| ᠠᠯᠳᠠᠨ ᠰᠢᠷᠭᠤᠭᠤᠯ ᠠᠭᠤᠯᠠᠨ ᠳᠠᠬᠢ ᠲᠤᠯᠤᠭᠠᠢ ᠶᠢᠨ ᠰᠢᠷᠭᠤᠭᠤᠯ ᠠᠴᠠ ᠵᠡᠬᠦᠨᠰᠢ 5 ᠮᠧᠲᠷ ᠵᠠᠶᠢᠳᠠᠢ | ᠬᠠᠳᠠᠨ ᠴᠤᠩᠬᠢᠶᠠᠯ ᠳᠤᠷ ᠨᠢᠭᠡᠨ ᠬᠠᠪᠳᠠᠭᠠᠢ ᠵᠢᠵᠢᠭ ᠠᠭᠤᠢ ᠪᠠᠶᠢᠳᠠᠭ᠃ ᠲᠡᠬᠦᠨ ᠢ ︽ᠴᠢᠬᠢᠨ ᠰᠢᠷᠭᠤᠭᠤᠯ︾ | ᠬᠡᠳᠡᠭ᠃ ᠬᠡᠰᠡᠷ ᠪᠤᠭᠳᠠ ᠰᠠᠯᠬᠢ ᠰᠦᠷᠦᠨ ᠲᠦᠷᠪᠡᠨ ᠵᠠᠭᠤ ᠭᠠᠷᠤᠢ ᠭᠠᠵᠠᠷ ᠲᠤᠪᠳᠤᠯᠵᠦ ᠶᠠᠳᠠᠷᠠᠵᠦ ᠵᠦᠳᠡᠷᠡᠬᠦ ᠶᠢᠨ | ᠲᠡᠭᠡᠷ᠎ᠡ ᠠᠵᠦ ᠮᠡᠷᠬᠡᠨ ᠬᠠᠳᠤᠨ ᠤ ᠬᠠᠷᠪᠤᠭᠰᠠᠨ ᠠᠯᠳᠠᠨ ᠰᠤᠮᠤ ᠶᠢᠨ ᠱᠤᠤᠬᠢᠶᠠᠨ ᠳᠤ᠂ ᠬᠠᠳᠠ ᠶᠢ ᠰᠢᠪᠳᠤᠯᠤᠭᠰᠠᠨ | ᠠᠶᠤᠩᠭ᠎ᠠ ᠶᠢᠨ ᠲᠠᠭᠤᠨ ᠤ ᠲᠤᠷᠬᠢᠯᠳᠠ ᠳᠤ ᠴᠢᠬᠢᠨ ᠰᠤᠨᠤᠷ ᠨᠢ ᠲᠦᠭᠵᠢᠷᠡᠵᠦ᠂ ᠬᠤᠶᠠᠷ ᠴᠢᠬᠢ ᠨᠢ | ᠲᠦᠯᠡᠶᠢᠷᠡᠬᠡᠳ ᠬᠦᠷ ᠨᠠᠷᠬᠢᠶᠠᠨᠳᠦ ᠬᠦᠮᠦᠨ ᠤ ᠤᠷᠴᠢᠯᠠᠩ ᠲᠠᠭ ᠲᠤᠭᠤᠢ ᠪᠤᠯᠵᠠᠢ ᠬᠡᠨ᠎ᠡ᠃ ᠲᠡᠭᠡᠭᠡᠳ ᠬᠡᠰᠡᠷ | ᠪᠤᠭᠳᠠ ᠪᠠᠴᠢᠮᠳᠠᠬᠤ ᠳᠠᠭᠠᠨ ᠬᠠᠷ᠎ᠠ ᠦᠭᠡᠷ ᠤᠨ ᠪᠦᠬᠦᠯᠢ ᠠᠷᠠᠰᠦ ᠪᠠᠷ ᠬᠢᠭᠰᠡᠨ ᠬᠤᠷᠢᠨ ᠵᠢᠩ ᠤᠨ ᠭᠤᠳᠤᠯ ᠢᠶᠠᠷ | ᠢᠶᠠᠨ ᠬᠠᠵᠠᠭᠤ ᠶᠢᠨ ᠬᠠᠳᠠ ᠶᠢ ᠬᠠᠩᠬᠢᠨᠠᠳᠠᠯ᠎ᠠ ᠢᠰᠬᠦᠯᠦᠭᠰᠡᠨ ᠳᠤ ᠬᠠᠪᠳᠠᠭᠠᠢ ᠬᠡᠯᠪᠡᠷᠢᠳᠡᠢ ᠨᠢᠭᠡ ᠨᠦᠬᠡ ᠭᠠᠷᠴᠦ | ᠬᠠᠪ ᠬᠠᠯᠠᠭᠤᠬᠠᠨ ᠤᠰᠤᠨ ᠠᠭᠤᠷ ᠪᠠᠭᠠᠬᠢᠬᠤ ᠳᠤ ᠴᠢᠬᠢ ᠪᠠᠨ ᠰᠢᠷᠭᠤᠭᠤᠯᠵᠦ ᠠᠭᠤᠷ ᠢᠶᠠᠷ ᠨᠢ ᠵᠢᠩᠨᠡᠭᠰᠡᠨ ᠳᠤ | ᠲᠡᠷᠡ ᠲᠤᠤᠷ᠎ᠠ ᠨᠢ ᠴᠢᠬᠢᠨ ᠰᠤᠨᠤᠷ ᠨᠢ ᠨᠡᠭᠡᠭᠡᠳᠡᠵᠦ ᠮᠢᠩᠭᠠᠨ ᠭᠠᠵᠠᠷ ᠤᠨ ᠴᠢᠮᠡᠭᠡ ᠠᠨᠢᠷ ᠢ ᠲᠤᠪ ᠲᠤᠳᠤᠷᠬᠠᠢ | ᠰᠤᠨᠤᠰᠬᠤ ᠪᠤᠯᠵᠠᠢ ᠬᠡᠨ᠎ᠡ᠃ ᠲᠡᠬᠦᠨ ᠠᠴᠠ ᠬᠤᠶᠢᠰᠢ ᠡᠨᠡ ᠬᠦ ᠬᠠᠪᠳᠠᠭᠠᠢ ᠨᠦᠬᠡ ᠨᠢ ︽ᠴᠢᠬᠢᠨ ᠰᠢᠷᠭᠤᠭᠤᠯ︾ | ᠪᠤᠯᠵᠦ᠂ ᠠᠯᠳᠠᠨ ᠰᠢᠷᠭᠤᠭᠤᠯ ᠠᠭᠤᠯᠠᠨ ᠤ ᠪᠠᠰᠠ ᠨᠢᠭᠡ ᠭᠠᠶᠢᠬᠠᠮᠰᠢᠭ ᠪᠤᠯᠵᠦ ᠪᠦᠳᠦᠭᠰᠡᠨ ᠠᠵᠢ᠃ ᠠᠷᠠᠳ ᠤᠯᠠᠨ | ᠠᠯᠳᠠᠨ ᠰᠢᠷᠭᠤᠭᠤᠯ ᠳᠤ ᠰᠢᠷᠭᠤᠬᠤ ᠳᠤ ᠪᠠᠨ ᠡᠨᠡ ᠬᠦ ︽ᠴᠢᠬᠢᠨ ᠰᠢᠷᠭᠤᠭᠤᠯ︾ ᠳᠤ ᠴᠢᠬᠢ ᠪᠠᠨ ᠰᠢᠷᠭᠤᠭᠤᠯᠤᠨ | ᠡᠪᠡᠳᠴᠢᠳᠡᠢ ᠨᠢ ᠡᠪᠡᠳᠴᠢᠨ ᠢᠶᠠᠨ ᠠᠷᠢᠯᠭᠠᠵᠦ᠂ ᠡᠪᠡᠳᠴᠢᠨ ᠦᠭᠡᠢ ᠨᠢ ᠨᠡᠩ ᠰᠤᠷᠭᠤᠭ ᠰᠤᠨᠤᠷ ᠲᠠᠢ ᠪᠤᠯᠬᠤ ᠶᠢ | ᠲᠠᠭᠠᠳᠬᠠᠳᠠᠭ ᠪᠦᠬᠡᠳ ᠨᠦᠬᠡᠨ ᠤ ᠤᠰᠤ ᠶᠢ ᠴᠢᠬᠢᠨ ᠳᠡᠭᠡᠨ ᠲᠤᠰᠤᠭᠠᠵᠦ᠂ ᠰᠢᠪᠡᠷ ᠰᠢᠷᠤᠢ ᠪᠠᠷ ᠨᠢ ᠴᠢᠬᠢ ᠪᠠᠨ | ᠰᠢᠪᠠᠭ᠋ᠤ ᠵᠡᠷᠬᠡ ᠪᠠᠷ ᠡᠪᠡᠳᠴᠢᠨ ᠲᠠᠬᠤᠯ ᠢᠶᠠᠨ ᠠᠷᠢᠯᠭᠠᠳᠠᠭ᠃ | ︽ᠵᠠᠷᠤᠳ ᠤᠨ ᠲᠤᠮᠤᠭ︾ ᠠᠴᠠ ᠰᠢᠯᠵᠢᠬᠦᠯᠪᠡ | | |