ᠡᠮᠦᠨ᠎ᠡ ᠪᠣᠯᠠᠭᠲᠣ ᠶᠢᠨ ᠡᠷᠲᠡᠨ ᠤ ᠪᠠᠭᠤᠷᠢ ᠶᠢᠨ ᠣᠩᠭᠤᠨ ᠤ ᠰᠦᠷᠦᠭ
ᠨᠡᠶᠢᠲᠡᠯᠡᠭᠰᠡᠨ ᠴᠠᠭ᠄
2018/6/4
   ᠡᠮᠦᠨ᠎ᠡ ᠪᠣᠯᠠᠭᠳᠣ ᠭᠠᠴᠠᠭ᠎ᠠ ᠲᠦᠩᠯᠢᠶᠦᠦ ᠬᠤᠲᠠ ᠶᠢᠨ ᠵᠠᠷᠣᠣᠨ ᠬᠤᠰᠢᠭᠤᠨ ᠤ ᠯᠦᠪᠸᠢ ᠪᠠᠯᠭᠠᠰᠣ ᠠᠴᠠ ᠵᠡᠭᠦᠨ ᠡᠮᠦᠨᠡᠲᠦ ᠪᠠᠷᠤᠭ40 ᠺᠢᠯᠣᠮᠧᠲᠷ ᠵᠠᠶᠢᠲᠠᠢ᠂ ᠤᠩᠭᠤᠨ ᠤ ᠭᠠᠵᠠᠷ ᠨᠢ ᠳᠣᠯᠣᠳᠣ ᠰᠣᠮᠣ ᠶᠢᠨ ᠡᠮᠦᠨ᠎ᠡ ᠪᠣᠯᠠᠭᠳᠣ ᠭᠠᠴᠠᠭᠠᠨ ᠤ ᠬᠢᠵᠠᠭᠠᠷ ᠳᠣᠳᠣᠷ᠎ᠠ ᠪᠠᠶᠢᠷᠢᠰᠢᠯᠠᠵᠤ ᠪᠣᠢ᠂ ᠤᠶᠢᠷ᠎ᠠ ᠣᠷᠴᠢᠮ ᠤᠨ ᠭᠠᠵᠠᠷ ᠤᠨ ᠪᠠᠶᠢᠴᠠ ᠨᠢ ᠲᠣᠯᠬᠢᠶᠠᠨ ᠬᠡᠯᠪᠡᠷᠢ ᠶᠢᠨ ᠬᠠᠭᠠᠰ ᠡᠯᠡᠰᠦᠷᠭᠡᠭᠵᠢᠭᠰᠡᠨ ᠲᠠᠯ᠎ᠠ ᠭᠠᠵᠠᠷ ᠤᠨ ᠦᠵᠡᠮᠵᠢᠲᠡᠢ᠂ ᠶᠡᠭᠡ ᠬᠢᠩᠭᠠᠨ ᠳᠠᠪᠠᠭᠠᠨ ᠤ ᠡᠮᠦᠨ᠎ᠡ ᠬᠤᠷᠮᠣᠢ ᠶᠢᠨ ᠲᠠᠯ᠎ᠠ ᠨᠤᠳᠤᠭ ᠪᠠ ᠬᠤᠷᠴᠢᠨ ᠤ ᠡᠯᠡᠰᠦᠷᠭᠡᠭ ᠭᠠᠵᠠᠷ ᠤᠨ ᠠᠭᠤᠯᠵᠠᠷ ᠬᠡᠰᠡᠭ  ᠲᠤ ᠪᠠᠶᠢᠷᠢᠰᠢᠵᠦ  ᠂ ᠠᠳᠡ ᠭᠠᠵᠠᠷ ᠥᠷᠭᠡᠨ ᠠᠭᠤᠳᠠᠮ᠂ ᠲᠡᠭᠰᠢ ᠨᠠᠯᠠᠭᠠᠷ᠂ ᠲᠡᠭᠰᠢᠳᠭᠡᠭᠰᠡᠨ ᠵᠦᠷᠢᠶ᠎ᠡ 5-8 ᠮᠧᠲᠷ ᠣᠷᠴᠢᠮ᠂ ᠣᠶᠢᠷ᠎ᠠ ᠣᠷᠴᠢᠮ ᠳᠤᠨᠢ ᠬᠠᠭᠠᠰ ᠨᠡᠭᠦᠳᠡᠯ ᠡᠯᠡᠰᠦ ᠮᠠᠩᠬ᠎ᠠ᠂ ᠣᠯᠠᠷᠢᠯ ᠤᠨ ᠴᠢᠨᠠᠷᠲᠠᠢ ᠭᠤᠣᠯ ᠣᠷᠣᠰᠬᠠᠯ᠂ ᠪᠠᠭ᠎ᠠ ᠲᠠᠯᠠᠪᠠᠢ ᠲᠠᠢ ᠨᠠᠭᠤᠷ ᠪᠥᠷᠢᠲᠦ ᠪᠠ ᠬᠡᠰᠡᠭ ᠲᠠᠷᠢᠶᠠᠨ ᠭᠠᠵᠠᠷ ᠪᠠᠶᠢᠭᠰᠠᠨ ᠢ ᠣᠯᠵᠤ ᠦᠵᠡᠨ᠎ᠡ᠂ ᠲᠡᠭᠦᠨ ᠤ ᠵᠡᠭᠦᠨ ᠡᠮᠦᠨ᠎ᠡ ᠨᠢ ᠰᠢᠨ ᠺᠠᠢ ᠾᠧ ᠭᠤᠣᠯ ᠠᠴᠠ50 ᠺᠢᠯᠦᠮᠧᠲᠷ ᠵᠠᠶᠢᠲᠠᠢ᠃ ᠲᠣᠰ ᠪᠠᠭᠤᠷᠢ ᠶᠢᠨ ᠬᠤᠶᠢᠲᠦ ᠲᠠᠯ᠎ᠠ ᠶᠢᠨ ᠠᠯᠢᠪᠠ ᠤᠰᠤᠨ ᠰᠢᠰᠲ᠋ᠧᠮ ᠨᠢ ᠪᠦᠬᠦᠨ ᠢᠶᠠᠷ ᠢᠶᠠᠨ ᠰᠣᠩᠭᠠᠷᠢ ᠮᠦᠷᠡᠨ ᠳᠤ ᠣᠷᠣᠵᠣ᠂ ᠡᠮᠦᠨ᠎ᠡ ᠲᠠᠯ᠎ᠠ ᠶᠢᠨ ᠠᠯᠢᠪᠠ ᠣᠰᠣᠨ ᠰᠢᠰᠲ᠋ᠧᠮ ᠨᠢ ᠴᠦᠮ ᠯᠢᠶᠦᠦ ᠾᠧ ᠭᠤᠣᠯ ᠳᠤ ᠣᠷᠣᠨ᠎ᠠ᠃ ᠪᠠᠭᠤᠷᠢ ᠶᠢᠨ ᠣᠩᠭᠤᠨ ᠤ ᠭᠠᠵᠠᠷ ᠨᠢ ᠰᠣᠩᠭᠠᠷᠢ ᠯᠢᠶᠦᠦ ᠾᠧ ᠭᠤᠣᠯ ᠤᠨ ᠵᠠᠭᠠᠭ᠂ ᠬᠤᠶᠢᠲᠣ ᠲᠠᠯ᠎ᠠ ᠪᠠᠷ ᠢᠶᠠᠨ ᠶᠡᠭᠡ ᠬᠢᠩᠭᠠᠨ ᠳᠠᠪᠠᠭ᠎ᠠ ᠶᠢ ᠣᠨᠣᠵᠣ᠂ ᠡᠮᠦᠨ᠎ᠡ ᠲᠠᠯ᠎ᠠ ᠪᠠᠷ ᠢᠶᠠᠨ ᠬᠤᠷᠴᠢᠨ ᠤ ᠡᠯᠡᠰᠦᠷᠬᠡᠭ ᠭᠠᠵᠠᠷ ᠪᠠ ᠯᠢᠶᠦᠦ ᠾᠧ ᠭᠤᠣᠯ ᠤᠨ ᠳᠣᠣᠷᠠᠲᠣ ᠣᠷᠣᠰᠬᠠᠯ ᠢ ᠪᠠᠷᠠᠯᠠᠵᠤ᠂ ᠪᠠᠷᠠᠭᠤᠨ ᠲᠠᠯ᠎ᠠ ᠪᠠᠷ ᠢᠶᠠᠨ ᠰᠢᠷᠠᠮᠦ᠋ᠷᠡᠨ ᠭᠤᠣᠯ ᠤᠨ ᠣᠷᠣᠰᠬᠠᠯ ᠲᠠᠢ ᠵᠠᠯᠭᠠᠯᠳᠣᠵᠣ᠂ ᠵᠡᠭᠦᠨ ᠲᠠᠯ᠎ᠠ ᠪᠠᠷ ᠢᠶᠠᠨ ᠰᠣᠩᠭᠠᠷᠢ ᠮᠦᠷᠡᠨ ᠨᠤᠨ ᠮᠦᠷᠡᠨ ᠤ ᠲᠠᠯ᠎ᠠ ᠭᠠᠵᠠᠷ ᠢᠶᠠᠷ ᠲᠦᠰᠢᠭ ᠪᠣᠯᠭᠠᠵᠤ᠂ ᠵᠡᠭᠦᠨ ᠬᠤᠶᠢᠲᠣ ᠶᠢᠨ ᠭᠠᠵᠠᠷ ᠣᠷᠣᠨ ᠤ ᠰᠢᠨ᠎ᠡ ᠴᠢᠯᠠᠭᠤᠨ ᠪᠠᠭᠠᠵᠢ ᠶᠢᠨ ᠦᠶ᠎ᠡ ᠶᠢᠨ ᠣᠯᠠᠨ ᠵᠦᠢᠯ ᠤᠨ ᠪᠠᠯᠠᠷ ᠡᠷᠲᠡᠨ ᠤ ᠰᠤᠶᠣᠯ ᠬᠠᠷᠢᠯᠴᠠᠨ ᠬᠠᠷᠰᠢᠯᠳᠣᠵᠣ ᠮᠦᠷᠭᠦᠯᠳᠦᠭᠰᠡᠨ ᠴᠢᠬᠤᠯᠠ ᠭᠠᠵᠠᠷ ᠣᠷᠣᠨ ᠪᠣᠯᠣᠨ᠎ᠠ᠃2006 ∣2008 ᠣᠨ ᠪᠣᠯᠲᠠᠯ᠎ᠠ᠂ ᠦᠪᠦᠷ ᠮᠣᠩᠭᠤᠯ ᠤᠨ ᠬᠠᠭᠤᠴᠢ ᠰᠤᠳᠣᠯᠭᠠᠨ ᠤ ᠭᠠᠵᠠᠷ ᠪᠠ ᠲᠣᠰ ᠭᠠᠵᠠᠷ ᠤᠨ ᠲᠡᠦᠬᠡ ᠶᠢᠨ ᠳᠣᠷᠠᠰᠬᠠᠯᠲᠣ ᠵᠦᠢᠯ ᠤᠨ ᠬᠠᠮᠢᠶᠠᠷᠣᠯᠲᠠ ᠶᠢᠨ ᠰᠠᠯᠠᠭ᠎ᠠ ᠮᠦᠴᠢᠷ ᠲᠠᠢ ᠬᠠᠮᠲᠣᠷᠠᠨ᠂ ᠲᠣᠰ ᠪᠠᠭᠤᠷᠢ ᠪᠠ ᠣᠩᠭᠤᠨ ᠤ ᠭᠠᠵᠠᠷ ᠢ ᠭᠤᠷᠪᠠᠨ ᠣᠳᠠᠭᠠᠨ ᠤ ᠠᠪᠣᠷᠠᠯᠲᠠ ᠶᠢᠨ ᠴᠢᠨᠠᠷ ᠲᠠᠢ ᠴᠡᠪᠡᠷᠯᠡᠨ ᠠᠭᠤᠳᠠᠯᠠᠪᠠ᠃ ᠭᠤᠷᠪᠠᠨ ᠵᠢᠯ ᠳᠤ ᠨᠡᠶᠢᠲᠡ1.5 ᠲᠦᠮᠡᠨ ᠲᠡᠭᠰᠢ ᠳᠦᠷᠪᠡᠯᠵᠢᠨ ᠮᠧᠲᠷ ᠰᠢᠷᠦᠢ ᠮᠠᠯᠲᠠᠨ ᠢᠷᠠᠵᠤ᠂395 ᠰᠠᠭᠤᠷᠢ ᠣᠩᠭᠤᠨ᠂9 ᠰᠠᠭᠤᠷᠢ ᠭᠡᠷ ᠤᠨ ᠪᠠᠭᠤᠷᠢ᠂ 40 ᠭᠠᠷᠣᠢ ᠰᠠᠭᠤᠷᠢ ᠦᠨᠡᠰᠦᠨ ᠨᠦᠬᠡ ᠴᠡᠪᠡᠷᠯᠡᠨ ᠭᠠᠷᠭᠠᠵᠤ  ᠂ ᠸᠠᠭᠠᠷ ᠰᠠᠪᠠ᠂ ᠶᠠᠰᠣᠨ ᠵᠢᠳᠠ ᠵᠡᠷᠭᠡ1800 ᠭᠠᠷᠣᠢ ᠵᠦᠢᠯ ᠮᠠᠯᠲᠠᠨ ᠭᠠᠷᠭᠠᠪᠠ᠃ ᠪᠠᠭᠤᠷᠢ ᠶᠢᠨ ᠣᠩᠭᠤᠨ ᠤ ᠭᠠᠵᠠᠷ ᠢ ABCD ᠳᠦᠷᠪᠡᠨ ᠬᠡᠰᠡᠭ ᠭᠠᠵᠠᠷ ᠬᠤᠪᠢᠶᠠᠵᠣ᠂ ᠲᠣᠰ ᠪᠦᠷᠢ ᠡᠮᠦᠨ᠎ᠡ ᠪᠣᠯᠠᠭᠲᠣ ᠲᠤᠰᠬᠤᠨ ᠤ ᠪᠠᠷᠠᠭᠤᠨ ᠳᠠᠬᠢ ᠦᠨᠳᠦᠷ ᠭᠠᠵᠠᠷ ᠲᠤ ᠪᠠᠶᠢᠵᠣ᠂ ᠵᠡᠭᠦᠨ ᠬᠤᠶᠢᠰᠢ᠂ ᠪᠠᠷᠠᠭᠤᠨ ᠡᠮᠦᠨᠡᠰᠢ ᠴᠢᠭᠯᠡᠯ ᠢᠶᠠᠷ ᠲᠠᠷᠬᠠᠭᠠᠵᠣ᠂ ᠡᠯ᠎ᠡ ᠬᠡᠰᠡᠭ ᠭᠠᠵᠠᠷ ᠤᠨ ᠬᠤᠭᠤᠷᠣᠨᠳᠣ ᠪᠠᠨ300-800 ᠮᠧᠲᠷ ᠵᠠᠶᠢᠲᠠᠢ ᠡᠭᠦᠨ ᠳᠤABC ᠭᠤᠷᠪᠠᠨ ᠭᠠᠵᠠᠷ ᠨᠢ ᠤᠩᠭᠤᠨ ᠤ ᠭᠠᠵᠠᠷ᠂D ᠨᠢ ᠪᠠᠭᠤᠷᠢ ᠪᠤᠯᠤᠨ᠎ᠠ᠃ ᠡᠮᠦᠨ᠎ᠡ ᠪᠣᠯᠠᠭᠲᠣ ᠶᠢᠨ ᠡᠨᠡᠨᠬᠦ ᠤᠯᠠᠨ ᠲᠦᠷᠦᠯ ᠤᠨ ᠰᠤᠶᠣᠯ ᠬᠠᠮᠲᠣᠪᠠᠷ ᠣᠷᠣᠰᠢᠭᠰᠠᠨ ᠤᠩᠭᠤᠨ ᠤ ᠭᠠᠵᠠᠷ ᠤᠨ ᠬᠠᠮᠤᠭ ᠠᠩᠬᠠᠷᠣᠯ ᠢ ᠲᠠᠲᠠᠭᠰᠠᠨ ᠨᠢ ᠦᠪᠦᠷ ᠮᠤᠩᠭᠤᠯ ᠤᠨ ᠵᠡᠭᠦᠨ ᠬᠡᠰᠡᠭ ᠪᠠ ᠬᠤᠶᠢᠲᠦ ᠬᠡᠰᠡᠭ ᠤᠨ ᠭᠠᠵᠠᠷ ᠣᠷᠣᠨ ᠤ ᠰᠢᠨ᠎ᠡ ᠴᠢᠯᠠᠭᠤᠨ ᠪᠠᠭᠠᠵᠢ ᠶᠢᠨ ᠦᠶ᠎ᠡ ᠶᠢᠨ ᠴᠢᠬᠤᠯᠠ ᠦᠯᠡᠳᠡᠭᠳᠡᠯ ᠢ ᠠᠩᠬ᠎ᠠ ᠢᠯᠡᠷᠡᠭᠦᠯᠪᠡ᠃ ᠰᠢᠶᠦᠦ ᠾᠧ ᠭᠤᠣᠯ ᠤᠨ ᠡᠷᠬᠢ᠂ ᠫᠢᠶᠠᠨ ᠪᠣᠤ ᠽᠢ᠂ ᠨᠤᠨ ᠮᠦᠷᠡᠨ ᠵᠡᠷᠭᠡ ᠪᠠᠷ ᠣᠷᠣᠰᠢᠵᠤ᠂ ᠵᠡᠭᠦᠨ ᠬᠤᠶᠢᠲᠣ ᠣᠷᠣᠨ ᠤ ᠬᠠᠭᠤᠴᠢ ᠰᠤᠳᠣᠯᠣᠯ ᠤᠨ ᠢᠯᠡᠷᠡᠭᠦᠯᠦᠯᠲᠡ ᠳᠤ ᠶᠡᠷᠦ ᠭᠠᠷᠣᠭᠰᠠᠨ ᠦᠭᠡᠢ ᠪᠣᠳᠠᠳᠣ ᠵᠢᠱᠢᠶ᠎ᠡ ᠪᠣᠯᠣᠨ᠎ᠠ᠃ ᠵᠡᠭᠦᠨ ᠬᠤᠶᠢᠲᠦ ᠶᠢᠨ ᠣᠯᠠᠩᠬᠢ ᠭᠠᠵᠠᠷ ᠣᠷᠣᠨ ᠨᠢ ᠰᠢᠨ᠎ᠡ ᠴᠢᠯᠠᠭᠤᠨ ᠪᠠᠭᠠᠵᠢ ᠶᠢᠨ ᠰᠡᠭᠦᠯᠴᠢ ᠶᠢᠨ ᠦᠶ᠎ᠡ ᠳᠤ ᠨᠢᠭᠡᠨᠲᠡ ᠰᠤᠶᠣᠯ ᠤᠨ ᠨᠢᠭᠲᠠ ᠰᠤᠯᠢᠯᠴᠠᠭ᠎ᠠ ᠲᠠᠢ ᠪᠣᠯᠣᠭᠰᠠᠨ ᠢ ᠳᠣᠰᠬᠠᠵᠤ ᠪᠤᠢ᠂ ᠲᠡᠭᠦᠨ ᠤ ᠰᠣᠳᠣᠯᠣᠯᠲᠠ ᠶᠢᠨ ᠦᠨᠳᠦᠷᠴᠡ ᠮᠠᠨ ᠤ ᠣᠳᠣᠬᠠᠨ ᠤ ᠲᠠᠨᠢᠯᠲᠠ ᠠᠴᠠ ᠳᠠᠪᠠᠵᠤ ᠮᠡᠳᠡᠨ᠎ᠡ᠃2013 ᠣᠨ ᠤ5 ᠰᠠᠷ᠎ᠠ ᠳᠤ ᠪᠠᠭᠤᠷᠢ ᠨᠢ ᠤᠯᠤᠰ ᠤᠨ ᠳᠣᠯᠣᠳᠣᠭᠠᠷ ᠪᠦᠯᠦᠭ ‍ᠦᠨ‌‍ᠲ᠋ᠡᠦᠬᠡ ᠶᠢᠨ ᠴᠢᠬᠤᠯᠠ ᠳᠣᠷᠠᠰᠬᠠᠯᠲᠣ ᠵᠦᠢᠯ ᠢ ᠬᠠᠮᠠᠭᠠᠯᠠᠬᠤ ᠨᠢᠭᠡᠴᠡ ᠪᠠᠷ ᠵᠢᠭᠰᠠᠭᠠᠭᠳᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号