᠠᠢ ᠪᠠᠶᠠᠯᠢᠭ ᠲᠤᠷᠰᠢᠯᠭ᠎ᠠ ᠬᠤᠷᠠᠮᠳᠤᠭᠤᠯᠵᠦ᠂ ᠬᠠᠮᠢᠶ᠎ᠠ | ᠪᠦᠬᠦᠢ ᠮᠡᠷᠭᠡᠵᠢᠯ ᠢ ᠴᠤ ᠰᠤᠷᠴᠦ ᠠᠮᠵᠢᠵᠠᠢ᠃ ᠲᠡᠷᠡ ᠪᠤᠷᠳᠤᠭ᠎ᠠ ᠲᠤᠬᠢᠷᠠᠭᠤᠯᠬᠤ᠂ ᠮᠠᠯ ᠬᠡᠬᠡᠯᠳᠦᠬᠦᠯᠬᠦ᠂ ᠮᠠᠯ | ᠲᠦᠷᠦᠬᠦᠯᠬᠦ᠂ ᠮᠠᠯ ᠵᠡᠬᠦᠯᠡᠬᠦ᠂ ᠪᠠᠭ᠎ᠠ ᠰᠠᠭ᠎ᠠ ᠡᠪᠡᠳᠴᠢᠨ ᠢ ᠡᠮᠨᠡᠬᠦ ᠵᠡᠷᠭᠡ ᠮᠠᠯ ᠲᠡᠵᠢᠬᠡᠬᠦ ᠡᠷᠳᠡᠮ ᠢ ᠪᠦᠷᠢᠨ | ᠡᠵᠡᠮᠰᠢᠵᠦ᠂ ᠮᠠᠯ ᠤᠨ ᠡᠬᠦᠯᠳᠡᠷ ᠢ ᠢᠯᠭᠠᠨ ᠲᠠᠨᠢᠬᠤ᠂ ᠮᠠᠯ ᠨᠢᠳᠦᠯᠡᠬᠦ ᠵᠡᠷᠭᠡ ᠳᠤ ᠶᠡᠭᠡ ᠴᠠᠭᠠᠷᠠᠵᠠᠢ᠃ | ᠬᠠᠨᠭ᠍ᠰᠢᠹᠦ᠋ᠯᠵᠢᠷ ᠦᠪᠡᠷ ᠢᠶᠠᠨ ᠠᠮᠢᠳᠤᠷᠠᠯ ᠤᠨ ᠬᠦᠴᠢᠷ ᠠᠴᠠ ᠪᠤᠯᠵᠦ ᠰᠤᠷᠭᠠᠭᠤᠯᠢ ᠰᠤᠶᠤᠯ ᠤᠨ ᠮᠦᠷ ᠢ | ᠬᠦᠭᠡᠭᠡᠵᠦ ᠲᠡᠶᠢᠯᠦᠭᠰᠡᠨ ᠦᠭᠡᠢ ᠪᠤᠯᠪᠠᠴᠦ ᠬᠤᠶᠠᠷ ᠭᠡᠤᠭᠡᠨ ᠢᠶᠠᠨ ᠯᠠᠪᠳᠠᠢ ᠡᠷᠳᠡᠮ ᠮᠡᠳᠡᠯᠭᠡ ᠲᠠᠢ ᠬᠦᠮᠦᠨ | ᠪᠤᠯᠭᠠᠨ᠎ᠠ ᠭᠡᠵᠦ ᠬᠠᠳᠠᠭᠤ ᠪᠤᠳᠤᠵᠠᠢ᠃ ᠲᠡᠭᠡᠬᠦ ᠳᠤ ᠬᠤᠶᠠᠷ ᠬᠡᠤᠬᠡᠨ ᠨᠢ ᠴᠤ ᠲᠡᠬᠦᠨ ᠤ ᠬᠦᠰᠡᠯ ᠢ | ᠬᠦᠰᠡᠷᠳᠡᠬᠦᠯᠦᠭᠰᠡᠨ ᠦᠬᠡᠢ᠂ ᠴᠦᠮ ᠶᠡᠭᠡ ᠰᠤᠷᠭᠠᠭᠤᠯᠢ ᠪᠠᠨ ᠲᠡᠬᠦᠰᠭᠡᠵᠦ᠂ ᠤᠳᠤ ᠪᠤᠯᠬᠤ ᠳᠤ ᠪᠦᠷ ᠠᠵᠢᠯ ᠤᠨ | ᠪᠠᠶᠢᠷᠢ ᠳᠠᠭᠠᠨ ᠭᠠᠷᠴᠦ ᠦᠪᠡᠷ ᠦᠪᠡᠷ ᠤᠨ ᠬᠠᠨᠢ ᠢᠵᠢᠯᠢ ᠲᠠᠢ ᠪᠤᠯᠵᠦ ᠲᠤᠰ ᠲᠤᠰ ᠵᠤᠯ ᠵᠢᠷᠭᠠᠯᠲᠤ ᠭᠡᠷ | ᠪᠦᠯᠢ ᠪᠠᠨ ᠪᠠᠶᠢᠭᠤᠯᠤᠭᠰᠠᠨ ᠪᠠᠶᠢᠨ᠎ᠠ᠃ | ᠊᠊᠊᠊᠊᠊᠊ ᠬᠤᠶᠠᠷ ᠬᠡᠦᠬᠡᠨ ᠢᠶᠠᠨ ᠬᠤᠷᠢᠮᠯᠠᠬᠤ ᠦᠶᠡᠰ ᠲᠤᠰᠪᠤᠷᠢ ᠭᠤᠴᠢᠭᠠᠳ ᠲᠦᠮᠡᠨ ᠲᠦᠬᠦᠷᠢᠭ ᠦᠭᠴᠦ᠂ | ᠲᠤᠰᠪᠤᠷᠢ ᠭᠤᠴᠢᠭᠠᠳ ᠠᠯᠠᠵᠦ ᠢᠳᠡᠬᠦ ᠬᠤᠨᠢ ᠨᠡᠷ᠎ᠡ ᠵᠢᠭᠠᠭᠰᠠᠨ ᠶᠤᠮ᠃ ᠲᠠᠷᠢᠶᠠᠨ ᠤ ᠤᠷᠤᠯᠭ᠎ᠠ ᠪᠠᠭ᠎ᠠ᠂ ᠵᠦᠪᠬᠡᠨ | ᠮᠠᠯ ᠢᠶᠠᠨ ᠲᠡᠵᠢᠬᠡᠬᠦ ᠶᠢᠨ ᠲᠦᠯᠦᠬᠡ ᠲᠠᠷᠢᠵᠦ ᠪᠠᠶᠢᠨ᠎ᠠ᠃ ᠵᠠᠭᠤ ᠭᠠᠷᠤᠢ ᠦᠬᠡᠷ᠂ ᠬᠤᠶᠠᠷ ᠵᠠᠭᠤ ᠭᠠᠷᠤᠢ | ᠬᠤᠨᠢ ᠶᠢᠨ ᠮᠠᠨᠢ ᠴᠡᠪᠡᠷ ᠤᠷᠤᠯᠭ᠎ᠠ ᠵᠢᠯ ᠳᠡᠭᠡᠨ ᠪᠠᠷᠤᠭ ᠭᠤᠴᠢᠨ ᠲᠦᠮᠡ ᠬᠦᠷᠴᠢᠬᠡᠨ᠎ᠡ᠂ ᠤᠷᠤᠯᠭ᠎ᠠ ᠪᠠᠶᠢᠨ᠎ᠠ | ᠬᠡᠬᠦ ᠳᠤ ᠵᠠᠷᠤᠯᠭ᠎ᠠ ᠴᠤ ᠪᠠᠰᠠ ᠪᠠᠭ᠎ᠠ ᠦᠬᠡᠢ ᠳ᠋ᠠ᠃ ᠡᠨᠡ ᠵᠢᠯ 2000 ᠮᠦ ᠪᠡᠯᠴᠢᠬᠡᠷ ᠤᠨ ᠲᠦᠷᠢᠶᠡᠰᠦᠨ | ᠬᠤᠭᠤᠴᠠᠭ᠎ᠠ ᠲᠤᠯᠴᠢᠬᠠᠨᠠ᠂ ᠲᠡᠶᠢᠮᠦ ᠠᠴᠠ ᠮᠠᠯ ᠢᠶᠠᠨ ᠨᠢᠬᠡ ᠪᠦᠯᠦᠭ ᠴᠦᠬᠡᠳᠭᠡᠬᠦ ᠪᠠᠷ ᠲᠦᠯᠦᠪᠯᠡᠵᠦ ᠪᠠᠶᠢᠨ᠎ᠠ᠃ | ᠲᠤᠭ᠎ᠠ ᠶᠢ ᠨᠢ ᠪᠠᠭᠠᠰᠬᠠᠵᠦ ᠴᠢᠨᠠᠷ ᠢ ᠨᠢ ᠰᠠᠶᠢᠵᠢᠷᠠᠭᠤᠯᠪᠠᠯ ᠪᠠᠰᠠ ᠠᠳᠠᠯᠢᠬᠠᠨ ᠤᠷᠤᠯᠭ᠎ᠠ ᠤᠯᠵᠦ ᠪᠤᠯᠤᠨ᠎ᠠ᠃ | ᠵᠠᠷᠢᠮ ᠨᠢ ᠮᠠᠨ ᠤ ᠬᠤᠶᠠᠷ ᠢ ᠮᠠᠯ ᠢᠶᠠᠨ ᠬᠤᠳᠠᠯᠳᠤᠭᠠᠳ ᠬᠤᠲᠠ ᠪᠠᠷᠠᠳᠠᠭᠠᠳ ᠵᠢᠷᠭᠠᠴᠢᠬᠠ ᠭᠡᠵᠦ ᠢᠳᠬᠠᠳᠠᠭ᠂ | ᠨᠠᠰᠤ ᠪᠠᠷ ᠢᠶᠠᠨ ᠮᠠᠯ ᠮᠠᠯᠵᠢᠭᠰᠠᠨ ᠤᠯᠤᠰ ᠴᠢᠨᠢ ᠬᠦᠳᠡᠭᠡ ᠳᠡᠭᠡᠨ ᠮᠠᠯ ᠲᠠᠢ ᠪᠠᠨ ᠬᠠᠮᠲᠤ ᠪᠠᠶᠢᠵᠦ ᠪᠠᠶᠢᠪᠠᠯ | ᠵᠢᠷᠭᠠᠯᠲᠠᠢ ᠰᠠᠨᠠᠭᠳᠠᠨ᠎ᠠ᠃ ᠪᠡᠶ᠎ᠡ ᠲᠡᠩᠭᠡᠭᠡ ᠪᠤᠯᠵᠦ ᠪᠠᠶᠢᠬᠤ ᠳᠤ ᠯᠠ ᠬᠦᠷᠪᠡᠯ ᠪᠢᠳᠡ ᠬᠤᠶᠠᠷ ᠬᠡᠳᠦᠨ | ᠮᠠᠯ ᠠᠴᠠ ᠪᠠᠨ ᠰᠠᠯᠬᠤ ᠰᠠᠨᠠᠭ᠎ᠠ ᠦᠬᠡᠢ ᠡ ᠭᠡᠵᠦ ᠬᠠᠨᠭ᠍ᠰᠢᠹᠦ᠋ᠯᠵᠢᠷ ᠭᠤᠸᠠᠢ ᠰᠤᠷᠪᠤᠯᠵᠢᠯᠠᠭ᠎ᠠ ᠦᠨᠳᠦᠷᠯᠡᠬᠦ ᠪᠠᠷ | ᠶᠠᠷᠢᠵᠦ ᠪᠠᠶᠢᠯ᠎ᠠ᠃ | ᠨᠤᠲᠤᠭ ᠢᠶᠠᠨ ᠰᠠᠬᠢᠭᠰᠠᠨ ᠨᠢᠷᠤᠭᠤ ᠭᠡᠳᠡᠭᠡᠷ ᠮᠠᠯᠴᠢᠨ ᠭᠡᠭᠴᠢ ᠡᠨᠡ ᠳ᠋ᠡ᠃ | | | | | | |