| | 2 ᠰᠠᠷ᠎ᠠ ᠶᠢᠨ 14 ᠤ ᠡᠳᠦᠷ ᠤᠨ ᠠᠮᠠᠷᠠᠭᠴᠤᠤᠯ ᠤᠨ ᠪᠠᠶᠠᠷ ᠤᠨ ᠡᠳᠦᠷ ᠣᠶᠢᠷᠠᠳᠴᠤ ᠪᠠᠶᠢᠬᠤ ᠳᠤ᠂ ᠵᠠᠷᠤᠳ | ᠬᠤᠰᠢᠭᠤᠨ ᠤ ᠵᠢᠷᠦᠬᠡ ᠪᠠᠯᠭᠠᠰᠤᠨ ᠤ ᠱᠤᠸᠠᠩ ᠱᠠᠨ ᠽᠢ ᠲᠣᠰᠬᠤᠨ ᠤ ᠰᠠᠷᠭᠠᠢ ᠴᠡᠴᠡᠭ ᠤᠨ ᠲᠠᠷᠢᠮᠠᠯ ᠤᠨ | ᠬᠦᠯᠡᠮᠵᠢ ᠳᠤ ᠠᠮᠢᠵᠢᠷᠠᠯ ᠤᠨ ᠬᠦᠴᠦᠨ ᠢᠶᠠᠷ ᠪᠢᠯᠬᠠᠵᠤ᠂ ᠰᠣᠷᠭᠤᠭ ᠴᠡᠴᠡᠭ ᠴᠦᠮᠦᠷᠯᠢᠭ ᠢᠶᠠᠨ ᠳᠡᠯᠭᠡᠨ᠂ ᠣᠨᠴᠠ | ᠭᠤᠶᠢᠳᠠ ᠰᠠᠶᠢᠬᠠᠨ᠂ ᠲᠠᠷᠢᠮᠠᠯ ᠤᠨ ᠡᠷᠦᠬᠡ ᠨᠦᠭᠦᠳ ᠬᠤᠷᠢᠶᠠᠵᠤ ᠠᠪᠤᠭᠰᠠᠨ ᠰᠠᠷᠭᠠᠢ ᠴᠡᠴᠡᠭ ᠤᠨ ᠢᠶᠠᠨ | ᠬᠠᠶᠢᠷᠴᠠᠭ ᠲᠤ ᠰᠠᠪᠠᠯᠠᠬᠤ ᠪᠠᠷ ᠶᠠᠭᠠᠷᠠᠯᠳᠤᠵᠤ ᠪᠠᠶᠢᠯ᠎ᠠ᠃ | | | ᠴᠡᠴᠡᠭ ᠲᠠᠷᠢᠭᠴᠢ ᠵᠠᠩ ᠹᠧᠩ ᠴᠢᠨ ᠤ ᠭᠡᠷ ᠤᠨ ᠴᠡᠴᠡᠭ ᠤᠨ ᠬᠦᠯᠡᠮᠵᠢ ᠳᠤ ᠠᠩᠬᠢᠯᠤᠮ᠎ᠠ ᠦᠨᠦᠷ ᠬᠠᠩᠬᠤᠯᠵᠤ | ᠪᠤᠢ᠂ ᠵᠠᠩ ᠹᠧᠩ ᠴᠢᠨ ᠬᠠᠶᠢᠴᠢ ᠠᠳᠬᠤᠨ ᠴᠡᠴᠡᠭ ᠤᠨ ᠳᠤᠮᠳᠠ ᠰᠦᠯᠵᠢᠯᠳᠦᠨ ᠨᠢᠭᠡ ᠪᠠᠭᠴᠠ ᠰᠠᠷᠭᠠᠢ ᠴᠡᠴᠡᠭ ᠢ | ᠬᠠᠶᠢᠴᠢᠯᠠᠨ ᠠᠪᠴᠤ᠂ ᠬᠥᠯ ᠨᠢ ᠭᠠᠵᠠᠷ ᠬᠦᠷᠬᠦ ᠦᠭᠡᠢ ᠪᠠᠶᠠᠷᠯᠠᠵᠤ ᠪᠠᠶᠢᠪᠠ᠃ ︽ᠣᠷᠴᠢᠮ ᠤᠨ ᠬᠤᠭᠤᠴᠠᠭᠠᠨ ᠳᠤ | ᠳᠤᠯᠠᠭᠠᠨ ᠤ ᠬᠡᠮᠵᠢᠶ᠎ᠡ ᠲᠣᠬᠢᠷᠠᠮᠵᠢᠲᠠᠢ ᠮᠥᠷᠲᠡᠭᠡᠨ ᠨᠠᠷᠢᠯᠢᠭ ᠠᠷᠠᠴᠢᠯᠠᠨ ᠬᠠᠮᠢᠶᠠᠷᠣᠭᠰᠠᠨ ᠠᠴᠠ᠂ ᠬᠤᠶᠠᠷ | ᠬᠦᠯᠡᠮᠵᠢ ᠶᠢᠨ ᠴᠡᠴᠡᠭ ᠤᠨ ᠤᠷᠭᠤᠴᠠ ᠪᠠ ᠴᠢᠨᠠᠷ ᠨᠢ ᠪᠦᠷ ᠮᠠᠰᠢ ᠰᠠᠶᠢᠨ᠃ ᠣᠶᠢᠷ᠎ᠠ ᠶᠢᠨ ᠬᠡᠳᠦᠨ ᠡᠳᠦᠷ ᠲᠤ | ᠯᠦᠪᠧᠢ ᠪᠠᠯᠭᠠᠰᠤ ᠪᠣᠯᠣᠨ ᠬᠤᠤᠯᠢᠩᠭᠤᠣᠯ ᠬᠤᠲᠠ ᠶᠢᠨ ᠴᠡᠴᠡᠭ ᠤᠨ ᠳᠡᠯᠭᠡᠭᠦᠷ ᠤᠨ ᠵᠠᠬᠢᠶᠠᠯᠠᠭ᠎ᠠ ᠶᠢᠨ | ᠬᠠᠭᠤᠳᠠᠰᠤ ᠨᠡᠯᠢᠶᠡᠳ ᠠᠷᠪᠢᠨ ᠪᠣᠯᠵᠤ᠂ ᠣᠳᠣ ᠠᠮᠠᠷᠠᠭᠴᠤᠤᠯ ᠤᠨ ᠪᠠᠶᠠᠷ ᠤᠨ ᠡᠳᠦᠷ ᠤᠨ ᠴᠡᠴᠡᠭ ᠢ ᠨᠢᠭᠡᠨᠲᠡ | 1500 ᠭᠠᠷᠤᠢ ᠵᠠᠬᠢᠶᠠᠯᠠᠭᠠᠳ ᠪᠠᠶᠢᠨ᠎ᠠ᠂ ᠨᠢᠭᠡ ᠵᠢᠯ ᠤᠨ ᠴᠡᠪᠡᠷ ᠣᠷᠣᠯᠭ᠎ᠠ ᠪᠠᠷᠤᠭ ᠲᠦᠮᠡᠨ ᠲᠥᠭᠦᠷᠢᠭ | ᠬᠦᠷᠦᠨ᠎ᠡ︾ ᠭᠡᠵᠦ ᠵᠠᠩ ᠹᠧᠩ ᠴᠢᠨ ᠪᠠᠶᠠᠷᠲᠠᠢ ᠪᠠᠷ ᠬᠡᠯᠡᠪᠡ᠃ | | | ᠠᠳᠠᠯᠢᠬᠠᠨ ᠶᠠᠭᠠᠷᠠᠯᠲᠠᠢ ᠪᠠᠶᠢᠬᠤ ᠨᠢ ᠪᠠᠰᠠ ᠴᠡᠴᠡᠭ ᠲᠠᠷᠢᠭᠴᠢ ᠯᠢᠨ ᠱᠤ᠋ ᠰᠢᠶᠠᠩ ᠪᠤᠯᠤᠨ᠎ᠠ᠃ | ᠠᠮᠠᠷᠠᠭᠴᠤᠤᠯ ᠤᠨ ᠪᠠᠶᠠᠷ ᠤᠨ ᠡᠳᠦᠷ ᠬᠦᠷᠴᠦ ᠢᠷᠡᠬᠦᠶ᠎ᠡ ᠡᠯ᠎ᠡ ᠭᠠᠵᠠᠷ ᠤᠨ ᠵᠠᠬᠢᠶᠠᠯᠠᠭ᠎ᠠ ᠶᠢᠨ ᠬᠠᠭᠤᠳᠠᠰᠤ ᠬᠤᠶᠢᠨ᠎ᠠ | ᠬᠤᠶᠢᠨ᠎ᠠ ᠠᠴᠠ ᠪᠠᠨ ᠢᠷᠡᠵᠦ ᠪᠠᠶᠢᠯ᠎ᠠ᠃ ᠯᠢᠨ ᠱᠤ᠋ ᠰᠢᠶᠠᠩ ᠠᠷᠪᠠᠨ ᠵᠢᠯ ᠤᠨ ᠲᠤᠷᠰᠢ ᠰᠠᠷᠭᠠᠢ ᠴᠡᠴᠡᠭ ᠲᠠᠷᠢᠭᠰᠠᠨ | ᠲᠤᠷᠰᠢᠯᠭ᠎ᠠ ᠲᠠᠢ᠂ 2017 ᠣᠨ ᠠᠴᠠ ᠡᠬᠢᠯᠡᠨ ᠲᠡᠷᠡ ᠴᠡᠴᠡᠭ ᠤᠨ ᠳᠡᠯᠭᠡᠭᠦᠷ ᠡᠵᠡᠩᠨᠡᠵᠦ ᠡᠬᠢᠯᠡᠵᠡᠢ᠂ ᠲᠡᠭᠦᠨ ᠤ | ᠲᠠᠨᠢᠯᠴᠠᠭᠤᠯᠤᠭᠰᠠᠨ ᠢᠶᠠᠷ᠂ ᠰᠠᠷᠭᠠᠢ ᠴᠡᠴᠡᠭ ᠢ ᠵᠢᠯ ᠳᠤ ᠭᠤᠷᠪᠠ ᠤᠳᠠᠭ᠎ᠠ ᠬᠤᠷᠢᠶᠠᠳᠠᠭ᠂ ᠡᠨᠡ ᠨᠢ ᠪᠤᠰᠤᠳ | ᠢᠳᠡᠰᠢᠨ ᠨᠣᠭᠤᠭ᠎ᠠ ᠳᠠᠷᠢᠬᠤ ᠠᠴᠠ ᠬᠢᠯᠪᠠᠷ ᠪᠥᠭᠡᠳ ᠵᠢᠯ ᠤᠨ ᠣᠷᠣᠯᠭ᠎ᠠ ᠨᠢ ᠴᠦ ᠮᠠᠰᠢ ᠰᠠᠶᠢᠨ ᠪᠠᠶᠢᠳᠠᠭ ᠭᠡᠪᠡ᠃ | | | | ᠣᠯᠠᠩᠬᠢ ᠬᠥᠮᠥᠰ ᠲᠤ ᠠᠪᠴᠤ ᠬᠡᠯᠡᠪᠡᠯ᠂ ᠰᠠᠷᠭᠠᠢ ᠴᠡᠴᠡᠭ ᠪᠣᠯ ᠢᠨᠠᠭ ᠳᠤᠷᠠᠯᠠᠯ ᠤᠨ ᠪᠡᠯᠭᠡ ᠲᠡᠮᠳᠡᠭ ᠮᠥᠨ᠂ | ᠭᠡᠪᠡᠴᠦ ᠱᠤᠸᠠᠩ ᠱᠠᠨ ᠽᠢ ᠲᠣᠰᠬᠤᠨ ᠳᠤ ᠰᠠᠷᠭᠠᠢ ᠴᠡᠴᠡᠭ ᠪᠣᠯ ︽ᠪᠠᠶᠠᠵᠢᠯ ᠤᠨ ᠴᠡᠴᠡᠭ︾᠂ ︽ᠵᠣᠯ | ᠵᠢᠷᠭᠠᠯ ᠤᠨ ᠴᠡᠴᠡᠭ︾ ᠮᠥᠨ᠃ ᠲᠣᠰᠬᠤᠨ ᠤ ᠠᠷᠠᠳ ᠠᠵᠢᠯᠴᠢ ᠬᠥᠳᠡᠯᠮᠦᠷᠢᠴᠢ ᠬᠤᠶᠠᠷ ᠭᠠᠷ ᠢᠶᠠᠷ ᠢᠶᠠᠨ | ᠷᠣᠮᠠᠨᠲ᠋ᠢᠭ ︽ᠰᠠᠷᠭᠠᠢ ᠴᠡᠴᠡᠭ ᠤᠨ ᠦᠢᠯᠡᠰ︾ ᠢ ᠨᠡᠬᠡᠬᠡᠵᠦ ᠪᠠᠶᠢᠨ᠎ᠠ᠃ | | |  ᠱᠤᠸᠠᠩ ᠱᠠᠨ ᠽᠢ ᠲᠣᠰᠬᠤᠨ ᠨᠢ ᠭᠠᠵᠠᠷ ᠤᠨ ᠪᠠᠶᠢᠴᠠ ᠨᠢ ᠲᠡᠭᠰᠢᠬᠡᠨ᠂ ᠬᠥᠷᠥᠰᠥ ᠰᠢᠷᠣᠢ ᠨᠢ ᠥᠩ | ᠰᠢᠮᠡᠯᠢᠭ᠂ ᠤᠰᠤᠯᠠᠯᠲᠠ ᠬᠢᠬᠦ ᠳᠤ ᠲᠥᠬᠦᠮ᠂ ᠬᠡᠷᠡᠯ ᠤᠨ ᠨᠡᠶᠢᠯᠡᠯᠭᠡ ᠶᠢᠨ ᠠᠵᠢᠯᠯᠠᠭ᠎ᠠ ᠡᠬᠢ ᠪᠠᠶᠠᠯᠢᠭ ᠡᠯᠪᠡᠭ ᠵᠡᠷᠭᠡ | ᠪᠠᠶᠢᠭᠠᠯᠢ ᠶᠢᠨ ᠳᠠᠪᠠᠭᠤᠯᠢᠭ ᠲᠠᠢ ᠪᠠᠶᠢᠳᠠᠭ᠂ ᠣᠶᠢᠷ᠎ᠠ ᠶᠢᠨ ᠵᠢᠯ ᠤᠳ ᠲᠤ᠂ ᠲᠣᠰᠬᠤᠨ ᠤ ︽ᠬᠤᠶᠠᠷ ᠵᠥᠪᠯᠡᠯ︾ | ᠤᠨ ᠤᠳᠤᠷᠢᠳᠬᠤ ᠪᠠᠭ ᠨᠢ ᠲᠠᠷᠢᠶᠠᠴᠢᠳ ᠢ ᠢᠳᠡᠪᠬᠢᠲᠡᠢ ᠪᠠᠷ ᠬᠥᠲᠥᠯᠥᠨ ᠵᠢᠯᠤᠭᠤᠳᠴᠤ ᠪᠠᠶᠢᠭᠠᠳ ᠴᠡᠴᠡᠭ ᠤᠨ | ᠠᠵᠤ ᠦᠢᠯᠡᠰ ᠢ ᠶᠡᠭᠡ ᠪᠠᠷ ᠬᠥᠭᠵᠢᠭᠦᠯᠵᠦ᠂ ᠲᠠᠷᠢᠶᠠᠴᠢᠳ ᠢ ᠣᠷᠣᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠲᠠᠢ | ᠪᠣᠯᠭᠠᠭᠰᠠᠨ ᠤ ᠬᠠᠮᠲᠤ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ᠂ ᠬᠥᠳᠡᠭᠡ | ᠲᠣᠰᠬᠤᠨ ᠤ ᠠᠵᠤ ᠦᠢᠯᠡᠰ ᠤᠨ ᠬᠡᠯᠬᠢᠶ᠎ᠡ ᠶᠢᠨ ᠬᠥᠭᠵᠢᠯᠲᠡ ᠶᠢ ᠳᠠᠶᠢᠴᠢᠯᠠᠬᠤ ᠶᠢᠨ ᠲᠥᠯᠥᠭᠡ ᠨᠠᠷᠢᠨ ᠨᠢᠮᠪᠠᠢ | ᠪᠣᠶᠢᠵᠢᠭᠤᠯᠤᠭᠰᠠᠨ ᠲᠠᠷᠢᠶᠠᠯᠠᠩ ᠤᠨ ᠠᠵᠤ ᠦᠢᠯᠡᠰ ᠪᠣᠯᠤᠭᠰᠠᠨ ᠪᠠᠶᠢᠨ᠎ᠠ᠃ | ᠡᠳᠦᠭᠡ ᠱᠤᠸᠠᠩ ᠱᠠᠨ ᠽᠢ ᠲᠣᠰᠬᠤᠨ ᠳᠤ᠂ ᠲᠣᠰᠬᠤᠨ ᠤ ᠠᠷᠠᠳ ᠤᠨ ᠠᠮᠢᠳᠤᠷᠠᠯ ᠶᠠᠭ ᠯᠠ ᠪᠠᠳᠠᠷᠠᠨ | ᠳᠡᠯᠭᠡᠷᠡᠭᠰᠡᠨ ᠰᠠᠷᠭᠠᠢ ᠴᠡᠴᠡᠭ ᠰᠢᠭ ᠤᠯᠠᠮ ᠠᠴᠠ ᠤᠯᠠᠮ ᠲᠠᠩᠰᠤᠭ ᠰᠠᠶᠢᠬᠠᠨ ᠪᠣᠯᠵᠤ ᠪᠠᠶᠢᠨ᠎ᠠ᠃ ᠣᠳᠣᠬᠠᠨ | ᠪᠣᠯᠲᠠᠯ᠎ᠠ᠂ ᠲᠤᠰ ᠲᠣᠰᠬᠤᠨ ᠳᠤ 28 ᠬᠦᠯᠡᠮᠵᠢ ᠲᠠᠢ᠂ ᠡᠭᠦᠨ ᠳᠤ 4 ᠬᠦᠯᠡᠮᠵᠢ ᠳᠤ ᠰᠠᠷᠭᠠᠢ ᠴᠡᠴᠡᠭ ᠲᠠᠷᠢᠵᠦ᠂ | ᠵᠢᠯ ᠳᠤ 10 ᠲᠦᠮᠡᠨ ᠬᠦᠢᠰ ᠰᠠᠷᠭᠠᠢ ᠴᠡᠴᠡᠭ ᠭᠠᠷᠤᠨ᠎ᠠ᠃ | |