ᠠᠯᠳᠠᠨ ᠰᠢᠷᠭᠤᠭᠤᠯ
ᠨᠡᠶᠢᠲᠡᠯᠡᠭᠰᠡᠨ ᠴᠠᠭ᠄
2018/11/28
     ᠡᠷᠳᠡ ᠤᠷᠢᠳᠦ ᠴᠠᠭ ᠲᠤ ᠠᠷᠪᠠᠨ ᠬᠤᠶᠠᠷ ᠲᠤᠯᠤᠭᠠᠢ ᠲᠠᠢ ᠠᠷᠵᠠᠭ ᠮᠠᠩᠭᠤᠰ ᠢ ᠲᠠᠷᠤᠭᠰᠠᠨ ᠠᠷᠪᠠᠨ ᠵᠦᠭ  ᠤᠨ ᠪᠤᠭᠳᠠ — ᠭᠠᠯᠵᠠᠭᠤ ᠪᠠᠭᠠᠳᠤᠷ ᠬᠡᠰᠡᠷ ᠬᠡᠮᠡᠨ ᠪᠠᠶᠢᠵᠠᠢ᠃ ᠬᠡᠰᠡᠷ ᠪᠤᠭᠳᠠ ᠬᠡᠮᠡᠭᠴᠢ ᠲᠦᠪᠡᠳ᠂ ᠰᠢᠨᠵᠢᠶᠠᠩ ᠤᠷᠴᠢᠮ ᠤᠨ ᠤᠷᠤᠨ ᠠᠴᠠ ᠮᠡᠨᠳᠦᠯᠡᠭᠰᠡᠨ ᠬᠦᠮᠦᠨ ᠠᠵᠤᠭᠤ᠃ ᠬᠦᠮᠦᠨ ᠤ ᠤᠷᠴᠢᠯᠠᠩ ᠳᠤ ᠮᠠᠩᠭᠤᠰ ᠴᠢᠳᠬᠦᠷ ᠤᠮ ᠪᠤᠰᠴᠦ ᠬᠠᠷ᠎ᠠ ᠲᠡᠷᠢᠬᠦᠳᠡᠨ ᠢ ᠠᠮᠤᠷ ᠵᠢᠮᠤᠷ ᠠᠮᠢᠳᠤᠷᠠᠭᠤᠯᠬᠤ ᠦᠭᠡᠢ ᠪᠤᠯᠤᠭᠰᠠᠨ ᠲᠡᠷᠡ ᠴᠠᠭ ᠲᠤᠷ᠂ ᠬᠤᠷᠮᠤᠰᠳᠠ ᠲᠡᠭᠷᠢ ᠬᠡᠰᠡᠷ ᠪᠤᠭᠳᠠ ᠪᠤᠯᠤᠨ ᠦᠬᠢᠨ ᠲᠡᠭᠷᠢ ︵ᠴᠠᠭᠠᠨ ᠪᠠᠭᠠᠳᠤᠷ ᠬᠡᠮᠡᠬᠦ ᠴᠤᠯᠠ ᠲᠠᠢ᠂ ᠴᠤᠯ ᠴᠠᠭᠠᠨ ᠬᠤᠶᠠᠭ ᠲᠤᠭᠤᠯᠭ᠎ᠠ ᠡᠮᠦᠰᠴᠦ ᠴᠠᠭᠠᠨ ᠮᠤᠷᠢ ᠤᠨᠤᠭᠰᠠᠨ ᠦᠬᠢᠨ ᠲᠡᠭᠷᠢ ᠬᠡᠨ᠎ᠡ︶ ᠶᠢ ᠬᠦᠮᠦᠨ ᠤ ᠤᠷᠴᠢᠯᠠᠩ ᠳᠤ ᠲᠤᠮᠢᠯᠠᠵᠦ ᠮᠠᠩᠭᠤᠰ ᠢ ᠲᠠᠷᠤᠭᠤᠯᠪᠠ ᠬᠡᠨ᠎ᠡ᠃ ᠲᠡᠭᠡᠭᠡᠳ ᠬᠡᠰᠡᠷ ᠪᠤᠭᠳᠠ᠂ ᠦᠬᠢᠨ ᠲᠡᠭᠷᠢ ᠬᠠᠮᠳᠤᠳᠠ ᠲᠤᠮᠳᠠ ᠶᠢᠷᠳᠢᠨᠴᠦ ᠳᠤᠷ ᠢᠯᠡᠷᠡᠭᠡᠳ᠂ ᠠᠷᠪᠠᠨ ᠬᠤᠶᠠᠷ ᠲᠤᠯᠤᠭᠠᠢ ᠲᠠᠢ ᠠᠷᠵᠠᠭ ᠮᠠᠩᠭᠤᠰ ᠢ ᠲᠠᠷᠤᠬᠤ ᠪᠠᠷ ᠨᠡᠬᠡᠨ ᠨᠡᠬᠡᠮᠵᠢᠯᠡᠭᠰᠡᠭᠡᠷ ᠡᠳᠦᠭᠡ ᠶᠢᠨ ᠦᠪᠦᠷ ᠮᠤᠩᠭᠤᠯ ᠤᠨ ᠵᠢᠷᠢᠮ ᠠᠶᠢᠮᠠᠭ ᠤᠨ ᠬᠦᠷᠢᠶ᠎ᠡ ᠬᠤᠰᠢᠭᠤᠨ ᠤ ᠬᠢᠵᠠᠭᠠᠷ ᠲᠤ ᠬᠦᠷᠴᠡᠢ᠃ ᠲᠡᠨᠳᠡ ᠠᠷᠵᠠᠭ ᠮᠠᠩᠭᠤᠰ ᠢ ᠠᠷᠳᠠᠭ ᠡᠯᠡᠰᠦᠨ ᠳᠤ ᠬᠠᠰᠢᠵᠦ ᠲᠠᠮᠤ ᠶᠢᠨ ᠢᠷᠤᠭᠠᠷ ᠲᠤ ᠴᠤᠬᠢᠨ ᠤᠷᠤᠭᠤᠯᠵᠦ᠂ ᠠᠷᠭ᠎ᠠ ᠪᠢᠯᠢᠭ ᠢᠶᠠᠷ ᠪᠦᠳᠦᠭᠡᠭᠰᠡᠨ ᠬᠦᠷᠡᠯ ᠲᠤᠭᠤᠭ᠎ᠠ ᠪᠠᠷ ᠲᠠᠷᠤᠵᠦ ᠲᠠᠯᠪᠢᠪᠠ ᠬᠡᠨ᠎ᠡ᠃ ᠲᠡᠭᠡᠭᠡᠳ ᠠᠷᠵᠠᠭ ᠮᠠᠩᠭᠤᠰ ᠢ ᠠᠬᠢᠨ ᠲᠤᠯᠤᠭᠠᠢ ᠦᠨᠳᠡᠶᠢᠬᠦ ᠠᠴᠠ ᠰᠡᠷᠭᠡᠶᠢᠯᠡᠵᠦ᠂ ᠤᠷᠠᠨ ᠵᠢᠷᠤᠭᠴᠢᠨ ᠢᠶᠠᠷ ᠪᠢᠯᠢᠭ ᠤᠨ ᠪᠠᠭᠠᠳᠤᠷ ᠦᠬᠢᠨ ᠲᠡᠭᠷᠢ ᠶᠢᠨ ᠬᠦᠷᠡᠯ ᠲᠤᠭᠤᠭᠠᠨ ᠲᠡᠭᠡᠷ᠎ᠡ ᠬᠦᠯ ᠢᠶᠠᠷ ᠢᠶᠠᠨ ᠬᠢᠰᠬᠢᠵᠦ᠂ ᠬᠤᠷᠴᠠ ᠰᠡᠯᠡᠮ᠎ᠡ ᠪᠠᠨ ᠲᠡᠭᠡᠷ᠎ᠡ ᠲᠠᠯᠠᠶᠢᠭᠰᠠᠨ ᠵᠢᠷᠤᠭ ᠢ ᠵᠢᠷᠤᠭᠤᠯᠵᠦ᠂ ᠰᠦᠮ᠎ᠡ ᠪᠠᠶᠢᠭᠤᠯᠤᠨ ᠲᠠᠬᠢᠭᠤᠯᠤᠭᠰᠠᠨ ᠠᠴᠠ ᠠᠷᠵᠠᠭ ᠮᠠᠩᠭᠤᠰ ᠵᠢᠷᠤᠭ ᠢ ᠦᠵᠡᠬᠦ ᠪᠤᠯᠭᠠᠨ ᠠᠶᠤᠭᠠᠳ ᠭᠠᠷᠴᠦ ᠢᠷᠡᠵᠦ ᠴᠢᠳᠠᠬᠤ ᠦᠭᠡᠢ ᠪᠤᠯᠵᠠᠢ ᠬᠡᠨ᠎ᠡ᠃      ᠲᠠᠶᠢᠰᠤᠨ ᠢᠶᠠᠨ ᠲᠠᠷᠤᠵᠦ ᠲᠠᠷᠬᠠᠨ ᠴᠤᠯᠠ ᠪᠠᠨ ᠮᠠᠨᠳᠤᠭᠤᠯᠤᠭᠰᠠᠨ ᠬᠡᠰᠡᠷ ᠪᠤᠭᠳᠠ᠂ ᠦᠬᠢᠨ ᠲᠡᠭᠷᠢ ᠵᠡᠬᠦᠨ ︵ᠬᠤᠷᠴᠢᠨ᠂ ᠬᠠᠯᠬ᠎ᠠ︶᠂ ᠪᠠᠷᠠᠭᠤᠨ ︵ᠲᠦᠪᠡᠳ᠂ ᠰᠢᠨᠵᠢᠶᠠᠩ︶ ᠬᠤᠶᠠᠷ ᠬᠡᠰᠡᠭ ᠬᠤᠪᠢᠶᠠᠵᠦ᠂ ᠠᠰᠳᠠᠭᠠᠨ ᠮᠠᠩᠭᠤᠰ ᠴᠢᠳᠬᠦᠷ ᠢ ᠲᠠᠷᠤᠬᠤ ᠪᠠᠷ ᠬᠡᠰᠡᠷ ᠪᠠᠷᠠᠭᠤᠨᠰᠢ᠂ ᠦᠬᠢᠨ ᠲᠡᠭᠷᠢ ᠵᠡᠬᠦᠨᠰᠢ ᠮᠤᠷᠳᠠᠪᠠ ᠬᠡᠨ᠎ᠡ᠃ ᠬᠡᠳᠦᠢ ᠵᠢᠯ ᠦᠩᠭᠡᠷᠡᠭᠰᠡᠨ ᠢ ᠪᠤᠤ ᠮᠡᠳᠡ᠂ ᠠᠷᠪᠠᠨ ᠬᠤᠶᠠᠷ ᠲᠤᠯᠤᠭᠠᠢ ᠲᠠᠢ ᠠᠷᠵᠠᠭ ᠮᠠᠩᠭᠤᠰ ᠤᠨ ᠦᠬᠢᠨ ︵ᠠᠷᠭᠠᠯ ᠤᠨ ᠲᠤᠤᠷ᠎ᠠ ᠲᠠᠯᠳᠠᠯᠠᠵᠦ ᠠᠮᠢ ᠭᠠᠷᠤᠭᠰᠠᠨ︶ ᠬᠢᠯᠪᠠᠩ ᠰᠢᠷ᠎ᠠ ᠶᠢᠨ ᠨᠢᠭᠡ ᠠᠶᠢᠮᠠᠭ᠂ ᠬᠠᠯᠬ᠎ᠠ ᠮᠤᠩᠭᠤᠯ ᠵᠢᠴᠢ ᠪᠦᠬᠦᠶᠢᠯᠡ ᠬᠤᠷᠴᠢᠨ ᠤ ᠲᠠᠯ᠎ᠠ ᠨᠤᠳᠤᠭ ᠲᠤ ᠲᠠᠬᠢᠨ ᠰᠠᠮᠠᠭᠤᠷᠠᠵᠦ᠂ ᠬᠠᠮᠤᠭ ᠠᠮᠢᠳᠠᠨ ᠢ ᠬᠦᠨᠦᠭᠡᠵᠦ᠂ ᠬᠠᠷ᠎ᠠ ᠵᠤᠪᠠᠯᠠᠩ ᠲᠠᠷᠢᠵᠦ ᠡᠬᠢᠯᠡᠪᠡ᠃ ᠦᠬᠢᠨ ᠲᠡᠭᠷᠢ᠄ ︽ᠬᠤᠪᠢᠶᠠᠭᠰᠠᠨ ᠤᠷᠤᠨ᠂ ᠬᠤᠪᠢᠳᠠᠭᠰᠠᠨ ᠨᠤᠳᠤᠭ ᠤᠨ ᠢᠶᠠᠨ ᠠᠷᠵᠠᠭ ᠮᠠᠩᠭᠤᠰ ᠢ ᠲᠠᠷᠤᠵᠦ ᠠᠷᠠᠳ ᠢᠷᠭᠡᠳ ᠢᠶᠠᠨ ᠠᠮᠤᠷ ᠵᠢᠮᠤᠷ ᠠᠮᠢᠳᠤᠷᠠᠭᠤᠯᠤᠶ᠎ᠠ︾ ᠬᠡᠮᠡᠨ ᠬᠦᠴᠦᠨ ᠮᠡᠭᠦᠰᠳᠡᠵᠦ᠂ ᠬᠦᠮᠦᠨ ᠢᠶᠠᠷ ᠭᠠᠴᠢᠭᠳᠠᠭᠰᠠᠨ ᠲᠤᠯᠠ ᠠᠯᠤᠰ ᠬᠤᠯᠠ ᠦᠷᠦᠨ᠎ᠡ ᠵᠦᠭ ᠲᠤ ᠪᠠᠶᠢᠬᠤ ᠬᠡᠰᠡᠷ ᠪᠤᠭᠳᠠ  ᠶᠢ ᠵᠠᠯᠠᠪᠠ ᠬᠡᠨ᠎ᠡ᠃ ᠬᠡᠰᠡᠷ ᠪᠤᠭᠳᠠ ᠴᠢᠮᠡᠭᠡ ᠤᠯᠤᠭᠰᠠᠨ ᠤ ᠲᠠᠷᠠᠭ᠎ᠠ ᠦᠬᠢᠨ ᠲᠡᠭᠷᠢ ᠳᠤ ᠬᠠᠮᠵᠢᠵᠦ᠂ ᠮᠠᠩᠭᠤᠰ  ᠤᠨ ᠦᠬᠢᠨ ᠬᠢᠯᠪᠠᠩ ᠰᠢᠷ᠎ᠠ ᠶᠢ ᠠᠷᠢᠯᠭᠠᠬᠤ ᠪᠠᠷ ᠵᠡᠬᠦᠨᠰᠢ ᠮᠤᠷᠳᠠᠪᠠ᠃ ᠲᠤᠬᠠᠢ ᠶᠢᠨ ᠦᠶ᠎ᠡ ᠳᠤ ᠬᠡᠰᠡᠷ ᠪᠤᠭᠳᠠ ᠭᠤᠷᠪᠠᠨ ᠬᠠᠳᠤᠨ ᠲᠠᠢ ᠪᠠᠶᠢᠵᠠᠢ᠃ ᠶᠡᠭᠡ ᠬᠠᠳᠤᠨ ᠨᠢ ᠠᠷᠤᠯᠤᠨ ᠭᠤᠸ᠎ᠠ ᠬᠡᠭᠴᠢ ᠲᠦᠪᠡᠳ ᠬᠦᠮᠦᠨ᠂ ᠬᠤᠶᠠᠳᠤᠭᠠᠷ ᠬᠠᠳᠤᠨ ᠨᠢ ᠠᠯᠤ ᠭᠤᠸ᠎ᠠ ᠭᠡᠭᠴᠢ ᠰᠢᠨᠵᠢᠶᠠᠩ ᠬᠦᠮᠦᠨ᠃ ᠪᠠᠭ᠎ᠠ ᠬᠠᠳᠤᠨ ᠨᠢ ᠠᠵᠦ ᠭᠤᠸ᠎ᠠ ᠬᠡᠭᠴᠢ ᠡᠳᠦᠬᠡ ᠶᠢᠨ ᠦᠪᠦᠷ ᠮᠤᠩᠭᠤᠯ ᠤᠨ ᠵᠢᠷᠢᠮ ᠠᠶᠢᠮᠠᠭ ᠤᠨ ᠲᠤᠭᠤᠯᠵᠢᠨ ᠠᠭᠤᠯᠠᠨ ᠤ ᠬᠦᠮᠦᠨ ᠬᠡᠨ᠎ᠡ ︵ᠤᠯᠠᠮᠵᠢᠯᠠᠯ ᠶᠠᠷᠢᠶᠠᠨ ᠳᠤ ᠠᠵᠦ ᠭᠤᠸ᠎ᠠ ᠬᠠᠳᠤᠨ ᠪᠤᠯ ᠲᠠᠷᠤᠢ ᠴᠠᠭᠠᠨ ᠪᠠᠭᠠᠳᠤᠷ — ᠦᠬᠢᠨ ᠲᠡᠭᠷᠢ ᠬᠡᠳᠡᠭ︶᠃ ᠪᠠᠭ᠎ᠠ ᠬᠠᠳᠤᠨ ᠨᠢ ᠠᠷᠳᠠᠭ ᠲᠤᠭᠰᠢᠨ ᠵᠠᠩ ᠠᠭᠠᠰᠢ ᠲᠠᠢ ᠪᠦᠭᠡᠳ ᠠᠪᠬᠤ ᠶᠢᠨ ᠠᠷᠭ᠎ᠠ ᠦᠭᠡᠢ ᠮᠠᠭᠤᠬᠠᠢ ᠲᠦᠷᠦᠭᠰᠡᠨ ᠡᠮᠡᠭᠳᠡᠢ ᠬᠡᠨ᠎ᠡ ︵ᠬᠤᠷᠮᠤᠰᠳᠠ ᠲᠡᠭᠷᠢ ᠮᠠᠩᠭᠤᠰ ᠤᠨ ᠰᠦᠷ ᠢ ᠲᠠᠷᠤᠬᠤ ᠶᠢᠨ ᠲᠦᠯᠦᠭᠡ ᠦᠬᠢᠨ ᠲᠡᠭᠷᠢ ᠶᠢ ᠬᠦᠮᠦᠨ  ᠤ ᠶᠢᠷᠳᠢᠨᠴᠦ ᠳᠤ ᠬᠠᠭᠤᠷᠮᠠᠭ ᠪᠠᠭ ᠲᠠᠢ ᠲᠦᠷᠦᠬᠦᠯᠵᠡᠢ︶᠃ ᠲᠤᠬᠠᠢ ᠶᠢᠨ ᠦᠶ᠎ᠡ ᠳᠤ ᠬᠡᠰᠡᠷ ᠪᠤᠭᠳᠠ ᠪᠠᠭ᠎ᠠ ᠬᠠᠳᠤᠨ ᠢᠶᠠᠨ ᠠᠷᠵᠠᠭ ᠮᠠᠩᠭᠤᠰ ᠢ ᠲᠠᠷᠤᠬᠤ ᠳᠤ ᠬᠠᠪᠰᠤᠷᠤᠭᠤᠯᠬᠤ ᠶᠢᠨ ᠲᠦᠯᠦᠭᠡ ᠯᠡ ᠠᠪᠤᠭᠰᠠᠨ ᠲᠤᠯᠠ ︵ᠲᠡᠭᠷᠢ ᠶᠢᠨ ᠲᠠᠪᠢᠯᠠᠩ ᠬᠡᠨ᠎ᠡ︶ ᠲᠡᠬᠦᠨ ᠳᠤ ᠲᠡᠮᠡᠢ ᠬᠠᠶᠢᠷ᠎ᠠ ᠰᠡᠳᠬᠢᠯ ᠦᠭᠡᠢ᠃ ᠤᠨ ᠵᠢᠯ ᠢᠶᠠᠷ ᠲᠦᠪᠡᠳ᠂ ᠰᠢᠨᠵᠢᠶᠠᠩ ᠢᠶᠠᠷ ᠶᠠᠪᠤᠵᠦ ᠶᠡᠭᠡ᠂ ᠲᠤᠮᠳᠠ ᠬᠠᠳᠤᠨ ᠢᠶᠠᠨ ᠡᠷᠬᠢᠴᠡᠬᠦᠯᠬᠦ ᠠᠴᠠ ᠪᠢᠰᠢ ᠪᠠᠭ᠎ᠠ ᠬᠠᠳᠤᠨ ᠠᠴᠠ ᠪᠠᠨ ᠶᠠᠷᠦ ᠨᠢ ᠵᠢᠭᠰᠢᠵᠦ ᠵᠠᠶᠢᠯᠠᠵᠦ ᠶᠠᠪᠤᠳᠠᠭ ᠬᠡᠨ᠎ᠡ᠃ ᠠᠵᠦ ᠭᠤᠸ᠎ᠠ᠂ ᠬᠡᠰᠡᠷ ᠪᠤᠭᠳᠠ ᠶᠢ ᠬᠦᠯᠢᠶᠡᠬᠦ ᠶᠢᠨ ᠬᠠᠮᠳᠦ ᠠᠮᠢ ᠴᠦᠯᠡᠨ ᠲᠡᠮᠡᠴᠡᠵᠦ᠂ ᠤᠶᠢᠷᠠᠮ ᠲᠤᠭᠤᠷᠢᠮ ᠤᠨ ᠮᠠᠩᠭᠤᠰ ᠴᠢᠳᠬᠦᠷ ᠢ ᠲᠠᠷᠤᠵᠦ᠂ ᠠᠶᠢᠯ ᠠᠶᠢᠮᠠᠭ ᠢᠶᠠᠨ ᠠᠮᠤᠷ ᠵᠢᠮᠤᠷ ᠠᠮᠢᠳᠤᠷᠠᠭᠤᠯᠵᠦ ᠪᠠᠶᠢᠵᠠᠢ᠃ ᠭᠠᠭᠴᠠ ᠮᠠᠩᠭᠤᠰ ᠤᠨ ᠦᠬᠢᠨ ᠬᠢᠯᠪᠠᠩ ᠰᠢᠷ᠎ᠠ ᠬᠡᠮᠡᠭᠴᠢ ᠬᠤᠷᠤᠭᠤ ᠴᠢᠨᠡᠭᠡ ᠪᠡᠶ᠎ᠡ ᠲᠠᠢ ᠬᠢᠮᠦᠰᠦᠨ ᠲᠡᠳᠦᠢ ᠲᠤᠯᠤᠭᠠᠢ ᠲᠠᠢ ᠪᠠᠶᠢᠭᠰᠠᠨ ᠢᠶᠠᠨ ᠭᠠᠵᠢᠭᠤ ᠨᠤᠮ ᠰᠤᠯᠤᠭᠠᠢ ᠤᠪᠢᠳᠠᠰ ᠤᠨ ᠪᠢᠰᠢᠯᠭᠠᠯ ᠲᠡᠭᠦᠰᠴᠦ᠂ ᠪᠢᠯᠳᠠᠷ ᠪᠡᠶ᠎ᠡ ᠨᠢ ᠪᠤᠵᠠᠭᠠᠶᠢᠷᠠᠭᠠᠳ ᠠᠭᠤᠯᠠ ᠶᠢᠨ ᠴᠢᠨᠡᠭᠡ ᠪᠡᠶ᠎ᠡ ᠲᠠᠢ᠂ ᠲᠤᠪᠤ ᠶᠢᠨ ᠴᠢᠨᠡᠭᠡ ᠲᠤᠯᠤᠭᠠᠢ ᠲᠠᠢ᠂ ᠤᠭᠤᠷ ᠤᠨ ᠵᠡᠷᠬᠡ ᠨᠢᠳᠦ ᠲᠠᠢ᠂ ᠤᠩᠭᠤᠴᠠ ᠶᠢᠨ ᠵᠡᠷᠬᠡ ᠤᠮᠠᠢ ᠲᠠᠢ ᠡᠮ᠎ᠡ ᠮᠠᠩᠭᠤᠰ ᠪᠤᠯᠤᠭᠰᠠᠨ ᠲᠤᠯᠠ ᠠᠵᠦ ᠭᠤᠸ᠎ᠠ ᠬᠠᠳᠤᠨ ᠤ ᠠᠯᠳᠠᠨ ᠰᠤᠮᠤ ᠠᠴᠠ ᠵᠠᠶᠢᠯᠠᠵᠦ ᠠᠷᠦ ᠭᠠᠵᠠᠷ ᠵᠦᠭ ᠵᠢᠭᠤᠳᠠᠵᠠᠢ᠂ ᠪᠢᠯᠢᠭ ᠤᠨ ᠴᠢᠳᠠᠯ ᠪᠡᠶ᠎ᠡ ᠠᠴᠠ ᠨᠢ ᠬᠤᠯᠠ ᠲᠠᠪᠠᠭᠰᠠᠨ ᠡᠮ᠎ᠡ ᠮᠠᠩᠭᠤᠰ ᠢ ᠠᠷᠦ ᠠᠴᠠ ᠨᠢ ᠦᠵᠡᠭᠰᠡᠭᠡᠷ ᠠᠵᠦ ᠭᠤᠸ᠎ᠠ ᠬᠠᠳᠤᠨ ᠠᠷᠠᠭ᠎ᠠ ᠰᠢᠳᠤ ᠪᠠᠨ ᠬᠠᠪᠢᠷᠴᠦ᠄ ︽ᠠᠷᠭ᠎ᠠ ᠶᠢᠨ ᠰᠢᠳᠢ ᠲᠡᠭᠦᠰ ᠪᠦᠷᠢᠳᠦᠭᠰᠡᠨ ᠬᠡᠰᠡᠷ ᠪᠠᠭᠠᠳᠤᠷ ᠮᠢᠨᠢ ᠠᠷᠵᠠᠭ ᠴᠢᠮᠠᠢᠢ ᠬᠡᠷᠬᠢᠨ ᠰᠦᠨᠦᠬᠡᠬᠦ ᠶᠢ ᠦᠵᠡᠵᠦ ᠪᠠᠶᠢᠭᠳᠤᠨ︾ ᠬᠡᠮᠡᠨ ᠬᠤᠷᠤᠰᠤᠯ ᠵᠠᠨᠤᠯ ᠲᠠᠢ ᠬᠤᠴᠤᠷᠴᠠᠢ ᠬᠡᠨ᠎ᠡ᠃ ᠨᠢᠬᠡᠨ ᠡᠳᠦᠷ᠂ ᠵᠡᠬᠦᠨᠰᠢ ᠮᠤᠷᠳᠠᠭᠰᠠᠨ ᠬᠡᠰᠡᠷ ᠪᠠᠭᠠᠳᠤᠷ ᠲᠤᠭᠤᠯᠵᠢᠨ ᠠᠭᠤᠯᠠ ᠶᠢ ᠲᠦᠬᠦᠵᠦ ᠪᠠᠭ᠎ᠠ ᠬᠠᠳᠤᠨ ᠤ ᠬᠢᠨᠢ ᠤᠷᠳᠤᠨ ᠤᠶᠢᠷᠠᠳᠬᠤ ᠲᠤᠳᠤᠮ ᠠᠷᠳᠠᠭ ᠲᠤᠭᠰᠢᠨ ᠠᠷᠠᠨᠰᠢᠨ ᠲᠠᠢ᠂ ᠠᠪᠬᠤ ᠶᠢᠨ ᠠᠷᠭ᠎ᠠ ᠦᠭᠡᠢ ᠵᠢᠰᠦ ᠲᠠᠢ ᠪᠠᠭ᠎ᠠ ᠬᠠᠳᠤᠨ ᠨᠢ ᠠᠰ ᠡᠮᠦᠨ᠎ᠡ ᠠᠴᠠ ᠨᠢ ᠠᠷᠵᠠᠶᠢᠨ ᠢᠷᠡᠬᠦ‍ ᠰᠢᠭ ᠬᠤᠶᠢᠬ᠎ᠠ ᠶᠢᠨ ᠦᠰᠦ ᠨᠢ ᠪᠤᠰᠴᠦ᠂ ᠬᠤᠶᠢᠭᠤᠷ ᠤᠷᠳᠤᠭᠤᠷ ᠨᠢ ᠲᠤᠭᠤᠷᠢᠭᠠᠳ ᠭᠠᠷᠬᠤ ᠶᠢ ᠪᠤᠳᠤᠪᠠ ᠬᠡᠨ᠎ᠡ᠃ ᠢᠩᠬᠢᠵᠦ ᠪᠠᠶᠢᠳᠠᠯ᠎ᠠ ᠵᠠᠮ ᠤᠨ ᠭᠤᠳᠤᠰ ᠨᠢᠭᠡᠨ ᠲᠠᠷᠢᠶᠠᠴᠢᠨ ᠡᠪᠦᠬᠡᠨ ᠲᠠᠢ ᠠᠰ ᠤᠴᠠᠷᠠᠵᠦ᠂ ᠠᠷᠪᠠᠨ ᠬᠤᠶᠠᠷ ᠲᠤᠯᠤᠭᠠᠢ ᠲᠠᠢ ᠠᠷᠵᠠᠭ ᠮᠠᠩᠭᠤᠰ ᠤᠨ ᠦᠬᠢᠨ ᠬᠢᠯᠪᠠᠩ ᠰᠢᠷ᠎ᠠ ᠶᠢᠨ ᠠᠶᠢᠮᠠᠭ ᠤᠨ ᠤᠯᠠᠩᠬᠢ ᠶᠢ ᠪᠠᠭ᠎ᠠ ᠬᠠᠳᠤᠨ ᠳᠤ ᠤᠰᠠᠳᠬᠠᠭᠳᠠᠵᠦ᠂ ᠬᠢᠯᠪᠠᠩ ᠰᠢᠷ᠎ᠠ ᠦᠯᠡᠳᠡᠭᠰᠡᠨ ᠨᠢᠭᠡ ᠪᠦᠯᠦᠭ ᠢᠶᠠᠨ ᠲᠠᠭᠠᠭᠤᠯᠵᠦ᠂ ᠤᠮᠠᠷᠠᠰᠢ ᠲᠤᠳᠠᠭᠠᠵᠦ ᠦᠵᠦᠮᠦᠴᠢᠨ ᠤᠷᠴᠢᠮ ᠲᠦᠢᠳᠴᠦ ᠪᠠᠶᠢᠨ᠎ᠠ ᠬᠡᠵᠦ ᠬᠡᠯᠡᠵᠦ ᠦᠭᠴᠡᠢ᠃ ᠡᠬᠦᠨ ᠢ ᠰᠤᠨᠤᠰᠤᠮᠠᠭᠴᠠ ᠬᠡᠰᠡᠷ ᠪᠤᠭᠳᠠ ᠶᠢᠨ ᠠᠭᠤᠷ ᠬᠢᠯᠢᠩ ᠲᠡᠭᠷᠢ ᠲᠤᠯᠵᠦ ᠂ ᠬᠢᠯᠪᠠᠩ ᠰᠢᠷ᠎ᠠ ᠶᠢ ᠠᠷᠢᠯᠭᠠᠬᠤ ᠬᠠᠳᠠᠭᠤ ᠵᠤᠷᠢᠭ ᠰᠢᠭᠤᠳᠤᠭᠠᠳ᠂ ᠪᠠᠭ᠎ᠠ ᠬᠠᠳᠤᠨ ᠠᠴᠠ ᠪᠠᠨ ᠵᠠᠶᠢᠯᠠᠬᠤ ᠪᠠᠰᠠ ᠨᠢᠭᠡ ᠰᠠᠶᠢᠨ ᠲᠤᠬᠢᠶᠠᠯ ᠪᠤᠯᠵᠠᠢ ᠬᠡᠳ ᠶᠠᠭᠤ ᠴᠦ ᠬᠡᠰᠡᠨ ᠮᠡᠳᠡᠭᠳᠡᠬᠡᠳ ᠭᠠᠷᠤᠶ᠎ᠠ ᠬᠡᠮᠡᠨ᠂ ᠪᠠᠭ᠎ᠠ ᠬᠠᠳᠤᠨ ᠤ ᠪᠠᠨ ᠤᠷᠳᠤᠨ ᠳᠤ ᠬᠦᠷᠬᠦ ᠳᠤ ᠨᠢᠭᠡᠨᠳᠡ ᠦᠤᠷ ᠴᠠᠶᠢᠬᠤ ᠤᠶᠢᠷᠠᠳᠪᠠ᠃ ᠬᠡᠰᠡᠷ ᠪᠤᠭᠳᠠ ᠭᠡᠷ ᠤᠨ ᠢᠶᠠᠨ ᠡᠬᠦᠳᠡᠨ ᠳᠤ ᠬᠦᠷᠴᠦ ᠤᠴᠢᠬᠤ ᠳᠤ᠂ ᠭᠤᠨᠠᠭᠠᠨᠪᠠᠭᠠᠳᠤᠷ ᠨᠡᠷ᠎ᠡ ᠲᠠᠢ ᠭᠤᠷᠪᠠᠨ ᠨᠠᠰᠤᠳᠠᠢ ᠬᠦᠤ ᠨᠢ ᠬᠠᠰᠠᠭ ᠲᠡᠷᠭᠡᠨ ᠤ ᠬᠦᠷᠳᠦ  ᠶᠢ ᠰᠠᠯᠭᠠᠵᠦ ᠠᠪᠤᠭᠠᠳ ᠬᠠᠰᠢᠶᠠᠨ ᠲᠡᠭᠡᠭᠦᠷ ᠢᠶᠠᠨ ᠰᠢᠳᠡᠵᠦ ᠨᠠᠭᠠᠳᠴᠦ ᠪᠠᠶᠢᠪᠠ ᠬᠡᠨ᠎ᠡ᠃ ᠬᠡᠰᠡᠷ ᠪᠤᠭᠳᠠ ᠶᠢ ᠦᠵᠡᠭᠡᠳ ᠭᠤᠷᠪᠠᠨ ᠨᠠᠰᠦ ᠲᠠᠢ ᠬᠦᠤ ᠨᠢ ᠡᠰᠡ ᠲᠠᠨᠢᠪᠠ᠃ ᠬᠡᠰᠷ ᠪᠤᠭᠳᠠ᠄ ︽ᠬᠦᠤ ᠮᠢᠨᠢ᠂ ᠡᠵᠢ ᠴᠢᠨᠢ ᠬᠠᠮᠢᠭ᠎ᠠ ᠶᠠᠪᠤᠭᠰᠠᠨ ᠪᠤᠢ︖︾ ᠬᠡᠵᠦ ᠠᠰᠠᠭᠤᠬᠤ ᠳᠤ᠄ ︽ᠦᠨᠢᠶ᠎ᠡ ᠪᠠᠨ ᠰᠠᠭᠠᠵᠦ ᠪᠠᠶᠢᠨ᠎ᠠ︾ ᠬᠡᠵᠦ ᠦᠭᠡᠷ ᠮᠦᠭᠡᠷᠡᠭᠰᠡᠨ ᠰᠢᠭ ᠬᠠᠷᠢᠭᠤᠯᠪᠠ᠃ ᠬᠡᠰᠡᠷ᠂ ᠬᠦᠤ ᠳᠡᠭᠡᠨ ︽ᠴᠢ ᠡᠵᠢ ᠳᠡᠭᠡᠨ ᠬᠡᠯᠡᠵᠦ ᠦᠭ᠂ ᠠᠪᠤ ᠨᠢ ᠠᠷᠦ ᠭᠠᠵᠠᠷ ᠲᠤ ᠮᠠᠩᠭᠤᠰ ᠲᠠᠷᠤᠬᠤ ᠪᠠᠷ ᠶᠠᠪᠤᠨ᠎ᠠ︾ ᠬᠡᠳ ᠮᠤᠷᠢᠨ ᠤ ᠤᠯᠤᠩ ᠢᠶᠠᠨ ᠴᠢᠩᠭᠠᠯᠠᠨ᠂ ᠮᠦᠷᠦᠨ ᠤ ᠬᠤᠷᠤᠮᠰᠠᠭ᠎ᠠ ᠪᠠᠨ ᠲᠠᠪᠰᠢᠭᠠᠳ ᠤᠮᠠᠷ᠎ᠠ ᠵᠦᠭ ᠢ ᠴᠢᠭᠯᠡᠨ ᠴᠠᠬᠢᠯᠭᠠᠨ ᠴᠠᠬᠢᠯᠬᠤ ᠮᠡᠳᠦ ᠲᠠᠪᠬᠢᠭᠤᠯᠵᠦ ᠶᠠᠪᠤᠵᠠᠢ ᠬᠡᠨ᠎ᠡ᠃ ᠠᠵᠦ ᠭᠤᠸ᠎ᠠ ᠬᠡᠳᠦᠨ ᠦᠨᠢᠶ᠎ᠡ ᠪᠠᠨ ᠰᠠᠭᠠᠵᠦ ᠪᠠᠷᠠᠭᠠᠳ ᠬᠡᠷ ᠲᠡᠭᠡᠨ ᠤᠷᠤᠬᠤ ᠳᠤ ᠭᠤᠷᠪᠠᠨ ᠨᠠᠰᠤᠳᠠᠢ ᠬᠦᠤ ᠨᠢ᠄ ︽ᠠᠪᠤ ᠬᠡᠳᠡᠭ ᠨᠢᠭᠡ ᠬᠦᠮᠦᠨ ᠠᠷᠵᠠᠭ ᠮᠠᠩᠭᠤᠰ ᠢ ᠲᠠᠷᠤᠬᠤ ᠪᠠᠷ ᠠᠷᠦ ᠵᠦᠭ ᠶᠠᠪᠤᠵᠠᠢ︾ ᠬᠡᠵᠦ ᠬᠡᠯᠡᠵᠦ ᠦᠭᠴᠡᠢ᠃ ᠠᠵᠦ ᠬᠠᠳᠤᠨ ᠬᠡᠰᠡᠷ ᠤᠨ ᠢᠷᠡᠭᠰᠡᠨ ᠢ ᠮᠡᠳᠡᠭᠡᠳ᠄ ︽ᠭᠡᠷ ᠲᠤ ᠪᠠᠨ ᠴᠦ ᠰᠠᠭᠠᠳᠠᠭᠰᠠᠨ ᠦᠭᠡᠢ᠂ ᠬᠡᠷᠬᠡᠢ ᠲᠠᠢ ᠪᠠᠨ ᠴᠦ ᠠᠭᠤᠯᠵᠠᠭᠰᠠᠨ ᠦᠭᠡᠢ᠂ ᠡᠷ᠎ᠡ ᠬᠡᠳᠡᠭ ᠲᠡᠷᠡ ᠡᠷᠡᠬᠡᠢ ᠶᠢ ᠴᠦ ᠬᠦᠢᠴᠡᠬᠦ ᠦᠭᠡᠢ︾ ᠬᠡᠮᠡᠨ ᠠᠭᠤᠷ ᠬᠢᠯᠢᠭ ᠲᠡᠭᠳᠡᠵᠦ᠂ ᠬᠠᠶᠢᠷ᠎ᠠ ᠬᠦᠰᠡᠯ ᠨᠢ ᠬᠤᠷᠤᠰᠤᠯ ᠪᠤᠯᠤᠨ ᠪᠤᠴᠠᠯᠵᠦ᠂ ᠬᠠᠨ᠎ᠠ ᠳᠤ ᠡᠯᠬᠦᠭᠰᠡᠨ ᠬᠤᠪᠢᠯᠭᠠᠨ ᠨᠤᠮᠤ ᠰᠤᠮᠤ ᠪᠠᠨ ᠬᠠᠯᠳᠦ ᠰᠢᠬᠦᠷᠡᠨ ᠠᠪᠴᠦ᠄ ︽ᠬᠠᠶᠢᠷ᠎ᠠ ᠰᠠᠨᠠᠯ ᠢ ᠮᠡᠳᠡᠬᠦ ᠦᠭᠡᠢ ᠬᠠᠳᠠ ᠴᠢᠯᠠᠭᠤ ᠰᠢᠭ᠋ ᠴᠢᠮᠠᠢᠢ ᠬᠠᠷᠪᠤᠭᠠᠳ ᠠᠯᠠᠴᠢᠬᠠᠶ᠎ᠠ︾ ᠬᠡᠮᠡᠨ ᠬᠡᠷ᠎ᠡ ᠤᠨ ᠭᠠᠳᠠᠨ᠎ᠠ ᠭᠠᠷᠴᠦ ᠤᠮᠠᠷᠠᠰᠢ ᠪᠠᠷᠠᠯᠠᠪᠠ᠃ ᠬᠡᠰᠡᠷ ᠪᠤᠭᠳᠠ ᠶᠢᠨ ᠪᠢᠯᠢᠭ ᠤᠨ ᠬᠡᠬᠡᠷ ᠵᠡᠪᠡ ᠬᠠᠷᠪᠤᠭᠰᠠᠨ ᠰᠢᠭ᠋ ᠵᠢᠷᠢᠢᠵᠦ᠂ ᠭᠠᠭ᠋ᠠᠶᠢᠳᠦ ᠶᠢᠨ ᠠᠭᠤᠯᠠ ᠶᠢ ᠲᠠᠪᠠᠵᠦ ᠭᠠᠷᠬᠤ ᠶᠢᠨ ᠵᠠᠪᠳᠤᠭᠤ᠂ ᠮᠠᠯᠠᠭᠠᠢ ᠶᠢᠨ ᠵᠢᠯᠠᠭ᠎ᠠ ᠨᠢ ᠤᠯᠠᠪᠰᠬᠢᠨ ᠬᠠᠷᠠᠭᠳᠠᠬᠤ ᠲᠡᠷᠡ ᠵᠠᠭᠤᠷ᠎ᠠ᠂ ᠠᠵᠦ ᠭᠤᠸ᠎ᠠ ᠬᠠᠳᠤᠨ ᠠᠯᠳᠠᠨ ᠰᠤᠮᠤ ᠪᠠᠨ ᠬᠠᠷᠪᠤᠭᠰᠠᠨ  ᠳᠤ ᠰᠢᠵᠢᠷ ᠠᠯᠳᠠᠨ ᠬᠡᠷᠡᠯ ᠰᠢᠭᠤᠳ ᠤᠮᠠᠷᠠᠰᠢ ᠰᠠᠴᠤᠷᠠᠵᠦ᠂ ᠲᠦᠷᠪᠡᠨ ᠵᠠᠭᠤ ᠲᠦᠴᠢᠨ ᠭᠠᠵᠠᠷ ᠤᠨ ᠠᠯᠤᠰ ᠲᠤ ᠪᠠᠶᠢᠬᠤ ᠭᠠᠭ᠋ᠠᠶᠢᠳᠦ ᠶᠢᠨ ᠠᠭᠤᠯᠠᠨ ᠤ ᠤᠷᠤᠢ ᠳᠠᠬᠢ ᠬᠠᠭᠠᠯᠠᠭ᠎ᠠ ᠬᠠᠳᠠ ︵ᠲᠡᠭᠷᠢ ᠶᠢᠨ ᠬᠠᠭᠠᠯᠭ᠎ᠠ ᠶᠢ ᠲᠡᠰ ᠨᠢᠰ ᠲᠠᠷᠤᠭᠰᠠᠨ ᠮᠠᠳᠦ ᠲᠦᠷᠪᠡᠯᠵᠢᠨ ᠪᠢᠳᠡᠬᠦᠦ ᠬᠠᠳᠠ︶ ᠶᠢ ᠰᠢᠪᠳᠦ ᠬᠠᠷᠪᠤᠵᠦ᠂ ᠬᠡᠰᠡᠷ ᠤᠨ ᠮᠠᠯᠠᠭᠠᠢ ᠨᠢ ᠤᠨᠤᠭᠳᠠᠵᠦ ᠴᠠᠶᠢᠳᠠᠮ ᠤᠨ ᠵᠢᠯᠠᠭ᠎ᠠ ︵ᠤᠳᠦ ᠶᠢᠨ ᠵᠠᠷᠤᠳ ᠬᠤᠰᠢᠭᠤᠨ ᠤ ᠮᠤᠳᠦ ᠰᠤᠮᠤ ᠶᠢᠨ ᠮᠠᠯᠠᠭᠠᠢ ᠶᠢᠨ ᠠᠶᠢᠯ ᠤᠨ ᠰᠠᠭᠤᠵᠦ ᠪᠠᠶᠢᠭ᠎ᠠ ᠵᠢᠯᠠᠭ᠎ᠠ︶ ᠳᠤ ᠤᠨᠠᠭᠰᠠᠨ ᠲᠤᠯᠠ ︽ᠮᠠᠯᠠᠭᠠᠢ ᠶᠢᠨ ᠵᠢᠯᠠᠭ᠎ᠠ︾ ᠬᠡᠮᠡᠨ ᠨᠡᠷᠡᠶᠢᠳᠦᠭᠳᠡᠪᠡ᠃ ᠬᠠᠳᠠ  ᠶᠢ ᠰᠢᠪᠳᠤᠯᠤᠭᠰᠠᠨ ᠬᠤᠪᠢᠯᠭᠠᠨ ᠰᠤᠮᠤ ᠬᠠᠷ᠎ᠠ ᠤᠷᠤᠢ ︵ᠡᠳᠦᠭᠡ ᠶᠢᠨ ᠵᠠᠷᠤᠳ ᠬᠤᠰᠢᠭᠤᠨ ᠤ ᠮᠤᠳᠤ ᠰᠤᠮᠤ ᠶᠢᠨ ᠤᠨᠢ ᠶᠢᠨ ᠠᠭᠤᠯᠠ ᠶᠢᠨ ᠠᠶᠢᠯ᠂ ᠬᠢᠳᠠᠳ ᠢᠶᠠᠷ ᠢᠶᠠᠨ ᠾᠦᠸᠧ ᠶᠠ ᠱᠠᠨ ᠠᠭᠤᠯᠠ︶ ᠶᠢ ᠰᠡᠳᠡ ᠬᠠᠷᠪᠤᠵᠦ ᠤᠨᠢ ᠭᠠᠷᠭᠠᠭᠰᠠᠨ ᠲᠤᠯᠠ ᠤᠨᠢ ᠶᠢᠨ ᠠᠭᠤᠯᠠ ᠬᠡᠮᠡᠨ ᠨᠡᠷᠡᠯᠡᠭᠳᠡᠵᠦ᠂ ᠵᠡᠪᠡ ᠨᠢ ᠵᠠᠳᠠᠭᠠᠢ ᠵᠢᠯᠠᠭ᠎ᠠ ︵ᠡᠳᠦᠬᠡ ᠶᠢᠨ ᠵᠠᠷᠤᠳ ᠬᠤᠰᠢᠭᠤᠨ ᠤ ᠭᠠᠭ᠋ᠠᠶᠢᠳᠦ ᠪᠠᠯᠭᠠᠰᠤᠨ ᠤ ᠵᠡᠪᠡᠳᠦ ᠶᠢᠨ ᠠᠶᠢᠯ ᠤᠨ ᠰᠠᠭᠤᠭ᠎ᠠ ᠵᠢᠯᠠᠭ᠎ᠠ︶ ᠳᠤ ᠤᠨᠠᠭᠰᠠᠨ ᠲᠤᠯᠠ ᠵᠡᠪᠡᠳᠦ ᠶᠢᠨ ᠵᠢᠯᠠᠭ᠎ᠠ ᠬᠡᠮᠡᠨ ᠨᠡᠷᠡᠯᠡᠭᠳᠡᠪᠡ᠃ ᠬᠡᠰᠡᠷ ᠪᠤᠭᠳᠠ ᠠᠯᠳᠠᠨ ᠮᠠᠯᠠᠭᠠᠢ ᠪᠠᠨ ᠠᠯᠳᠠᠭᠰᠠᠨ ᠪᠤᠯᠪᠠᠴᠦ ᠠᠮᠢ ᠭᠤᠤᠯ ᠨᠢ ᠮᠤᠯᠳᠤᠷᠠᠬᠤ ᠶᠢᠨ ᠲᠡᠷᠡ ᠲᠠᠰᠢᠷᠠᠮ ᠳᠤ᠂ ᠰᠢᠪᠳᠦ ᠬᠠᠷᠪᠤᠭᠳᠠᠭᠰᠠᠨ ᠬᠠᠳᠠᠨ ᠨᠦᠬᠡᠨ ᠤ ᠤᠷᠤᠮ ᠪᠤᠯᠤᠨ ᠡᠮᠦᠨ᠎ᠡ ᠵᠦᠭ ᠠᠴᠠ ᠰᠠᠴᠤᠷᠠᠭᠰᠠᠨ ᠠᠯᠳᠠᠨ ᠬᠡᠷᠡᠯ ᠤᠨ ᠰᠤᠯᠢᠷ ᠢᠶᠠᠷ ᠨᠢ ᠠᠵᠦ ᠬᠠᠳᠤᠨ ᠤ ᠬᠤᠪᠢᠯᠭᠠᠨ ᠰᠤᠮᠤ ᠪᠠᠷ  ᠢᠶᠠᠨ ᠬᠠᠷᠪᠤᠭᠰᠠᠨ ᠢ ᠮᠡᠳᠡᠵᠦ᠂ ᠠᠶᠤᠵᠦ ᠪᠠᠯᠢᠳᠠᠬᠤ ᠬᠤᠤᠰᠯᠠᠵᠦ᠂ ᠠᠮᠢ ᠲᠠᠢ ᠦᠯᠡᠳᠡᠭᠰᠡᠨ ᠳᠡᠭᠡᠨ ᠪᠠᠶᠠᠷᠯᠠᠵᠦ᠄ ︽ᠠᠳᠠᠭᠠᠳᠠᠨ ᠪᠢᠰᠢ ᠰᠢᠦ ᠲᠡᠷᠡ ᠮᠢᠨᠢ᠂ ᠠᠮᠠᠷᠠᠭ ᠪᠠᠶᠢᠨ᠎ᠠ ᠳ᠋ᠠ ᠲᠡᠷᠡ ᠮᠢᠨᠢ᠂ ᠵᠠᠨᠤᠯ ᠪᠢᠰᠢ ᠰᠢᠦ ᠲᠡᠷᠡ ᠨᠢ᠂ ᠰᠠᠨᠠᠯ ᠪᠠᠶᠢᠨ᠎ᠠ ᠳ᠋ᠠ ᠬᠠᠷᠢᠨ ᠡ︕︾ ᠬᠡᠳ ᠬᠠᠳᠠᠨ ᠤ ᠨᠦᠬᠡᠨ ᠤ ᠠᠷᠦ ᠠᠴᠠ ᠨᠢ ᠡᠮᠦᠨᠡᠰᠢ ᠰᠢᠷᠭᠤᠨ ᠭᠠᠷᠴᠦ ︵ᠬᠠᠳᠠᠨ ᠨᠦᠬᠡ ᠦᠷᠬᠡᠨ ᠢᠶᠠᠷ ᠢᠶᠠᠨ ᠨᠠᠢᠮᠠᠨ ᠲᠤᠬᠤᠢ᠂ ᠦᠨᠳᠦᠷ ᠢᠶᠠᠷ ᠢᠶᠠᠨ ᠲᠦᠷᠪᠡᠨ ᠲᠤᠬᠤᠢ︶ ᠬᠠᠭᠠᠯᠭ᠎ᠠ ᠶᠢᠨ ᠲᠠᠪᠴᠠᠩ ︵ᠲᠡᠭᠷᠢ ᠶᠢᠨ ᠬᠠᠭᠠᠯᠭ᠎ᠠ ᠶᠢᠨ ᠲᠠᠪᠴᠠᠩ᠂ ᠠᠯᠳᠠᠨ ᠰᠢᠷᠭᠤᠭᠤᠯ ᠤᠨ ᠶᠠᠭ ᠡᠮᠦᠨ᠎ᠡ ᠲᠤᠤᠷ᠎ᠠ ᠨᠢ ᠪᠠᠶᠢᠭ᠎ᠠ ᠲᠡᠭᠰᠢ ᠬᠦᠯᠢᠭᠡᠷ ᠬᠠᠳᠠᠨ ᠲᠠᠪᠴᠠᠩ᠂ ᠬᠤᠵᠢᠮ ᠤᠨ ᠬᠦᠮᠦᠰ ᠬᠡᠰᠡᠷ ᠤᠨ ᠲᠠᠪᠴᠠᠩ ᠬᠡᠵᠦ ᠨᠡᠷᠡᠯᠡᠵᠡᠢ︶ ᠲᠡᠭᠡᠷ᠎ᠡ ᠵᠤᠭᠰᠤᠵᠦ ᠬᠠᠳᠤᠨ ᠢᠶᠠᠨ ᠪᠠᠷᠠᠯᠠᠵᠦ ᠦᠵᠡᠪᠡ ᠬᠡᠨ᠎ᠡ᠃ ᠰᠢᠷᠭᠤᠭᠤᠯ ᠤᠨ ᠠᠭᠤᠯᠠ ᠲᠤᠭᠤᠯᠵᠢᠨ ᠠᠭᠤᠯᠠ ᠠᠴᠠ ᠠᠰ ᠬᠤᠶᠢᠰᠢ ᠲᠦᠷᠪᠡᠨ ᠵᠠᠭᠤ ᠲᠦᠴᠢᠨ ᠭᠠᠵᠠᠷ ᠬᠤᠯᠠ ᠪᠠᠶᠢᠳᠠᠭ ᠪᠦᠭᠡᠳ ᠲᠤᠩᠭᠠᠯᠠᠭ ᠰᠠᠶᠢᠬᠠᠨ ᠡᠳᠦᠷ ᠡᠨᠡ ᠠᠭᠤᠯᠠ ᠶᠢᠨ ᠤᠷᠤᠢ ᠠᠴᠠ ᠡᠮᠦᠨᠡᠰᠢ ᠪᠠᠷᠠᠯᠠᠪᠠᠯ ᠲᠤᠭᠤᠯᠵᠢᠨ ᠠᠭᠤᠯᠠ ᠲᠤᠪ ᠲᠤᠳᠤᠬᠠᠨ ᠦᠵᠡᠭᠳᠡᠬᠦ ᠶᠤᠮ ᠬᠡᠨ᠎ᠡ᠃ ᠲᠡᠭᠡᠭᠡᠳ ᠬᠠᠷᠠᠳᠠᠢ ᠪᠤᠯᠪᠠᠴᠦ ᠬᠠᠶᠢᠷ᠎ᠠ ᠰᠡᠳᠬᠢᠯ ᠲᠠᠢ ᠬᠠᠳᠤᠨ ᠢᠶᠠᠨ ᠬᠠᠪᠳᠠᠭᠠᠢ ᠴᠡᠭᠡᠵᠢᠨ ᠳᠡᠭᠡᠨ ᠪᠢᠰᠢᠷᠡᠵᠦ᠂ ᠬᠠᠳᠠᠨ ᠤ ᠨᠦᠬᠡ ᠶᠢ ᠭᠠᠶᠢᠬᠠᠭᠠᠳ᠄ ︽ᠠᠯᠳᠠᠨ ᠠᠮᠢ ᠶᠢ ᠠᠪᠤᠷᠠᠵᠦ᠂  ᠠᠮᠠᠷᠠᠭ ᠤᠨ ᠲᠤᠮᠤᠭ ᠢ ᠪᠦᠳᠦᠭᠡᠭᠰᠡᠨ᠂ ᠠᠮᠢᠳᠠᠨ ᠵᠢᠷᠭᠤᠭᠠᠨ ᠵᠦᠢᠯ ᠢ ᠠᠶᠤᠯ ᠵᠤᠪᠠᠯᠠᠩ ᠠᠴᠠ ᠬᠡᠳᠦᠯᠬᠡᠬᠦ ︵ᠠᠯᠳᠠᠨ ᠰᠢᠷᠭᠤᠭᠤᠯ︶︾ ᠬᠡᠮᠡᠨ ᠠᠬᠢᠨ ᠲᠠᠬᠢᠨ ᠰᠢᠷᠭᠤᠬᠤ ᠶᠢᠨ ᠬᠠᠮᠳᠦ ᠠᠮᠠᠨ ᠠᠭᠤᠷ ᠢᠶᠠᠨ ᠬᠦᠷᠭᠡᠭᠰᠡᠨ ᠠᠴᠠ ︽ᠠᠯᠳᠠᠨ ᠰᠢᠷᠭᠤᠭᠤᠯ︾ ᠬᠡᠮᠡᠨ ᠨᠡᠷᠡᠯᠡᠭᠳᠡᠪᠡ ᠬᠡᠨ᠎ᠡ᠃                                      ︽ᠵᠠᠷᠤᠳ ᠤᠨ ᠲᠤᠮᠤᠭ︾ ᠠᠴᠠ ᠰᠢᠯᠵᠢᠬᠦᠯᠪᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号