| ᠰᠢᠷᠭᠤᠭᠤᠯ ᠤᠨ ᠠᠭᠤᠯᠠᠨ ᠤ ᠬᠠᠮᠤᠭ ᠪᠠᠷᠠᠭᠤᠨᠳᠡᠬᠢ ᠤᠷᠤᠢ ᠶᠢ ᠬᠠᠮᠠᠷ ᠤᠨ ᠤᠷᠤᠢ ᠬᠡᠳᠡᠭ᠃ ᠬᠡᠰᠡᠷ | ᠪᠤᠭᠳᠠ᠂ ᠮᠠᠩᠭᠤᠰ ᠤᠨ ᠦᠬᠢᠨ ᠬᠢᠯᠪᠠᠩ ᠰᠢᠷ᠎ᠠ ᠲᠠᠢ ᠡᠳᠦᠷᠵᠢᠨ ᠰᠦᠨᠢᠵᠢᠨ ᠲᠤᠯᠤᠯᠳᠤᠵᠦ᠂ ᠬᠢᠯᠪᠠᠩ ᠰᠢᠷ᠎ᠠ ᠶᠢᠨ | ᠫᠠᠭ ᠦᠮᠡᠬᠡᠢ ᠵᠤᠩᠭᠠᠭ ᠪᠠ ᠬᠤᠷᠢᠭᠤᠯ ᠢᠶᠠᠨ ᠠᠯᠳᠠᠭᠰᠠᠨ ᠲᠤᠤᠷᠠᠳᠦ ᠭᠡᠢ ᠶᠢᠨ ᠦᠨᠦᠷ ᠲᠤᠨᠢ ᠲᠤᠯᠤᠭᠠᠢ ᠨᠢ | ᠲᠡᠨᠴᠢᠬᠦᠷᠡᠨ ᠪᠡᠶ᠎ᠡ ᠶᠢᠨ ᠴᠢᠳᠠᠯ ᠨᠢ ᠰᠤᠯᠠᠷᠠᠵᠦ᠂ ᠨᠡᠬᠡᠮᠵᠢᠯᠡᠨ ᠶᠠᠪᠤᠭᠰᠠᠭᠠᠷ ᠨᠢᠭᠡᠨ ᠡᠳᠦᠷ ᠡᠨᠡ ᠤᠷᠤᠢ ᠳᠤ ᠭᠠᠷᠬᠤ | ᠳᠤ ᠪᠠᠷᠠᠭᠤᠨ ᠬᠤᠶᠢᠨ᠎ᠠ ᠠᠴᠠ ᠰᠡᠷᠢᠬᠦᠨ ᠰᠠᠯᠬᠢ ᠰᠡᠷᠴᠢᠬᠢᠨᠡᠨ ᠡᠪᠡᠰᠦ ᠤᠰᠤᠨ ᠤ ᠠᠩᠬᠢᠯᠤᠮ᠎ᠠ ᠦᠨᠦᠷ ᠰᠡᠩᠬᠢᠨᠡᠬᠦ | ᠳᠤ ᠬᠡᠰᠡᠷ ᠪᠤᠭᠳᠠ ᠴᠡᠪᠡᠷ ᠠᠭᠠᠷ ᠢ ᠴᠡᠭᠡᠵᠢ ᠲᠦᠭᠦᠷᠡᠩ ᠠᠮᠢᠰᠬᠤᠵᠦ᠂ ᠴᠡᠴᠡᠭ ᠡᠪᠡᠰᠦ ᠶᠢ ᠲᠡᠭᠦᠵᠦ ᠠᠪᠤᠭᠠᠳ | ᠦᠨᠦᠷᠯᠡᠭᠰᠡᠨ ᠳᠤ ᠮᠠᠰᠢ ᠲᠦᠷᠬᠡᠨ ᠢᠶᠠᠷ ᠲᠠᠷᠢᠬᠢ ᠲᠤᠯᠤᠭᠠᠢ ᠨᠢ ᠰᠡᠷᠬᠦᠵᠦ᠂ ᠪᠡᠶ᠎ᠡ ᠲᠠᠮᠢᠷ ᠨᠢ ᠲᠡᠭᠵᠢᠭᠡᠳ ᠬᠠᠮᠠᠷ | ᠤᠨ ᠰᠡᠷᠡᠯ ᠨᠢ ᠮᠢᠩᠭᠠᠨ ᠭᠠᠵᠠᠷ ᠤᠨ ᠰᠠᠶᠢᠨ ᠮᠠᠭᠤ ᠦᠨᠦᠷ ᠢ ᠦᠨᠦᠷᠯᠡᠵᠦ ᠢᠯᠭᠠᠬᠤ ᠪᠤᠯᠤᠭᠰᠠᠨ ᠲᠤᠯᠠ ᠬᠢᠯᠪᠠᠩ | ᠰᠢᠷ᠎ᠠ ᠬᠡᠷᠬᠢᠨ ᠭᠠᠵᠢᠭᠤ ᠤᠪᠢᠳᠠᠰ ᠢ ᠭᠠᠷᠭᠠᠭᠰᠠᠨ ᠴᠦ ᠠᠨᠳᠠᠯ ᠦᠭᠡᠢ ᠨᠡᠬᠡᠮᠵᠢᠯᠡᠵᠦ ᠰᠦᠨᠦᠬᠡᠪᠡ ᠬᠡᠨ᠎ᠡ᠃ | ᠲᠡᠭᠡᠭᠡᠳ ᠬᠤᠵᠢᠮ ᠤᠨ ᠬᠦᠮᠦᠰ ᠡᠨᠡ ᠬᠦ ᠤᠷᠤᠢ ᠶᠢ ︽ᠬᠠᠮᠠᠷ ᠤᠨ ᠤᠷᠤᠢ︾ ᠬᠡᠵᠦ ᠨᠡᠷᠡᠯᠡᠭᠰᠡᠨ ᠠᠴᠠ ᠡᠨᠡ | ᠤᠷᠤᠢ ᠨᠢ ᠰᠢᠷᠭᠤᠭᠤᠯ ᠠᠭᠤᠯᠠᠨ ᠤ ᠨᠢᠭᠡᠨ ᠴᠢᠬᠤᠯᠠ ᠪᠦᠷᠢᠯᠳᠦᠬᠦᠨ ᠪᠤᠯᠵᠠᠢ᠃ ᠦᠢ ᠤᠯᠠᠨ ᠰᠢᠷᠭᠤᠭᠴᠢᠳ | ᠰᠢᠷᠭᠤᠭᠤᠯ ᠳᠤ ᠰᠢᠷᠭᠤᠬᠤ ᠳᠠᠭᠠᠨ ᠡᠨᠡ ᠬᠦ ᠤᠷᠤᠢ ᠨᠢ ᠡᠷᠬᠡᠪᠰᠢ ᠤᠴᠢᠵᠦ ᠰᠦᠰᠦᠭᠯᠡᠵᠦ ᠲᠠᠭᠠᠳᠬᠠᠬᠤ ᠭᠠᠵᠠᠷ | ᠪᠤᠯᠤᠭᠰᠠᠨ ᠪᠦᠭᠡᠳ ᠤᠨᠴᠠᠭᠠᠶᠢᠯᠠᠨ ᠡᠯᠳᠡᠪ ᠵᠦᠢᠯ ᠤᠨ ᠬᠠᠮᠠᠷ ᠤᠨ ᠡᠪᠡᠳᠴᠢᠳᠡᠨ ᠡᠨᠡ ᠤᠷᠤᠢ ᠳᠤ ᠭᠠᠷᠴᠦ ᠰᠢᠨ᠎ᠡ | ᠰᠤᠷᠭᠤᠭ ᠠᠭᠤᠷ ᠠᠮᠢᠰᠬᠤᠯ ᠢ ᠠᠮᠢᠰᠬᠤᠨ᠂ ᠡᠪᠡᠰᠦ᠂ ᠴᠡᠴᠡᠭ᠂ ᠰᠢᠷᠤᠢ᠂ ᠴᠢᠯᠠᠭᠤ ᠶᠢ ᠨᠢ ᠲᠡᠭᠦᠵᠦ ᠦᠨᠦᠷᠯᠡᠬᠦ | ᠪᠤᠶᠤ ᠬᠠᠮᠠᠷ ᠲᠠᠭᠠᠨ ᠬᠢᠵᠦ ᠡᠪᠡᠳᠴᠢᠨ ᠢᠶᠠᠨ ᠠᠷᠢᠯᠭᠠᠬᠤ ᠶᠢᠨ ᠲᠠᠭᠠᠤ ᠭᠡᠷ ᠨᠤᠳᠤᠭ ᠲᠠᠭᠠᠨ ᠪᠠᠶᠢᠬᠤ ᠡᠪᠡᠳᠴᠢᠳᠡᠨ | ᠳᠡᠭᠡᠨ ᠴᠦ ᠠᠪᠠᠴᠢᠵᠦ ᠦᠭᠳᠡᠭ᠃ ᠲᠡᠶᠢᠮᠦ ᠠᠴᠠ ᠤᠨ ᠤᠳᠠᠭᠠᠨ ᠳᠠᠭᠠᠨ ᠡᠨᠡ ᠤᠷᠤᠢ ᠶᠢᠨ ᠡᠪᠡᠰᠦ ᠮᠤᠳᠦ | ᠵᠤᠯᠭᠠᠷᠠᠨ ᠬᠠᠯᠴᠠᠭᠠᠶᠢᠷᠠᠵᠦ ᠴᠢᠯᠠᠭᠤ ᠰᠢᠷᠤᠢ ᠨᠢ ᠡᠯᠡᠭᠳᠡᠨ ᠪᠠᠷᠠᠭᠳᠠᠭᠰᠠᠭᠠᠷ ᠡᠳᠦᠭᠡ ᠨᠢᠭᠡᠨᠳᠡ ᠡᠩᠬᠦᠯ ᠬᠤᠩᠬᠤᠯ | ᠬᠤᠵᠢᠬᠢᠷ ᠤᠷᠤᠢ ᠪᠤᠯᠵᠠᠢ᠃ | ︽ᠵᠠᠷᠤᠳ ᠤᠨ ᠲᠤᠮᠤᠭ︾ ᠠᠴᠠ ᠰᠢᠯᠵᠢᠬᠦᠯᠪᠡ |