ᠠᠯᠳᠠᠨ ᠰᠢᠷᠭᠤᠭᠤᠯ ᠠᠭᠤᠯᠠᠨ ᠤ ᠲᠠᠷᠪᠠ ᠶᠢᠨ ᠰᠢᠷᠭᠤᠭᠤᠯ ᠤᠨ ᠪᠠᠷᠠᠭᠤᠨ ᠲᠠᠯ᠎ᠠ ᠳᠤ 20 ᠮᠧᠲᠷ ᠵᠠᠶᠢᠳᠠᠢ | ᠨᠢᠭᠡᠨ ᠬᠠᠳᠠᠨ ᠰᠦᠮ᠎ᠠ ᠪᠠᠶᠢᠳᠠᠭ᠃ ᠲᠡᠭᠦᠨ ᠢ ︽ᠲᠠᠯᠤ ᠶᠢᠨ ᠮᠠᠨᠢ ᠶᠢᠨ ᠰᠦᠮ᠎ᠠ︾ ᠭᠡᠳᠡᠭ᠃ ᠭᠡᠰᠡᠷ ᠪᠤᠭᠳᠠ᠂ | ᠦᠬᠢᠨ ᠲᠡᠭᠷᠢ ᠠᠷᠵᠠᠭ ᠮᠠᠩᠭᠤᠰ ᠤᠨ ᠰᠠᠯᠳᠠᠷ ᠤᠳ ᠢ ᠬᠠᠳᠠᠨ ᠬᠦᠭᠦᠷᠭᠡᠨ ᠳᠤ ᠤᠰᠠᠳᠬᠠᠭᠰᠠᠨ ᠤ ᠲᠠᠷᠠᠭ᠎ᠠ᠂ | ᠨᠤᠭᠤᠭᠠᠨ ᠳ᠋ᠠᠷ᠎ᠠ ᠡᠬᠡ ᠶᠢ ᠵᠠᠯᠠᠵᠦ ᠨᠤᠮ ᠭᠦᠷᠢᠮ ᠬᠢᠯᠭᠡᠵᠦ ᠲᠠᠷᠪᠠ ᠶᠢᠨ ᠰᠢᠷᠭᠤᠭᠤᠯ ᠢ ᠠᠮᠢᠯᠠᠭᠤᠯᠵᠠᠢ᠃ ᠳ᠋ᠠᠷ᠎ᠠ | ᠡᠬᠡ ᠭᠤᠤ ᠳᠤ ᠤᠨᠠᠵᠦ ᠦᠬᠦᠭᠰᠡᠨ ᠮᠠᠩᠭᠤᠰ ᠱᠤᠯᠤᠮ ᠤᠨ ᠲᠠᠯᠤ ᠶᠢᠨ ᠶᠠᠰᠤ ᠶᠢ ᠠᠪᠴᠢᠷᠠᠭᠤᠯᠵᠦ ᠲᠠᠷᠨᠢ | ᠲᠠᠷᠤᠯᠭ᠎ᠠ ᠤᠩᠰᠢᠭᠠᠳ ᠬᠡᠯᠬᠢᠨ ᠬᠤᠯᠪᠤᠵᠦ ᠮᠠᠨᠢ ᠪᠦᠳᠤᠭᠡᠵᠦ᠂ ᠬᠤᠪᠢᠯᠭᠠᠨ ᠮᠤᠳᠤᠷ ᠢᠶᠠᠷ ᠢᠶᠠᠨ ᠬᠤᠩᠬᠢᠯ ᠬᠠᠳᠠ | ᠶᠢ ᠬᠤᠪᠬᠤ ᠠᠯᠠᠭᠠᠳᠠᠨ ᠰᠦᠮ᠎ᠠ ᠪᠤᠯᠭᠠᠭᠠᠳ ᠲᠠᠯᠤ ᠶᠢᠨ ᠮᠠᠨᠢ ᠶᠢ ᠡᠯᠬᠦᠵᠦ ᠲᠠᠯᠪᠢᠪᠠ ᠭᠡᠨ᠎ᠡ᠃ ᠡᠨᠡ ᠨᠢ ᠲᠠᠷᠤᠢ | ᠬᠤᠤᠷ ᠢ ᠬᠤᠤᠷ ᠢᠶᠠᠷ ᠲᠠᠶᠢᠯᠤᠨ᠎ᠠ ᠭᠡᠳᠡᠭ ᠢᠶᠠᠷ ᠮᠠᠩᠭᠤᠰ ᠤᠨ ᠭᠠᠵᠢᠭᠤ ᠪᠠᠷ ᠲᠠᠷᠪᠠ ᠶᠢᠨ ᠰᠢᠷᠭᠤᠭᠤᠯ ᠤᠨ | ᠪᠠᠷᠴᠢᠳ ᠢ ᠠᠷᠢᠯᠭᠠᠭᠰᠠᠨ ᠪᠠᠶᠢᠵᠠᠢ᠃ ᠮᠠᠩᠭᠤᠰ ᠤᠨ ᠰᠤᠯᠤᠭᠠᠢ ᠤᠪᠠᠳᠢᠰ ᠭᠠᠵᠢᠭᠤ ᠰᠢᠳᠢ ᠨᠢ ᠴᠦᠮ ᠲᠠᠯᠤ | ᠮᠦᠷᠤᠨ ᠳᠤᠨᠢ ᠪᠠᠶᠢᠬᠤ ᠲᠤᠯᠠ ᠳ᠋ᠠᠷ᠎ᠠ ᠡᠬᠡ ᠲᠠᠯᠤ ᠶᠢᠨ ᠮᠠᠨᠢ ᠶᠢ ᠪᠦᠳᠤᠭᠡᠭᠡᠳ ᠲᠠᠷᠪᠠ ᠶᠢᠨ ᠰᠢᠷᠭᠤᠭᠤᠯ ᠤᠨ | ᠲᠠᠷᠤᠯᠭ᠎ᠠ ᠪᠤᠯᠭᠠᠭᠰᠠᠨ ᠨᠢ ᠡᠨᠡ ᠠᠵᠢ᠃ | ︵ᠬᠤᠩ ᠮᠠ ᠯᠢᠶᠠᠨ ᠬᠠᠩᠭᠠᠪᠠ︶ | ᠵᠠᠷᠤᠳ ᠤᠨ ᠲᠤᠮᠤᠭ ᠠᠴᠠ ᠪᠠᠭᠤᠯᠭᠠᠪᠠ |