ᠠᠷᠢᠶᠠᠪᠠᠯᠣ ᠶᠢᠨ ᠰᠦᠮ᠎ᠡ
ᠨᠡᠶᠢᠲᠡᠯᠡᠭᠰᠡᠨ ᠴᠠᠭ᠄
2021/10/11
           ᠠᠯᠲᠠᠨ ᠰᠢᠷᠭᠤᠭᠤᠯ ᠠᠭᠤᠯᠠ ᠶᠢᠨ ᠠᠰ ᠳᠣᠣᠷ᠎ᠠ ᠬᠤᠷᠮᠣᠢ ᠳᠤ ᠨᠢᠭᠡᠨ ᠰᠦᠮ᠎ᠡ ᠶᠢᠨ ᠪᠠᠭᠤᠷᠢ ᠪᠠᠶᠢᠳᠠᠭ᠃ ᠲᠡᠷᠡ ᠰᠦᠮ᠎ᠡ ᠪᠣᠯ ᠴᠢᠩ ᠬᠦᠷᠦᠨ ᠤ ᠦᠶᠡᠰ ︵ᠪᠠᠷᠤᠭ ᠲᠡᠭᠷᠢ ᠲᠡᠳᠭᠦᠭᠴᠢ ᠶᠢᠨ ᠦᠶ᠎ᠡ︶ ᠪᠠᠶᠢᠭᠤᠯᠣᠭᠰᠠᠨ ︽ᠠᠷᠢᠶᠠᠪᠠᠯᠤ ᠶᠢᠨ ᠰᠦᠮ᠎ᠡ︾ ᠮᠦᠨ᠃ ᠡᠨᠡ ᠰᠦᠮ᠎ᠡ ᠳᠤ ᠠᠯᠠᠱᠠᠨ ᠳ᠋ᠠ ᠯᠠᠮᠠ ᠪᠣᠯᠣᠨ ᠲᠡᠭᠦᠨ ᠤ ᠲᠡᠭᠦᠦ ᠨᠠᠮᠰᠠᠷᠠᠢ ᠳ᠋ᠠ ᠵᠢᠴᠢ ᠵᠠᠮᠢᠶᠠᠨ ᠳ᠋ᠠ ᠯᠠᠮᠠ ᠬᠡᠮᠡᠭᠴᠢ ᠤᠷᠢᠳ ᠬᠤᠵᠢᠳ ᠰᠠᠭᠤᠵᠤ ᠦᠩᠭᠡᠷᠡᠵᠡᠢ ᠭᠡᠨ᠎ᠡ᠃ ᠬᠤᠷᠢᠳᠣᠭᠠᠷ ᠵᠠᠭᠤᠨ ᠤ ᠬᠤᠷᠢᠭᠠᠳ ᠣᠨ ᠤ ᠦᠶᠡᠰ ᠢᠶᠠᠷ ᠡᠨᠡ ᠰᠦᠮ᠎ᠡ ᠳᠤ 160 ᠰᠢᠬᠠᠮ ᠯᠠᠮᠠ ᠪᠠᠶᠢᠵᠤ᠂ ᠲᠥᠴᠢᠭᠡᠳ ᠣᠨ ᠤ ᠦᠶᠡᠰ 80 ᠭᠠᠷᠣᠢ ᠯᠠᠮᠠ ᠪᠠᠶᠢᠵᠠᠢ ᠭᠡᠨ᠎ᠡ᠂ 1945 ᠣᠨ ᠳᠤ ᠣᠷᠣᠰ ᠤᠨ ᠤᠯᠠᠭᠠᠨ ᠴᠡᠷᠢᠭ ᠣᠷᠣᠵᠤ ᠢᠷᠡᠭᠡᠳ ᠡᠨᠡ ᠬᠦ ᠰᠦᠮ᠎ᠡ ᠶᠢ ᠬᠤᠶᠠᠭᠲᠣ ᠲᠡᠷᠭᠡ ᠪᠠᠷ ᠲᠦᠯᠬᠢᠵᠦ ᠤᠨᠠᠭᠠᠪᠠ᠃ ᠲᠣᠬᠠᠢ ᠶᠢᠨ ᠦᠶ᠎ᠡ ᠰᠦᠮ᠎ᠡ ᠶᠢᠨ ᠬᠡᠪᠴᠢᠶ᠎ᠡ ᠨᠢ᠄ ᠭᠤᠣᠯ ᠲᠤᠭᠠᠩ ᠨᠢ ᠵᠡᠭᠦᠨᠰᠢ ᠪᠠᠷᠠᠭᠤᠨᠰᠢ ᠤᠷᠲᠤ ᠪᠠᠷ ᠢᠶᠠᠨ 9 ᠵᠠᠩ᠂ ᠤᠷᠤᠭᠰᠢ ᠬᠤᠶᠢᠰᠢ 2 ᠵᠠᠩ᠂ ᠲᠤᠭᠠᠩ ᠤᠨ ᠠᠷᠤ ᠳᠤ ᠯᠠᠮᠠ ᠨᠠᠷ ᠤᠨ ᠰᠠᠭᠤᠳᠠᠭ ᠪᠠᠶᠢᠷᠢ ᠭᠤᠴᠢ ᠭᠠᠷᠤᠢ ᠲᠠᠰᠣᠯᠭ᠎ᠠ ᠪᠠᠶᠢᠵᠠᠢ᠃ ᠡᠨᠡ ᠰᠦᠮ᠎ᠡ ᠨᠢ ᠵᠠᠷᠤᠳ ᠬᠤᠰᠢᠭᠤᠨ ᠤ ᠬᠢᠵᠠᠭᠠᠷ ᠲᠠᠬᠢ ᠬᠤᠶᠠᠷ ᠵᠠᠭᠤ ᠭᠠᠷᠤᠢ ᠰᠦᠮ᠎ᠡ ᠶᠢᠨ ᠳᠤᠲᠣᠷᠠᠬᠢ ᠨᠡᠯᠢᠶᠡᠳ ᠶᠡᠭᠡ ᠰᠦᠮ᠎ᠡ ᠬᠡᠶᠢᠳ ᠤᠨ ᠨᠢᠭᠡ ᠨᠢ ᠪᠠᠶᠢᠵᠠᠢ᠃ ᠴᠢᠩ ᠤᠨ ᠲᠡᠭᠷᠢ ᠲᠡᠳᠭᠦᠭᠴᠢ ᠶᠢᠨ ᠦᠶᠡᠰ ᠠᠯᠠᠱᠠᠨ ᠳ᠋ᠠ ᠯᠠᠮᠠ ᠬᠡᠮᠡᠭᠴᠢ ᠡᠷᠲᠡᠮᠲᠡᠨ ᠯᠠᠮᠠ ᠨᠣᠮ ᠲᠠᠯᠪᠢᠬᠤ ᠪᠠᠷ ᠢᠷᠡᠭᠡᠳ ᠡᠨᠡ ᠬᠦ ᠠᠭᠤᠯᠠᠨ ᠤ ᠪᠠᠶᠢᠳᠠᠯ ᠢ ᠦᠵᠡᠵᠦ ᠶᠡᠬᠡᠳᠡ ᠰᠦᠵᠢᠭ ᠪᠢᠰᠢᠷᠡᠯ ᠡᠭᠦᠰᠴᠦ᠂ ᠡᠵᠡᠨ ᠲᠥᠷᠦ ᠳᠤ ᠪᠤᠳᠣᠷᠣᠣᠯ ᠡᠷᠭᠦᠨ ᠰᠦᠮ᠎ᠡ ᠪᠠᠶᠢᠭᠤᠯᠵᠤ᠂ ᠠᠷᠢᠶᠠᠪᠠᠯᠤ ᠳᠠᠬᠢᠵᠤ ᠂ ᠭᠡᠰᠡᠷ ᠪᠤᠭᠲᠠ ᠥᠬᠢᠨ ᠲᠡᠭᠷᠢ ᠶᠢᠨ ᠠᠷᠢᠭᠤᠨ ᠰᠦᠨᠡᠰᠦ ᠶᠢ ᠨᠡᠩ ᠪᠠᠶᠠᠰᠬᠠᠵᠤ᠂ ᠠᠷᠠᠳ ᠣᠯᠠᠨ ᠳᠤ ᠪᠤᠶᠠᠨ ᠨᠣᠮ ᠦᠢᠯᠡᠳᠦᠭᠰᠡᠨ ᠲᠤᠯᠠ ᠡᠨᠡ ᠰᠦᠮ᠎ᠡ ᠶᠢ ︽ᠠᠷᠢᠶᠠᠪᠠᠯᠤ ᠶᠢᠨ ᠰᠦᠮ᠎ᠡ︾ ᠬᠡᠮᠡᠨ ᠨᠡᠷᠡᠯᠡᠭᠡᠳ ᠣᠶᠢᠷ᠎ᠠ ᠬᠤᠯᠠ ᠶᠢᠨ ᠰᠦᠰᠦᠭᠲᠡᠨ ᠡᠨᠡ ᠰᠦᠮ᠎ᠡ ᠳᠤ ᠣᠷᠣᠵᠤ ᠲᠠᠬᠢᠯ ᠲᠠᠯᠪᠢᠵᠤ ᠰᠦᠰᠦᠭ ᠭᠦᠢᠴᠡᠳᠭᠡᠳᠡᠭ ᠠᠵᠠᠢ᠃                 ︵ᠬᠤᠩ ᠮᠠ ᠯᠢᠶᠠᠨ ᠬᠠᠩᠭᠠᠪᠠ︶
 
ᠢᠷᠡᠯᠲᠡ᠄ ︽ᠵᠠᠷᠤᠳ ᠤᠨ ᠲᠤᠮᠤᠭ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号