| 4 ᠰᠠᠷ᠎ᠠ ᠶᠢᠨ 24 ᠤ ᠡᠳᠦᠷ᠂ ᠵᠠᠷᠤᠳ ᠬᠤᠰᠢᠭᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ | ᠳᠡᠳ᠋ ᠬᠤᠰᠢᠭᠤᠨ ᠳᠠᠷᠤᠭ᠎ᠠ ᠯᠢᠦ ᠶᠣᠣ ᠭᠡᠷᠴᠢᠯᠠᠭᠤ ᠰᠤᠮᠤᠨ ᠳᠤ ᠬᠦᠷᠴᠦ ᠣᠳᠣᠬᠠᠨ ᠤ ᠭᠤᠣᠯᠳᠠᠯᠭ᠎ᠠ ᠲᠠᠢ ᠠᠵᠢᠯ ᠢ | ᠪᠠᠶᠢᠴᠠᠭᠠᠨ ᠰᠤᠳᠤᠯᠵᠤ ᠬᠢᠨᠠᠨ ᠵᠢᠯᠣᠭᠤᠳᠪᠠ᠃ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ | ᠪᠠᠶᠢᠴᠠᠭᠠᠬᠤ ᠳᠠᠷᠤᠭ᠎ᠠ ᠴᠢᠦᠢ ᠶᠧ ᠬᠤᠩ ᠪᠣᠯᠣᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ | ᠪᠠᠶᠢᠴᠠᠭᠠᠨ ᠰᠤᠳᠤᠯᠤᠯᠲᠠ ᠬᠢᠬᠦ ᠳᠤ ᠣᠷᠣᠯᠴᠠᠪᠠ᠃ | | | | ᠯᠢᠦ ᠶᠣᠤ ᠬᠠᠮᠲᠤ ᠶᠠᠪᠣᠭᠰᠠᠳ ᠲᠠᠢ ᠪᠠᠨ ᠤᠷᠢᠳ ᠬᠤᠵᠢᠳ ᠰᠢᠩ ᠲᠠ ᠠᠭᠤᠷᠬᠠᠢ ᠶᠢᠨ ᠦᠢᠯᠡᠰ᠂ | ᠪᠠᠶᠠᠨᠪᠤᠯᠠᠭ ᠭᠠᠴᠠᠭ᠎ᠠ᠂ ᠭᠡᠷᠴᠢᠯᠠᠭᠤ ᠭᠠᠴᠠᠭ᠎ᠠ᠂ ᠭᠡᠷᠴᠢᠯᠠᠭᠤ ᠰᠤᠷᠭᠠᠭᠤᠯᠢ᠂ ᠱᠧᠨ ᠨᠧᠩ ᠪᠦᠦ ᠠᠨ ᠰᠠᠯᠬᠢᠨ | ᠴᠠᠬᠢᠯᠭᠠᠨ ᠤ ᠲᠠᠯᠠᠪᠠᠶ ᠵᠡᠷᠭᠡ ᠭᠠᠵᠠᠷ ᠲᠤ ᠬᠦᠷᠴᠦ᠂ ᠭᠠᠴᠠᠭ᠎ᠠ ᠶᠢᠨ ︽ᠬᠤᠶᠠᠷ ᠵᠥᠪᠯᠡᠯ︾ ᠵᠢᠴᠢ ᠰᠤᠷᠭᠠᠭᠤᠯᠢ᠂ | ᠠᠵᠤ ᠠᠬᠤᠶᠢᠯᠠᠯ ᠤᠨ ᠬᠠᠮᠢᠶ᠎ᠠ ᠪᠦᠬᠦᠢ ᠬᠥᠮᠥᠰ ᠲᠠᠢ ᠶᠠᠷᠢᠯᠴᠠᠨ ᠰᠣᠯᠢᠯᠴᠠᠵᠤ᠂ ᠭᠡᠷᠴᠢᠯᠠᠭᠤ ᠰᠤᠮᠤ ᠶᠢᠨ ᠠᠶᠣᠯᠭᠦᠢ | ᠦᠢᠯᠡᠳᠪᠦᠷᠢᠯᠡᠯ᠂ ᠦᠬᠡᠷ ᠤᠨ ᠠᠵᠤ ᠦᠢᠯᠡᠰ ᠤᠨ ᠬᠥᠭᠵᠢᠯᠲᠡ᠂ ᠪᠡᠯᠴᠢᠭᠡᠷᠯᠡᠭᠦᠯᠬᠦ ᠶᠢ ᠴᠠᠭᠠᠵᠠᠯᠠᠬᠤ᠂ | ᠰᠤᠷᠭᠠᠭᠤᠯᠢ ᠶᠢᠨ ᠢᠳᠡᠭᠡᠨ ᠣᠮᠳᠠᠭᠠᠨ ᠤ ᠠᠮᠤᠷ ᠲᠦᠪᠰᠢᠨ᠂ ᠤᠯᠠᠮᠵᠢᠯᠠᠯᠲᠤ ᠴᠠᠭᠠᠨ ᠢᠳᠡᠭᠡ ᠡᠳ᠋ᠰᠢᠭᠦᠯᠬᠦ ᠵᠢᠴᠢ | ᠣᠶ ᠰᠢᠭᠤᠢ ᠨᠤᠲᠤᠭ ᠪᠡᠯᠴᠢᠭᠡᠷ ᠤᠨ ᠭᠠᠯ ᠰᠡᠷᠭᠡᠶᠢᠯᠡᠬᠦ ᠠᠵᠢᠯ ᠥᠷᠨᠢᠭᠦᠯᠵᠦ ᠪᠠᠶᠢᠭ᠎ᠠ ᠪᠠᠶᠢᠳᠠᠯ ᠢ ᠣᠶᠢᠯᠠᠭᠠᠪᠠ᠃ | | | | | ᠯᠢᠦ ᠶᠣᠤ ᠴᠢᠬᠤᠯᠠᠴᠢᠯᠠᠭᠰᠠᠨ ᠨᠢ᠂ ᠠᠮᠤᠷ ᠲᠦᠪᠰᠢᠨ ᠲᠣᠭᠲᠠᠭᠤᠨ ᠪᠠᠶᠢᠳᠠᠯ ᠢ ᠪᠠᠲᠣᠯᠠᠬᠤ ᠬᠡᠷᠡᠭᠲᠡᠢ᠃ | ᠠᠶᠤᠯᠭᠦᠢ ᠦᠢᠯᠡᠳᠪᠦᠷᠢᠯᠡᠯ ᠵᠢᠴᠢ ᠤᠢ ᠰᠢᠭᠤᠢ ᠨᠤᠲᠤᠭ ᠪᠡᠯᠴᠢᠭᠡᠷ ᠤᠨ ᠭᠠᠯ ᠰᠡᠷᠭᠡᠶᠢᠯᠡᠬᠦ ᠭᠠᠯ ᠤᠨᠲᠠᠷᠠᠭᠠᠬᠤ ᠡᠨᠡᠬᠦ | ᠬᠥᠪᠴᠢ ᠶᠢ ᠴᠠᠭ ᠢᠮᠠᠭᠲᠠ ᠴᠢᠩᠭᠠᠷᠠᠭᠤᠯᠵᠤ᠂ ᠪᠠᠶᠢᠭᠤᠯᠭ᠎ᠠ ᠭᠤᠣᠯ ᠴᠣᠭᠴᠠ ᠶᠢᠨ ᠬᠠᠷᠢᠭᠤᠴᠠᠯᠭ᠎ᠠ ᠪᠣᠯᠣᠨ ᠠᠮᠤᠷ | ᠲᠦᠪᠰᠢᠨ ᠤ ᠳᠠᠯᠲᠠ ᠭᠡᠮ ᠢ ᠪᠠᠶᠢᠴᠠᠭᠠᠨ ᠵᠠᠰᠠᠬᠤ ᠴᠢᠳᠠᠪᠤᠷᠢ ᠶᠢ ᠴᠢᠩᠭᠠᠳᠬᠠᠵᠤ᠂ ᠦᠢᠯᠡᠳᠪᠦᠷᠢᠯᠡᠯ ᠤᠨ | ᠶᠠᠪᠤᠴᠠ ᠳᠤ ᠣᠷᠣᠰᠢᠵᠤ ᠪᠠᠶᠢᠭ᠎ᠠ ᠠᠮᠤᠷ ᠲᠦᠪᠰᠢᠨ ᠤ ᠳᠠᠯᠲᠠ ᠭᠡᠮ ᠢ ᠡᠷᠲᠡ ᠢᠯᠡᠷᠡᠭᠦᠯᠵᠦ᠂ ᠡᠷᠲᠡ ᠴᠡᠭᠴᠡᠯᠡᠨ | ᠰᠠᠶᠢᠵᠢᠷᠠᠭᠤᠯᠵᠤ᠂ ᠠᠮᠤᠷ ᠲᠦᠪᠰᠢᠨ ᠤ ᠳᠠᠯᠲᠠ ᠭᠡᠮ ᠢ ᠴᠤᠬᠤᠶᠢᠵᠤ ᠪᠠᠶᠢᠭ᠎ᠠ ᠦᠶᠡᠰ ᠳᠤᠨᠢ ᠤᠰᠠᠳᠬᠠᠬᠤ ᠶᠢ | ᠴᠢᠬᠤᠯᠠᠴᠢᠯᠠᠵᠤ᠂ ᠤᠯᠠᠨ ᠲᠦᠮᠡᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ ᠪᠠᠲᠤᠯᠠᠬᠤ ᠬᠡᠷᠡᠭᠲᠡᠢ᠃ | ᠭᠤᠣᠯᠳᠠᠯᠭ᠎ᠠ ᠲᠠᠢ ᠠᠵᠢᠯ ᠢ ᠠᠬᠢᠭᠤᠯᠬᠤ ᠲᠠᠯ᠎ᠠ ᠪᠠᠷ ᠦᠷ᠎ᠡ ᠪᠦᠲᠦᠮᠵᠢ ᠣᠯᠬᠤ ᠬᠡᠷᠡᠭᠲᠡᠢ᠃ ᠬᠡᠪᠴᠢᠶᠡᠲᠦ | ᠲᠡᠵᠢᠭᠡᠪᠦᠷᠢ ᠶᠢᠨ ᠡᠷᠦᠬᠡ ᠶᠢ ᠢᠳᠡᠪᠬᠢᠲᠡᠢ ᠬᠥᠭᠵᠢᠭᠦᠯᠵᠦ᠂ ᠦᠬᠡᠷ ᠤᠨ ᠠᠵᠤ ᠦᠢᠯᠡᠰ ᠤᠨ ᠬᠥᠭᠵᠢᠯᠲᠡ ᠶᠢ | ᠦᠨᠡᠨᠬᠦ ᠰᠠᠶᠢᠲᠤᠷ ᠠᠳᠬᠤᠵᠤ᠂ ᠦᠬᠡᠷ ᠤᠨ ᠡᠭᠦᠯᠳᠡᠷ ᠰᠠᠶᠢᠵᠢᠷᠠᠭᠤᠯᠬᠤ ᠪᠠ ᠰᠢᠨᠵᠢᠯᠡᠬᠦ ᠤᠬᠠᠭᠠᠨᠴᠢ ᠪᠠᠷ ᠲᠡᠵᠢᠭᠡᠬᠦ | ᠶᠢ ᠪᠥᠬᠦ ᠲᠠᠯ᠎ᠠ ᠪᠠᠷ ᠳᠡᠭᠡᠭᠰᠢᠯᠡᠭᠦᠯᠦᠨ᠂ ᠪᠥᠬᠦ ᠰᠤᠮᠤᠨ ᠤ ᠠᠯᠠᠰᠢᠨ ᠦᠬᠡᠷ ᠤᠨ ᠠᠵᠤ ᠦᠢᠯᠡᠰ ᠤᠨ | ᠬᠥᠭᠵᠢᠯᠲᠡ ᠶᠢᠨ ᠰᠢᠨ᠎ᠡ ᠳᠡᠭᠲᠡᠷ ᠲᠤ ᠭᠠᠷᠬᠤ ᠶᠢ ᠲᠦᠯᠬᠢᠨ ᠠᠬᠢᠭᠤᠯᠬᠤ ᠬᠡᠷᠡᠭᠲᠡᠢ᠃ ᠣᠨᠴᠠᠯᠢᠭᠲᠤ ᠠᠵᠤ | ᠦᠢᠯᠡᠰ ᠢ ᠦᠷᠭᠦᠯᠵᠢᠯᠡᠨ ᠬᠦᠭᠵᠢᠭᠦᠯᠬᠦ ᠬᠡᠷᠡᠭᠲᠡᠢ᠃ ᠣᠯᠠᠨ ᠲᠦᠮᠡᠨ ᠤ ᠣᠷᠣᠯᠭ᠎ᠠ ᠶᠢ ᠨᠡᠮᠡᠭᠳᠡᠭᠦᠯᠬᠦ ᠠᠰᠠᠭᠤᠳᠠᠯ ᠢ | ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠣᠨᠴᠠᠯᠢᠭᠲᠤ ᠳᠠᠪᠠᠭᠤᠯᠢᠭ ᠠᠵᠤ ᠦᠢᠯᠡᠰ ᠢ ᠬᠥᠭᠵᠢᠭᠦᠯᠬᠦ ᠶᠢ ᠣᠯᠠᠨ | ᠲᠦᠮᠡᠨ ᠤ ᠣᠷᠣᠯᠭ᠎ᠠ ᠶᠢ ᠦᠷᠭᠦᠯᠵᠢᠯᠡᠨ ᠲᠣᠭᠲᠠᠭᠤᠨ ᠢᠶᠠᠷ ᠨᠡᠮᠡᠭᠳᠡᠭᠦᠯᠬᠦ ᠶᠢᠨ ᠦᠨᠳᠦᠰᠦᠨ ᠠᠷᠭ᠎ᠠ ᠬᠡᠮᠵᠢᠶ᠎ᠡ | ᠪᠣᠯᠭᠠᠵᠤ᠂ ᠭᠠᠴᠠᠭ᠎ᠠ ᠲᠣᠰᠬᠤᠨ ᠤ ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢ ᠪᠤᠵᠠᠭᠠᠶᠢᠷᠠᠭᠤᠯᠬᠤ | ᠪᠦᠲᠦᠮᠵᠢᠲᠡᠢ ᠠᠷᠭ᠎ᠠ ᠵᠠᠮ ᠢ ᠢᠳᠡᠪᠬᠢᠲᠡᠢ ᠪᠠᠷ ᠰᠦᠪᠡᠭᠴᠢᠯᠡᠨ᠂ ᠲᠤᠬᠠᠢ ᠶᠢᠨ ᠭᠠᠵᠠᠷ ᠣᠷᠣᠨ ᠤ ᠪᠠᠶᠢᠳᠠᠯ ᠳᠠᠭᠠᠨ | ᠲᠣᠬᠢᠷᠠᠭᠤᠯᠤᠨ ᠤᠷᠢᠳᠴᠢᠯᠠᠨ ᠲᠥᠯᠥᠪᠵᠢᠭᠦᠯᠦᠨ ᠪᠠᠶᠢᠷᠢᠯᠠᠭᠤᠯᠵᠤ᠂ ᠡᠵᠡᠩᠨᠡᠯᠲᠡ ᠶᠢᠨ ᠴᠢᠨᠠᠷᠲᠠᠢ ᠣᠷᠣᠯᠭ᠎ᠠ ᠶᠢ | ᠪᠦᠲᠦᠮᠵᠢᠲᠡᠢ ᠨᠡᠮᠡᠭᠳᠡᠭᠦᠯᠦᠨ᠂ ᠣᠯᠠᠨ ᠲᠦᠮᠡᠨ ᠤ ᠬᠠᠮᠲᠤᠪᠠᠷ ᠪᠠᠶᠠᠵᠢᠬᠤ ᠶᠢ ᠦᠨᠡᠨᠬᠦ ᠪᠠᠲᠤᠯᠠᠬᠤ ᠬᠡᠷᠡᠭᠲᠡᠢ ᠭᠡᠪᠡ᠃ | |