ᠬᠤᠣᠯᠢᠨ ᠭᠤᠣᠯ ︵ᠲᠠᠪᠤ︶
ᠨᠡᠶᠢᠲᠡᠯᠡᠭᠰᠡᠨ ᠴᠠᠭ᠄
2023/10/13
    ᠡᠷᠲᠡ ᠣᠷᠢᠲᠤ ᠴᠠᠭ ᠲᠤ᠂ ᠠᠳᠡ ᠨᠢᠭᠡ ᠡᠷᠡᠮᠡᠬᠡᠢ ᠪᠠᠭᠠᠲᠤᠷ ᠲᠡᠭᠵᠢᠨ ᠴᠣᠪᠣᠭᠤ ᠵᠠᠯᠠᠭᠤ᠂ ᠤᠰᠤᠨ ᠴᠡᠩᠭᠡᠷ ᠨᠢᠲᠦ ᠲᠠᠢ ᠤᠳᠠᠨ ᠨᠡᠪᠴᠢᠨ ᠬᠦᠮᠦᠰᠭᠡ ᠲᠠᠢ ᠣᠯᠢᠶᠠᠷᠬᠠᠭ ᠬᠤᠩᠭᠤᠷ ᠬᠡᠷᠬᠡᠢ ᠲᠠᠢ ᠪᠠᠨ ᠠᠵᠤ ᠳᠦᠷᠦᠨ ᠠᠮᠢᠳᠣᠷᠠᠵᠤ ᠪᠠᠶᠢᠵᠠᠢ᠃ ᠲᠡᠷᠡ ᠦᠶ᠎ᠡ ᠳᠤ ᠮᠣᠩᠭᠤᠯ ᠤᠷᠤᠨ ᠳᠤ ᠳᠦᠷᠢᠮᠡᠬᠡᠶᠢᠯᠡᠨ ᠣᠷᠣᠵᠤ ᠢᠷᠡᠭᠰᠡᠨ ᠬᠠᠷᠢ ᠶᠢᠨ ᠲᠡᠭᠡᠷᠡᠮ ᠤᠨ ᠲᠦᠷᠦᠭᠦᠦ ᠡᠨᠡ ᠬᠦ ᠵᠠᠯᠠᠭᠤ ᠪᠦᠰᠡᠭᠦᠢ ᠶᠢᠨ ᠨᠡᠷᠡᠨ ᠰᠠᠷᠠᠨ ᠢ ᠢᠴᠢᠭᠡᠵᠦ᠂ ᠨᠠᠪᠴᠢ ᠴᠡᠴᠡᠭ ᠢ ᠭᠤᠲᠣᠭᠠᠮᠠᠷ ᠰᠠᠶᠢᠬᠠᠨ ᠵᠢᠰᠦᠨ ᠳᠤᠨᠢ ᠳᠤᠷᠠᠯᠠᠬᠤ ᠳᠠᠭᠠᠨ ᠲᠡᠭᠦᠨ ᠢ ᠲᠠᠲᠠᠪᠦᠷᠢ ᠪᠣᠯᠭᠠᠵᠤ᠂ ᠵᠠᠯᠠᠭᠠᠤ ᠡᠷ᠎ᠡ ᠶᠢ ᠨᠢ ᠪᠣᠭᠤᠯ ᠪᠣᠯᠭᠠᠬᠤ ᠪᠠᠷ ᠭᠤᠷᠢᠳᠠᠵᠠᠢ᠃ ᠲᠡᠷᠡ ᠵᠠᠯᠠᠭᠤ ᠡᠷ᠎ᠡ ᠡᠮ᠎ᠡ ᠬᠤᠶᠠᠭᠤᠯᠠ ᠬᠠᠪᠤ ᠵᠢᠷᠭᠠᠯ ᠬᠠᠶᠢᠷᠠᠲᠤ ᠨᠤᠲᠤᠭ ᠢᠶᠠᠨ ᠬᠠᠮᠠᠭᠠᠯᠠᠬᠤ ᠶᠢᠨ ᠲᠦᠯᠦᠭᠡ ᠳᠠᠶᠢᠰᠤᠨ ᠲᠠᠢ ᠨᠣᠭᠤᠷᠠᠰᠢ ᠦᠭᠡᠢ ᠲᠡᠮᠡᠴᠡᠪᠡ᠃ ᠭᠡᠪᠡᠴᠦ ᠬᠤᠶᠠᠷ ᠪᠠᠭᠠᠲᠤᠷ ᠮᠢᠨᠢ ᠡᠴᠦᠰ ᠤᠨ ᠡᠴᠦᠰ ᠲᠤ ᠳᠠᠶᠢᠰᠤᠨ ᠤ ᠬᠦᠴᠦᠷᠬᠡᠭ ᠬᠦᠴᠦᠨ ᠳᠤ ᠠᠷᠭ᠎ᠠ ᠪᠣᠰᠤ ᠦᠪᠡᠷ ᠤᠨ ᠣᠣᠭᠤᠵᠤ ᠦᠰᠦᠭᠰᠡᠨ ᠬᠤᠣᠯᠢᠨ ᠭᠤᠣᠯ ᠤᠨ ᠭᠦᠨ ᠴᠡᠭᠡᠯ ᠳᠤ ᠬᠠᠷᠠᠶᠢᠭᠰᠠᠨ ᠭᠡᠨ᠎ᠡ᠃ ᠡᠭᠦᠨ ᠳᠤ ᠯᠣᠣᠰ ᠤᠨ ᠬᠠᠭᠠᠨ ᠬᠠᠷᠢ ᠶᠢᠨ ᠳᠠᠶᠢᠰᠤᠨ ᠤ ᠨᠢᠭᠦᠯᠲᠦ ᠶᠠᠪᠣᠳᠠᠯ ᠳᠤ ᠶᠡᠬᠡᠳᠡ ᠠᠭᠤᠷᠯᠠᠵᠤ᠂ ᠴᠡᠷᠢᠭ ᠮᠣᠷᠢ ᠬᠦᠳᠡᠯᠭᠡᠨ ᠭᠠᠷᠴᠤ ᠢᠷᠡᠭᠡᠳ ᠳᠠᠶᠢᠰᠤᠨ ᠢ ᠰᠦᠨᠤᠭᠡᠵᠦ᠂ ᠦᠨᠢᠷ ᠰᠠᠶᠢᠬᠠᠨ ᠨᠤᠲᠤᠭ ᠤᠰᠤ ᠶᠢ ᠨᠢ ᠬᠠᠮᠠᠭᠠᠯᠠᠭᠰᠠᠨ ᠭᠡᠨ᠎ᠡ᠃ ᠲᠡᠭᠦᠨ ᠠᠴᠠ ᠬᠤᠶᠢᠰᠢ ᠬᠤᠣᠰ ᠬᠤᠣᠰ ᠬᠤᠨ ᠭᠠᠯᠠᠭᠤ ᠭᠤᠣᠯ ᠤᠨ ᠤᠰᠤᠨ ᠳᠤ ᠴᠢᠯᠦᠭᠡᠲᠡᠢ ᠱᠣᠮᠪᠠᠨ᠂ ᠢᠷᠠᠭᠤᠬᠠᠨ ᠢᠶᠠᠷ ᠲᠣᠩᠭᠤᠳᠬᠤ ᠪᠣᠯᠣᠭᠰᠠᠨ ᠨᠢ ᠬᠤᠶᠠᠷ ᠵᠠᠯᠠᠭᠤ ᠶᠢᠨ ᠠᠷᠣᠣᠬᠠᠨ ᠰᠦᠨᠡᠰᠦ ᠭᠤᠣᠯ ᠤᠨ ᠤᠰᠤᠨ ᠳᠤ ᠰᠢᠩᠭᠡᠭᠰᠡᠨ ᠠᠴᠠ ᠪᠣᠯᠣᠭᠰᠠᠨ ᠶᠣᠮ ᠭᠡᠵᠦ ᠬᠦᠮᠦᠰ ᠬᠡᠯᠡᠯᠴᠡᠳᠡᠭ ᠪᠣᠯᠵᠠᠢ᠃                 ︵︽ᠵᠢᠷᠢᠮ ᠤᠨ ᠤᠷᠠᠨ ᠵᠣᠬᠢᠶᠠᠨ︾ ᠰᠡᠳᠭᠦᠯ ᠠᠴᠠ ᠰᠢᠯᠵᠢᠭᠦᠯᠪᠡ
 
ᠢᠷᠡᠯᠲᠡ᠄ ᠵᠠᠷᠤᠳ ᠤᠨ ᠲᠤᠮᠤᠭ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号